| ᠪᠢᠳᠡ ᠡᠷᠡᠭᠦᠯ ᠤᠷᠴᠢᠨ ᠳᠤ ᠠᠮᠢᠳᠤᠷᠠᠬᠤ ᠶᠢᠨ ᠲᠤᠯᠠᠳᠠ ᠭᠡᠷ ᠢᠶᠠᠨ ᠦᠷᠭᠦᠯᠵᠢ ᠴᠡᠪᠡᠷᠯᠡᠳᠡᠭ᠃ ᠭᠡᠲᠡᠯ᠎ᠡ | ᠪᠢᠳᠡᠨ ᠢ ᠠᠮᠢᠳᠤ ᠪᠠᠶᠢᠯᠭᠠᠵᠤ ᠪᠠᠶᠢᠭ᠎ᠠ ᠪᠡᠶ᠎ᠡ ᠮᠠᠬᠠᠪᠤᠳ ᠲᠠᠭᠠᠨ ᠨᠠᠰᠤᠨ ᠲᠤᠷᠰᠢᠳᠠ ᠪᠠᠨ ᠭᠠᠭᠴᠠ ᠴᠤ ᠴᠡᠪᠡᠷᠯᠡᠭᠡ | ᠬᠢᠭᠦ ᠦᠭᠡᠢ ᠪᠠᠷ ᠨᠡᠮᠡᠵᠦ ᠪᠣᠬᠢᠷᠳᠠᠭᠤᠯᠤᠭᠰᠠᠭᠠᠷ ᠪᠠᠶᠢᠳᠠᠭ ᠨᠢ ᠬᠠᠷᠠᠮᠰᠠᠯᠲᠠᠢ᠃ ᠡᠯᠢᠭᠡ ᠨᠢ ᠪᠢᠳᠡᠨ ᠤ ᠢᠳᠡᠵᠦ | ᠤᠤᠭᠤᠵᠦ ᠪᠤᠢ ᠪᠦᠬᠦᠢ ᠵᠦᠢᠯᠡᠰ ᠠᠴᠠ ᠬᠤᠣᠷ ᠢ ᠥᠪᠡᠷ ᠲᠡᠭᠡᠨ ᠱᠦᠭᠦᠨ ᠠᠪᠴᠤ ᠪᠣᠬᠢᠷᠳᠠᠭᠰᠠᠭᠠᠷ ᠪᠠᠶᠢᠳᠠᠭ᠃ | ᠡᠨᠡ ᠪᠣᠬᠢᠷᠳᠠᠯ ᠨᠡᠮᠡᠭᠳᠡᠬᠦ ᠶᠢᠨ ᠬᠢᠷᠢ ᠪᠠᠷ ᠲᠠ ᠶᠠᠳᠠᠷᠠᠵᠦ ᠰᠤᠯᠢᠳᠠᠨ᠂ ᠪᠣᠳᠠᠰ ᠤᠨ ᠰᠣᠯᠢᠯᠴᠠᠭ᠎ᠠ ᠪᠠᠨ ᠬᠡᠪ ᠤᠨ | ᠶᠠᠪᠤᠭᠤᠯᠵᠤ ᠴᠢᠳᠠᠬᠤ ᠪᠠᠨ ᠪᠣᠯᠢᠨ᠎ᠠ᠃ ᠬᠠᠷᠢᠨ ᠳᠣᠣᠷᠠᠬᠢ ᠡᠷᠡᠭᠦᠯ ᠬᠤᠭᠤᠯᠠᠯᠠᠯᠲᠠ ᠶᠢᠨ ᠲᠤᠰᠠᠯᠠᠮᠵᠢ ᠲᠠᠢ 3 | ᠰᠠᠷ᠎ᠠ ᠶᠢᠨ ᠳᠣᠲᠣᠷ᠎ᠠ ᠡᠯᠢᠭᠡᠨ ᠳᠤ ᠪᠠᠨ ᠪᠦᠷᠢᠨ ᠴᠡᠪᠡᠷᠯᠡᠭᠡ ᠬᠢᠬᠦ ᠵᠣᠷ ᠢ ᠬᠦᠯᠢᠶᠡᠨ ᠠᠪᠤᠨ᠎ᠠ ᠤᠤ︕ | 1. ᠠᠮᠢᠳᠤᠷᠠᠯ ᠤᠨ ᠵᠥᠪ ᠬᠡᠪᠰᠢᠯ | ᠶᠠᠭᠤᠨ ᠲᠦᠷᠦᠭᠦᠨ ᠳᠤ ᠰᠤᠭᠳᠤᠭᠤᠷᠠᠭᠤᠯᠬᠤ ᠤᠮᠳᠠᠭ᠎ᠠ ᠪᠣᠯᠤᠨ ᠲᠠᠮᠠᠬᠢᠨ ᠠᠴᠠ ᠲᠠᠲᠠᠭᠠᠯᠵᠠᠬᠤ ᠬᠡᠷᠡᠭᠲᠡᠢ᠃ | ᠲᠠᠮᠠᠬᠢ ᠵᠥᠪᠬᠡᠨ ᠠᠭᠤᠰᠬᠢᠨ ᠳᠤ ᠪᠤᠰᠤ ᠴᠢᠰᠤ ᠪᠠᠷ ᠳᠠᠮᠵᠢᠨ ᠡᠯᠢᠭᠡᠨ ᠳᠤ ᠣᠴᠢᠵᠤ ᠬᠤᠣᠷ ᠨᠢ ᠱᠦᠭᠦᠭᠳᠡᠳᠡᠭ᠃ | ᠬᠠᠷᠢᠨ ᠥᠯᠥᠨ ᠡᠯᠢᠭᠡᠨ ᠳᠡᠭᠡᠷ᠎ᠡ ᠪᠠᠨ ᠲᠠᠮᠠᠬᠢ ᠲᠠᠲᠠᠬᠤ ᠨᠢ ᠰᠢᠭᠤᠳ ᠤᠳᠬ᠎ᠠ ᠪᠠᠷ ᠢᠶᠠᠨ ᠡᠯᠢᠭᠡ ᠶᠢ ᠵᠣᠳᠣᠵᠤ᠂ | ᠴᠣᠬᠢᠵᠤ ᠪᠠᠶᠢᠭ᠎ᠠ ᠮᠡᠲᠦ ᠭᠡᠮᠲᠦᠭᠡᠵᠦ᠂ ᠬᠤᠣᠷᠳᠠᠭᠤᠯᠳᠠᠭ ᠪᠠᠶᠢᠨ᠎ᠠ᠃ | ᠪᠢᠳᠡᠨ ᠤ ᠡᠳᠦᠷ ᠲᠤᠲᠤᠮ ᠤᠨ ᠢᠳᠡᠳᠡᠭ ᠸᠢᠲ᠋ᠠᠮᠢᠨ ᠢᠶᠠᠷ ᠪᠠᠶᠠᠯᠢᠭ ᠬᠦᠨᠡᠰᠦᠨ ᠤ ᠨᠣᠭᠤᠭ᠎ᠠ᠂ ᠵᠢᠮᠢᠰ᠂ ᠮᠢᠬ᠎ᠠ᠂ | ᠰᠦ ᠵᠡᠷᠭᠡ ᠨᠢ ᠡᠯᠢᠭᠡᠨ ᠳᠤ ᠲᠡᠵᠢᠭᠡᠯ ᠪᠣᠯᠵᠤ ᠢᠳᠡᠪᠬᠢ ᠲᠠᠢ ᠠᠵᠢᠯᠯᠠᠬᠤ ᠳᠤᠨᠢ ᠲᠤᠰᠠᠯᠠᠳᠠᠭ᠃ ᠡᠳᠡᠭᠡᠷ ᠠᠴᠠ | ᠯᠤᠤᠪᠠᠩ᠂ ᠬᠦᠷᠡᠩ ᠮᠠᠨᠵᠢᠨ᠂ ᠵᠦᠷᠵᠢ ᠶᠢᠨ ᠲᠥᠷᠥᠯ ᠤᠨ ᠵᠢᠮᠢᠰ ᠤᠳ᠂ ᠴᠠᠭᠠᠨ ᠢᠳᠡᠭᠡ᠂ ᠸᠢᠲ᠋ᠠᠮᠢᠨ B12 ᠪᠠᠷ | ᠪᠠᠶᠠᠯᠢᠭ ᠬᠦᠨᠡᠰᠦᠨ ᠨᠦᠭᠦᠳ ᠡᠯᠢᠭᠡ ᠶᠢ ᠬᠠᠮᠤᠭ ᠤᠨ ᠶᠡᠭᠡ ᠪᠠᠷ ᠳᠡᠮᠵᠢᠳᠡᠭ᠃ | 2. ᠡᠯᠢᠭᠡ ᠪᠠᠨ ᠴᠡᠪᠡᠷᠯᠡᠬᠦ ᠦᠶ᠎ᠡ ᠳᠡᠭᠡᠨ ᠬᠡᠷᠡᠭᠯᠡᠵᠦ ᠪᠣᠯᠬᠤ ᠦᠭᠡᠢ ᠬᠦᠨᠡᠰᠦ | ᠥᠷᠯᠥᠭᠡᠨ ᠤ ᠴᠠᠢ ᠳᠠᠭᠠᠨ ᠬᠤᠰᠢᠭᠤ ᠪᠤᠳᠠᠭ᠎ᠠ ᠪᠣᠯᠤᠨ ᠴᠠᠰᠤᠨ ᠰᠢᠬᠢᠷ ᠤᠨ ᠠᠭᠤᠯᠤᠮᠵᠢ ᠥᠨᠳᠥᠷ ᠬᠤᠭᠤᠯᠠ | ᠢᠳᠡᠭᠦ ᠨᠢ ᠴᠢᠰᠤᠨ ᠳᠠᠬᠢ ᠰᠢᠬᠢᠷ ᠢ ᠨᠡᠮᠡᠭᠳᠡᠭᠦᠯᠵᠦ᠂ ᠡᠯᠢᠭᠡᠨ ᠤ ᠬᠡᠪ ᠤᠨ ᠦᠢᠯᠡ ᠠᠵᠢᠯᠯᠠᠭ᠎ᠠ ᠶᠢ | ᠠᠯᠳᠠᠭᠳᠠᠭᠤᠯᠳᠠᠭ᠃ ᠡᠭᠦᠨ ᠳᠤ ᠴᠠᠭᠠᠨ ᠭᠤᠯᠢᠷ ᠢᠶᠠᠷ ᠬᠢᠭᠰᠡᠨ ᠪᠦᠲᠦᠭᠡᠭᠳᠡᠬᠦᠨ ᠨᠦᠭᠦᠳ︔ ᠪᠡᠯᠡᠨ ᠪᠣᠯᠤᠨ ᠬᠠᠭᠠᠰ | ᠪᠣᠯᠪᠠᠰᠤᠷᠠᠭᠤᠯᠤᠭᠰᠠᠨ ᠪᠦᠲᠦᠭᠡᠭᠳᠡᠬᠦᠨ ᠨᠦᠭᠦᠳ︔ ᠬᠠᠳᠠᠭᠠᠯᠠᠯᠲᠠ ᠶᠢᠨ ᠬᠤᠭᠤᠴᠠᠭ᠎ᠠ ᠶᠢ ᠨᠡᠮᠡᠭᠳᠡᠭᠦᠯᠦᠭᠴᠢ᠂ | ᠪᠠᠬᠢᠵᠢᠭᠦᠯᠦᠭᠴᠢ᠂ ᠬᠦᠨᠡᠰᠦᠨ ᠤ ᠪᠤᠳᠤᠭ᠂ ᠬᠠᠨᠤᠭ᠎ᠠ ᠦᠭᠡᠢ ᠥᠭᠡᠬᠦ ᠲᠤᠰᠤ ᠠᠭᠤᠯᠤᠭᠰᠠᠨ | ᠪᠦᠲᠦᠭᠡᠭᠳᠡᠬᠦᠨ ᠨᠦᠭᠦᠳ︔ ᠮᠥᠩᠭᠦᠨ ᠤᠰᠤ ᠠᠭᠤᠯᠤᠭᠰᠠᠨ ᠵᠢᠭᠠᠰᠤᠨ ᠤ ᠮᠢᠬ᠎ᠠ ᠶᠢ ᠬᠡᠷᠡᠭᠯᠡᠬᠦ ᠦᠭᠡᠢ︔ ᠪᠡᠯᠡᠨ | ᠮᠢᠬᠠᠨ ᠪᠦᠲᠦᠭᠡᠭᠳᠡᠬᠦᠨ ᠨᠦᠭᠦᠳ᠄ ᠬᠢᠮ᠎ᠠ᠂ ᠵᠠᠶᠢᠳᠠᠰᠤ᠂ ᠰᠠᠪᠠᠯᠠᠭᠰᠠᠨ᠂ ᠪᠤᠭᠤᠳᠠᠯᠯᠠᠭᠰᠠᠨ ᠲᠥᠷᠥᠯ ᠪᠦᠷᠢ ᠶᠢᠨ | ᠮᠢᠬ᠎ᠠ ᠭᠡᠬᠦ ᠮᠡᠲᠦ︔ ᠥᠭᠡᠬᠦ ᠲᠤᠰᠤ︔ ᠰᠢᠬᠢᠷ︔ ᠰᠢᠷᠠᠭᠰᠠᠨ ᠬᠤᠭᠤᠯᠠ ᠬᠦᠨᠡᠰᠦ︔ ᠤᠳᠤᠭᠰᠠᠨ | ᠪᠦᠲᠦᠭᠡᠭᠳᠡᠬᠦᠨ ᠨᠦᠭᠦᠳ︔ ᠭᠠᠭ᠋ᠠᠢ ᠶᠢᠨ ᠥᠭᠡᠬᠦ︔ ᠬᠠᠯᠠᠭᠤᠨ ᠨᠣᠭᠤᠭ᠎ᠠ ᠲᠠᠢ ᠬᠤᠭᠤᠯᠠ ᠠᠮᠲᠠᠯᠠᠭᠴᠢ︔ ᠬᠡᠲᠦ | ᠶᠡᠭᠡ ᠠᠮᠲᠠᠯᠠᠭᠴᠢ ᠲᠠᠢ ᠬᠤᠭᠤᠯᠠ︔ ᠱᠣᠷᠪᠣᠭ ᠳᠠᠪᠤᠰᠤ ᠶᠡᠭᠡ ᠲᠠᠢ ᠬᠤᠭᠤᠯᠠ︔ ᠯᠠᠵᠠᠯᠠᠭᠰᠠᠨ | ᠪᠦᠲᠦᠭᠡᠭᠳᠡᠬᠦᠨ ᠨᠦᠭᠦᠳ︔ ᠠᠮᠲᠠᠯᠠᠭᠴᠢ ︵ᠲᠦᠪᠡᠳ ᠬᠠᠰᠢ ᠶᠢᠨ ᠨᠤᠬᠤᠰᠢ᠂ ᠼᠤ᠋ ᠭᠡᠬᠦ ᠮᠡᠲᠦ︶︔ ᠵᠠᠶᠢᠷᠮᠠᠭ︔ | ᠺᠣᠹᠧ᠂ ᠬᠡᠶᠢᠵᠢᠭᠦᠯᠦᠭᠰᠡᠨ ᠤᠮᠳᠠᠭ᠎ᠠ︔ ᠪᠦᠬᠦ ᠲᠥᠷᠥᠯ ᠤᠨ ᠨᠢᠶᠠᠨ ᠢ ᠳᠠᠷᠤᠭᠴᠢ ᠪᠣᠯᠤᠨ ᠡᠪᠡᠳᠴᠢᠨ ᠨᠠᠮᠳᠠᠭᠠᠭᠴᠢ | ᠡᠮ ᠨᠦᠭᠦᠳ ᠢ ᠪᠠᠭᠳᠠᠭᠠᠳᠠᠭ | 3. ᠢᠳᠡᠵᠦ ᠪᠣᠯᠬᠤ ᠬᠤᠭᠤᠯᠠ ᠬᠦᠨᠡᠰᠦ | ᠡᠭᠦᠨ ᠳᠤ ᠵᠢᠮᠢᠰ ︵ᠬᠦᠨᠡᠰᠦᠨ ᠤ ᠨᠣᠭᠤᠭᠠᠨ ᠳᠠᠬᠢ ᠰᠢᠷᠬᠡᠭᠯᠢᠭ ᠡᠳ᠋ ᠨᠢ ᠡᠯᠢᠭᠡᠨ ᠤ ᠴᠡᠪᠡᠷᠯᠡᠭᠴᠢ ᠶᠤᠮ︶︔ | ᠬᠦᠨᠡᠰᠦᠨ ᠤ ᠨᠣᠭᠤᠭ᠎ᠠ︔ ᠪᠦᠬᠦᠯᠢ ᠦᠷ᠎ᠡ ᠶᠢᠨ ᠪᠦᠲᠦᠭᠡᠭᠳᠡᠬᠦᠨ ᠨᠦᠭᠦᠳ︔ ᠪᠦᠬᠦ ᠲᠥᠷᠥᠯ ᠤᠨ ᠰᠠᠮᠤᠷ︔ | ᠱᠣᠰᠢ᠂ ᠸᠠᠨᠳ᠋ᠸᠦ︔ ᠮᠥᠩᠭᠦᠨ ᠤᠰᠤᠨ ᠤ ᠠᠭᠤᠯᠤᠮᠵᠢ ᠪᠠᠭ᠎ᠠ ᠲᠠᠢ ᠵᠢᠭᠠᠰᠤᠨ ᠤ ᠮᠢᠬ᠎ᠠ︔ ᠵᠢᠭᠦᠷᠲᠡᠨ ᠤ ᠮᠢᠬ᠎ᠠ︔ | ᠲᠠᠪᠤᠨ ᠬᠤᠰᠢᠭᠤ ᠮᠠᠯ ᠤᠨ ᠮᠢᠬ᠎ᠠ ᠵᠡᠷᠭᠡ ᠶᠢ ᠪᠠᠭᠳᠠᠭᠠᠨ᠎ᠠ᠃ | 4. ᠤᠤᠭᠤᠵᠦ ᠪᠤᠯᠬᠤ ᠵᠦᠢᠯᠡᠰ | ᠵᠥᠪᠬᠡᠨ ᠢᠳᠡᠵᠦ ᠪᠣᠯᠬᠤ ᠪᠠ ᠪᠣᠯᠬᠤ ᠦᠭᠡᠢ ᠵᠦᠢᠯᠡᠰ ᠠᠴᠠ ᠭᠠᠳᠠᠨ᠎ᠠ ᠤᠤᠭᠤᠵᠤ ᠪᠣᠯᠬᠤ ᠪᠠ ᠪᠣᠯᠬᠤ | ᠦᠭᠡᠢ ᠵᠦᠢᠯᠡᠰ ᠪᠠᠰᠠ ᠪᠤᠢ᠃ ᠤᠤᠭᠤᠵᠤ ᠪᠣᠯᠬᠤ ᠵᠦᠢᠯᠡᠰ ᠲᠤ ᠴᠡᠪᠡᠷ ᠤᠰᠤ︔ ᠨᠣᠭᠤᠭᠠᠨ ᠴᠠᠢ ︵ᠡᠳᠦᠷ ᠲᠤ | ᠬᠠᠮᠤᠭ ᠤᠨ ᠪᠠᠭ᠎ᠠ ᠳᠠᠭᠠᠨ 5 ᠠᠶᠠᠭ᠎ᠠ︶︔ ᠭᠡᠷ ᠤᠨ ᠠᠷᠭ᠎ᠠ ᠪᠠᠷ ᠬᠢᠭᠰᠡᠨ ᠡᠷᠡᠭᠦᠯ ᠮᠡᠨᠳᠦ ᠶᠢᠨ ᠬᠤᠯᠢᠮᠠᠭ ᠠᠷᠢᠬᠢ | ᠶᠢ ᠪᠠᠭᠳᠠᠭᠠᠨ᠎ᠠ᠃ | ᠣᠷᠣᠴᠠ᠄ 1 ᠰᠢᠷᠬᠡᠭ ᠬᠦᠷᠢᠨ ᠮᠠᠨᠵᠢᠨ᠂ 1 ᠰᠢᠷᠬᠡᠭ ᠬᠠᠯᠢᠰᠤᠯᠠᠭᠰᠠᠨ ᠥᠷᠭᠡᠰᠦᠲᠦ ᠬᠡᠮᠬᠡ᠂ 1 ᠨᠢᠮᠪᠡᠭᠡ᠂ | 1 ᠠᠯᠢᠮ᠎ᠠ᠂ 2 ᠴᠠᠢ ᠶᠢᠨ ᠬᠠᠯᠪᠠᠭ᠎ᠠ ᠠᠷᠤᠷ᠎ᠠ ᠤᠨ ᠲᠤᠰᠤ | ᠬᠢᠬᠦ ᠠᠷᠭ᠎ᠠ᠄ ᠪᠦᠬᠦ ᠨᠣᠭᠤᠭ᠎ᠠ ᠪᠣᠯᠤᠨ ᠵᠢᠮᠢᠰ ᠢᠶᠠᠨ ᠬᠤᠯᠢᠭᠰᠠᠨ ᠤ ᠳᠠᠷᠠᠭ᠎ᠠ ᠠᠷᠤᠷ᠎ᠠ ᠶᠢᠨ ᠲᠣᠰᠣ ᠪᠠᠨ | ᠳᠡᠭᠡᠷ᠎ᠡ ᠠᠴᠠ ᠨᠢ ᠬᠢᠵᠦ ᠬᠤᠳᠬᠤᠨ᠂ ᠡᠳᠦᠷ ᠲᠤ 1 ᠤᠳᠠᠭ᠎ᠠ ᠤᠤᠭᠤᠨ᠎ᠠ᠃ ᠡᠶᠢᠮᠦ ᠰᠢᠭᠦᠰᠦ ᠨᠢ ᠡᠯᠢᠭᠡᠨ ᠤ | ᠬᠤᠣᠷ᠎ᠠ ᠶᠢ ᠭᠠᠳᠠᠭᠰᠢᠯᠠᠭᠤᠯᠵᠤ ᠦᠰᠦ ᠪᠣᠯᠤᠨ ᠠᠷᠠᠰᠤᠨ ᠤ ᠡᠷᠡᠭᠦᠯ ᠪᠠᠶᠢᠳᠠᠯ ᠢ ᠰᠡᠷᠭᠦᠭᠡᠳᠡᠭ ᠳᠠᠪᠠᠭᠤ ᠲᠠᠯ᠎ᠠ ᠲᠠᠢ᠃ | | ᠤᠤᠭᠤᠵᠤ ᠪᠣᠯᠬᠤ ᠦᠭᠡᠢ ᠵᠦᠢᠯᠡᠰ᠄ ᠬᠡᠶᠢᠵᠢᠭᠦᠯᠦᠭᠰᠡᠨ ᠤᠤᠭᠤᠬᠤ ᠵᠦᠢᠯᠡᠰ︔ ᠪᠦᠬᠦ ᠲᠥᠷᠥᠯ ᠤᠨ ᠠᠯᠺᠤᠤᠯ | ᠠᠭᠤᠯᠤᠭᠰᠠᠨ ᠵᠦᠢᠯᠡᠰ︔ ᠰᠢᠬᠢᠷ ᠶᠡᠭᠡ ᠲᠠᠢ ᠦᠢᠯᠡᠳᠪᠦᠷᠢ ᠶᠢᠨ ᠤᠮᠳᠠᠭ᠎ᠠ᠂ ᠵᠢᠮᠢᠰ ᠤᠨ ᠰᠢᠭᠦᠰᠦ︔ ᠳᠠᠪᠤᠰᠤ | ᠶᠡᠭᠡ ᠲᠠᠢ ᠴᠠᠢ᠃ | 5. ᠡᠯᠢᠭᠡ ᠪᠠᠨ ᠴᠡᠪᠡᠷᠯᠡᠵᠦ ᠪᠠᠶᠢᠬᠤ ᠦᠶ᠎ᠡ ᠳᠡᠭᠡᠨ ᠮᠥᠷᠳᠡᠬᠦ ᠴᠢᠬᠤᠯᠠ ᠳᠦᠷᠢᠮ ᠤᠳ | ᠣᠶᠢᠷ᠎ᠠ ᠣᠶᠢᠷᠠᠬᠠᠨ ᠪᠠᠭ᠎ᠠ ᠪᠠᠭ᠎ᠠ ᠪᠠᠷ ᠬᠤᠭᠤᠯᠠᠯᠠᠬᠤ︔ ᠨᠢᠭᠡ ᠤᠳᠠᠭ᠎ᠠ ᠶᠢᠨ ᠬᠤᠭᠤᠯᠠᠯᠠᠯᠲᠠ ᠪᠠᠷ 200 | ᠭᠷᠠᠮ ᠠᠴᠠ ᠶᠡᠭᠡ ᠢᠳᠡᠬᠦ ᠦᠭᠡᠢ ᠪᠠᠶᠢᠬᠤ︔ ᠡᠳᠦᠷ ᠪᠦᠷᠢ ᠬᠤᠭᠤᠯᠠᠨ ᠳᠠᠭᠠᠨ ᠤᠭᠤᠷᠠᠭ ᠢᠶᠠᠷ ᠪᠠᠶᠠᠯᠢᠭ ᠮᠠᠯ ᠤᠨ | ᠪᠣᠯᠤᠨ ᠵᠢᠭᠠᠰᠤᠨ ᠤ ᠮᠢᠬ᠎ᠠ᠂ ᠴᠠᠭᠠᠨ ᠢᠳᠡᠭᠡ ᠬᠡᠷᠡᠭᠯᠡᠬᠦ︔ ᠮᠠᠯ ᠤᠨ ᠭᠠᠷᠤᠯᠲᠠᠢ ᠬᠠᠨᠤᠭ᠎ᠠ ᠦᠭᠡᠢ ᠥᠭᠡᠬᠦ ᠲᠣᠰᠣ | ᠪᠠᠭ᠎ᠠ ᠬᠡᠷᠡᠭᠯᠡᠬᠦ᠂ ᠤᠴᠢᠷ ᠨᠢ ᠡᠨᠡ ᠲᠤᠰᠤ ᠴᠢᠰᠤᠨ ᠳᠤ ᠣᠷᠣᠵᠤ ᠰᠤᠳᠠᠰᠤᠨ ᠤ ᠬᠠᠨ᠎ᠠ ᠶᠢ ᠪᠦᠳᠦᠭᠦᠷᠡᠭᠦᠯᠬᠦ | ᠪᠣᠯᠤᠨ ᠡᠯᠢᠭᠡ ᠶᠢ ᠭᠡᠮᠲᠦᠭᠡᠬᠦ ᠠᠶᠤᠯᠲᠠᠢ︔ ᠡᠳᠡᠭᠡᠷ ᠬᠤᠭᠤᠯᠠ ᠪᠠᠨ ᠪᠡᠯᠡᠳᠬᠡᠬᠦ ᠳᠤ ᠪᠠᠨ ᠶᠡᠬᠡᠪᠴᠢᠯᠡᠨ ᠵᠤᠲᠠᠩ | ᠮᠠᠶ᠋ᠢᠭᠲᠠᠢ ᠴᠢᠨᠠᠵᠤ᠂ ᠡᠰᠡᠪᠡᠯ ᠵᠢᠩᠨᠡᠵᠦ ᠢᠳᠡᠭᠡᠷᠡᠢ᠃ | 6. ᠡᠯᠢᠭᠡ ᠬᠠᠮᠤᠭ ᠤᠨ ᠦᠷ᠎ᠡ ᠳ᠋ᠥᠩ ᠲᠠᠢ ᠴᠡᠪᠡᠷᠯᠡᠳᠡᠭ ᠪᠦᠲᠦᠭᠡᠭᠳᠡᠬᠦᠨ ᠨᠦᠭᠦᠳ | ᠡᠳᠡᠭᠡᠷ ᠢ ᠡᠳᠦᠷ ᠲᠤᠲᠤᠮ ᠤᠨ ᠠᠮᠢᠳᠤᠷᠠᠯ ᠳᠠᠭᠠᠨ ᠬᠡᠷᠡᠭᠯᠡᠪᠡᠯ᠂ ᠡᠯᠢᠭᠡᠨ ᠤ ᠦᠢᠯᠡ ᠠᠵᠢᠯᠯᠠᠭ᠎ᠠ ᠶᠢ | ᠳᠡᠮᠵᠢᠬᠦ ᠳᠤ ᠲᠤᠰᠠᠲᠠᠢ᠃ | ᠰᠠᠷᠢᠮᠰᠠᠭ᠄ ᠡᠳᠦᠷ ᠲᠤ 3—4 ᠬᠢᠮᠤᠰᠤ ᠰᠠᠷᠢᠮᠰᠠᠭ ᠢᠳᠡᠪᠡᠯ ᠡᠯᠢᠭᠡᠨ ᠠᠴᠠ ᠬᠤᠣᠷ ᠢ ᠱᠦᠭᠦᠵᠦ᠂ | ᠴᠡᠪᠡᠷᠰᠢᠭᠦᠯᠬᠦ ᠳᠤ ᠲᠤᠰᠠᠯᠠᠳᠠᠭ᠃ | ᠦᠵᠦᠮ ᠵᠦᠷᠵᠢᠯᠢᠭ᠄ ᠸᠢᠲ᠋ᠠᠮᠢᠨ C ᠢᠶᠠᠷ ᠮᠠᠰᠢ ᠪᠠᠶᠠᠯᠢᠭ ᠠᠴᠠ ᠭᠠᠳᠠᠨ᠎ᠠ᠂ ᠡᠯᠢᠭᠡ ᠴᠡᠪᠡᠷᠯᠡᠬᠦ ᠳᠤ ᠲᠤᠰᠠᠲᠠᠢ | ᠢᠰᠦᠯᠳᠦᠭᠦ ᠶᠢ ᠳᠠᠭᠠᠭᠠᠬᠤ ᠡᠳ᠋ ᠤᠳ ᠢ ᠠᠭᠤᠯᠳᠠᠭ᠃ ᠡᠳᠦᠷ ᠲᠤ 1 ᠰᠢᠷᠬᠡᠭ ᠦᠵᠦᠮ ᠵᠦᠷᠵᠢᠯᠢᠭ ᠤᠨ | ᠰᠢᠭᠦᠰᠦ ᠶᠢ ᠰᠢᠬᠠᠵᠤ ᠤᠤᠭᠤᠪᠠᠯ᠂ ᠬᠦᠮᠦᠨ ᠤ ᠪᠡᠶ᠎ᠡ ᠶᠢᠨ ᠸᠢᠲ᠋ᠠᠮᠢᠨ ᠤ ᠬᠡᠷᠡᠭᠴᠡᠭᠡ ᠬᠠᠩᠭᠠᠭᠳᠠᠵᠤ᠂ ᠡᠯᠢᠭᠡᠨ ᠤ | ᠡᠰ ᠢ ᠰᠡᠷᠭᠦᠭᠡᠳᠡᠭ᠃ | ᠬᠦᠷᠢᠨ ᠮᠠᠨᠵᠢᠨ ᠪᠣᠯᠤᠨ ᠤᠯᠠᠭᠠᠨ ᠯᠤᠤᠪᠠᠩ᠄ ᠬᠦᠷᠡᠩ ᠮᠠᠨᠵᠢᠨ ᠨᠢ ᠴᠢᠰᠤ ᠴᠡᠪᠡᠷᠰᠢᠭᠦᠯᠵᠦ᠂ ᠬᠦᠨᠳᠦ | ᠮᠧᠲ᠋ᠠᠯ ᠢ ᠬᠥᠭᠡᠭᠡᠨ ᠭᠠᠷᠭᠠᠬᠤ ᠠᠴᠢ ᠬᠤᠯᠪᠣᠭᠳᠠᠯ ᠲᠠᠢ᠃ ᠡᠶᠢᠨᠬᠦ ᠡᠯᠢᠭᠡᠨ ᠤ ᠦᠢᠯᠡ ᠠᠵᠢᠯᠯᠠᠭᠠᠨ ᠳᠤ ᠰᠠᠶᠢᠨ ᠢᠶᠠᠷ | ᠨᠥᠯᠦᠭᠡᠯᠡᠳᠡᠭ᠃ | ᠨᠣᠭᠤᠭᠠᠨ ᠴᠠᠢ᠄ ᠪᠠᠶᠢᠭᠠᠯᠢ ᠶᠢᠨ ᠭᠠᠷᠤᠯ ᠲᠠᠢ ︽ᠳᠠᠮᠵᠢᠭᠤᠯᠬᠤ ᠬᠤᠭᠤᠯᠠᠢ︾ ᠬᠡᠮᠡᠬᠦ ᠢᠰᠦᠯᠳᠦᠭᠦ ᠶᠢ | ᠳᠠᠭᠠᠭᠠᠬᠤ ᠡᠳ᠋ ᠶᠡᠭᠡ ᠪᠠᠷ ᠠᠭᠤᠯᠳᠠᠭ ᠲᠤᠯᠠ ᠡᠯᠢᠭᠡᠨ ᠤ ᠦᠢᠯᠡ ᠠᠵᠢᠯᠯᠠᠭ᠎ᠠ ᠶᠢ ᠪᠦᠬᠦᠯᠢ ᠳᠤᠨᠢ ᠳᠡᠮᠵᠢᠳᠡᠭ᠃ | ᠠᠯᠢᠮ᠎ᠠ᠄ ᠠᠯᠢᠮ᠎ᠠ ᠨᠢ ᠪᠦᠳᠦᠭᠦᠨ ᠭᠡᠳᠡᠰᠦ ᠶᠢ ᠴᠡᠪᠡᠷᠯᠡᠵᠦ᠂ ᠪᠡᠶ᠎ᠡ ᠠᠴᠠ ᠬᠦᠨᠳᠦ ᠮᠧᠲ᠋ᠠᠯ ᠢ | ᠭᠠᠳᠠᠭᠰᠢᠯᠠᠭᠤᠯᠳᠠᠭ᠃ | ᠠᠷᠤᠷ᠎ᠠ ᠶᠢᠨ ᠲᠤᠰᠤ᠄ ᠪᠡᠶ᠎ᠡ ᠮᠠᠬᠠᠪᠣᠳ ᠤᠨ ᠶᠡᠷᠦᠩᠬᠡᠢ ᠣᠷᠴᠢᠨ ᠢ ᠰᠠᠶᠢᠵᠢᠷᠠᠭᠤᠯᠳᠠᠭ᠃ ᠢᠩᠭᠢᠭᠰᠡᠨ ᠢᠶᠠᠷ | ᠡᠯᠢᠭᠡᠨ ᠤ ᠠᠴᠢᠶᠠᠯᠠᠯ ᠢ ᠬᠥᠩᠭᠡᠯᠡᠵᠦ ᠡᠷᠡᠭᠦᠯ ᠮᠡᠨᠳᠦ ᠶᠢ ᠨᠢ ᠳᠡᠮᠵᠢᠨ᠎ᠡ ᠭᠡᠰᠡᠨ ᠦᠭᠡ ᠶᠤᠮ᠃ | ᠪᠦᠬᠦᠯᠢ ᠦᠷ᠎ᠡ ᠶᠢᠨ ᠭᠤᠯᠢᠷ ᠪᠤᠳᠠᠭ᠎ᠠ᠄ ᠪᠣᠷᠣ ᠪᠤᠳᠠᠭ᠎ᠠ᠂ ᠭᠤᠷᠪᠠᠯᠵᠢᠨ ᠪᠤᠳᠠᠭ᠎ᠠ᠂ ᠬᠥᠴᠡ ᠪᠤᠳᠠᠭ᠎ᠠ᠂ | ᠪᠦᠬᠦᠯᠢ ᠦᠷ᠎ᠡ ᠶᠢᠨ ᠭᠤᠯᠢᠷ᠂ ᠬᠡᠪᠡᠭ᠂ ᠠᠷᠪᠠᠢ ᠶᠢᠨ ᠭᠤᠯᠢᠷ᠂ ᠠᠷᠤᠷ᠎ᠠ ᠵᠡᠷᠭᠡ ᠨᠢ B ᠤᠨ ᠲᠥᠷᠥᠯ ᠤᠨ | ᠸᠢᠲ᠋ᠠᠮᠢᠨ ᠢᠶᠠᠷ ᠪᠠᠶᠠᠯᠢᠭ ᠪᠠᠶᠢᠳᠠᠭ᠃ | ᠬᠤᠰᠢᠭ᠎ᠠ᠄ ᠬᠤᠰᠢᠭᠠᠨ ᠤ ᠢᠳᠡᠭᠡᠨ ᠳᠤ ᠣᠮᠤᠭᠠ 3 ᠪᠣᠯᠤᠨ ᠪᠤᠰᠤᠳ ᠲᠥᠷᠥᠯ ᠤᠨ ᠠᠰᠢᠭ ᠲᠠᠢ ᠪᠣᠳᠠᠰ | ᠶᠡᠭᠡ ᠪᠠᠷ ᠠᠭᠤᠯᠳᠠᠭ ᠲᠤᠯᠠ ᠡᠯᠢᠭᠡᠨ ᠤ ᠦᠢᠯᠡ ᠠᠵᠢᠯᠯᠠᠭᠠᠨ ᠳᠤ ᠨᠡᠩ ᠲᠤᠰᠠᠲᠠᠢ᠃ ᠬᠤᠰᠢᠭ᠎ᠠ ᠢᠳᠡᠬᠦ ᠳᠡᠭᠡᠨ | ᠰᠠᠶᠢᠲᠤᠷ ᠵᠠᠵᠢᠯᠵᠤ᠂ ᠰᠢᠩᠭᠡᠨ ᠪᠣᠯᠤᠭᠰᠠᠨ ᠤ ᠳᠠᠷᠠᠭ᠎ᠠ ᠵᠠᠯᠭᠢᠬᠤ ᠬᠡᠷᠡᠭᠲᠡᠢ᠃ ᠢᠩᠭᠢᠪᠡᠯ ᠪᠡᠶ᠎ᠡ ᠳᠤ ᠣᠷᠣᠭᠠᠳ | ᠵᠠᠳᠠᠷᠠᠬᠤ ᠳᠠᠭᠠᠨ ᠬᠤᠷᠳᠤᠨ ᠪᠠᠶᠢᠳᠠᠭ᠃ | ᠠᠯᠢᠮᠠᠯᠢᠭ ᠵᠢᠮᠢᠰ᠄ ᠡᠨᠡ ᠨᠢ ᠡᠯᠢᠭᠡᠨ ᠤ ᠬᠤᠣᠷ ᠲᠠᠢ ᠪᠣᠳᠠᠰ ᠤᠳ ᠢ ᠬᠤᠤᠷ ᠦᠭᠡᠶᠢᠳᠡᠭᠦᠯᠭᠦ ᠳᠤ ᠵᠠᠶᠢᠯᠠᠰᠢ | ᠦᠭᠡᠢ ᠱᠠᠭᠠᠷᠳᠠᠯᠭ᠎ᠠ ᠲᠠᠢ ᠭᠯᠦᠲ᠋ᠠᠲ᠋ᠢᠨ ᠬᠡᠮᠡᠬᠦ ᠪᠣᠳᠠᠰ ᠤᠨ ᠡᠭᠦᠰᠦᠯᠳ᠋ᠨ ᠳᠤ ᠴᠢᠬᠤᠯᠠ ᠨᠥᠯᠥᠭᠡ ᠲᠠᠢ᠃ | ᠴᠡᠴᠡᠭᠲᠦ ᠨᠤᠭᠤᠭ᠎ᠠ᠄ ᠨᠤᠭᠤᠭᠠᠨ ᠴᠡᠴᠡᠭᠳᠦ ᠨᠤᠭᠤᠭ᠎ᠠ᠂ ᠪᠥᠭᠡᠷᠡᠩᠬᠡᠢ ᠴᠠᠭᠠᠨ ᠨᠤᠭᠤᠭ᠎ᠠ᠂ ᠬᠦᠷᠡᠩ | ᠪᠦᠭᠡᠷᠡᠩᠭᠡᠢ ᠴᠠᠭᠠᠨ ᠨᠤᠭᠤᠭ᠎ᠠ ᠭᠡᠬᠦ ᠮᠡᠲᠦ ᠨᠣᠭᠤᠭ᠎ᠠ ᠨᠢ ᠦᠵᠦᠮ ᠤᠨ ᠰᠢᠬᠢᠷ ᠢᠶᠠᠷ ᠪᠠᠶᠠᠯᠢᠭ᠃ ᠡᠨᠡᠬᠦ ᠪᠣᠳᠠᠰ ᠨᠢ | ᠪᠡᠶ᠎ᠡ ᠮᠠᠬᠠᠪᠣᠳ ᠠᠴᠠ ᠬᠠᠪᠤᠳᠠᠷ ᠡᠭᠦᠰᠬᠡᠭᠴᠢ ᠰᠢᠨᠵᠢ ᠴᠢᠨᠠᠷ ᠲᠠᠢ ᠬᠤᠣᠷᠲᠤ ᠪᠣᠳᠠᠰ ᠤᠳ ᠢ ᠵᠠᠶᠢᠯᠠᠭᠤᠯᠤᠭᠰᠠᠨ ᠢᠶᠠᠷ | ᠬᠠᠪᠤᠳᠠᠷ ᠤᠨ ᠡᠷᠦᠰᠳᠡᠯ ᠢ ᠪᠠᠭᠤᠷᠠᠭᠤᠯᠳᠠᠭ᠃ | ᠴᠠᠭᠠᠨ ᠨᠤᠭᠤᠭ᠎ᠠ᠄ ᠶᠠᠨᠰᠦ᠋ᠢᠢ ᠨᠢ ᠬᠦᠨᠳᠦ ᠮᠧᠲ᠋ᠠᠯ᠂ ᠬᠢᠮᠢ ᠶᠢᠨ ᠪᠣᠳᠠᠰ ᠪᠣᠯᠤᠨ ᠬᠢᠮᠢ ᠶᠢᠨ ᠪᠤᠷᠳᠤᠭᠤᠷ ᠤᠨ | ᠦᠢᠯᠡᠴᠢᠯᠡᠭᠡ ᠶᠢ ᠰᠠᠭᠠᠷᠮᠠᠭᠵᠢᠭᠤᠯᠵᠤ ᠪᠠᠶᠢᠳᠠᠭ᠃ | |