ᠮᠣᠩᠭᠤᠯ ᠦᠨᠳᠦᠰᠦᠲᠡᠨ ᠤ ᠠᠯᠳᠠᠷᠲᠤ ᠳᠠᠭᠤᠴᠢᠨ ᠦᠷᠴᠠᠶᠢᠬᠤ ᠶᠢᠨ  ︽ᠬᠥᠬᠡ ᠲᠡᠭᠷᠢ︾ ᠭᠡᠬᠦ ᠰᠢᠨ᠎ᠡ ᠲᠠᠭᠤᠤ ᠶᠢᠨ ᠴᠣᠮᠤᠭ ᠨᠡᠶᠢᠲᠡᠯᠡᠭᠳᠡᠯ᠎ᠡ
ᠨᠡᠶᠢᠲᠡᠯᠡᠭᠰᠡᠨ ᠴᠠᠭ᠄
2021/6/17
          ᠠᠷᠠᠳ ᠤᠨ ᠰᠦᠯᠵᠢᠶ᠎ᠡ ᠶᠢᠨ ᠪᠡᠭᠡᠵᠢᠩ ᠤᠨ 11 ᠰᠠᠷ᠎ᠠ ᠶᠢᠨ 28 ᠤ ᠡᠳᠦᠷ ᠤᠨ  ᠮᠡᠳᠡᠭᠡ  ︵ᠳᠣᠷᠣᠨ᠎ᠠ︶  28 ᠤ ᠡᠳᠦᠷ᠂ ᠮᠣᠩᠭᠤᠯ ᠦᠨᠳᠦᠰᠦᠲᠡᠨ ᠤ ᠳᠠᠭᠤᠴᠢᠨ  ᠦᠷᠴᠠᠶᠢᠬᠤ  ︵ᠲᠢᠶᠠᠨ  ᠯᠢᠶᠠᠩ︶  ᠠᠪᠠᠭ᠋ᠠᠶ  ᠰᠢᠨ᠎ᠡ  ᠳᠤᠮᠳᠠᠳᠤ  ᠤᠯᠤᠰ ᠪᠠᠶᠢᠭᠤᠯᠤᠭᠳᠠᠭᠰᠠᠨ 70 ᠵᠢᠯ ᠤᠨ ᠣᠢ ᠳᠤ ᠪᠡᠯᠡᠭ ᠡᠷᠭᠦᠬᠦ ᠪᠠᠷ ᠵᠣᠷᠢᠭᠤᠯᠤᠭᠰᠠᠨ ᠲᠠᠭᠤᠤ ᠶᠢᠨ  ᠲᠤᠰᠬᠠᠢ  ᠴᠣᠮᠤᠭ  ︽ᠬᠥᠬᠡ ᠲᠡᠭᠷᠢ︾ ᠪᠠᠨ ᠪᠡᠭᠡᠵᠢᠩ ᠤᠨ ᠮᠸᠢᠢᠳᠢᠶᠠ ᠲᠥᠪ ᠲᠤ  ᠨᠡᠶᠢᠲᠡᠯᠡᠨ  ᠲᠠᠷᠬᠠᠭᠠᠪᠠ᠃  ︽ᠬᠥᠬᠡ  ᠲᠡᠭᠷᠢ︾  ᠳᠠᠭᠤᠤ ᠶᠢᠨ  ᠭᠤᠤᠯ ᠡᠭᠦᠳᠦᠭᠴᠢ ᠴᠢᠦᠶ ᠽᠦᠩ᠂ ᠹᠠᠩ ᠮᠠᠨ ᠴᠢᠨ᠂ ᠯᠦᠩ ᠸᠧᠶ ᠬᠤᠸᠠ ᠨᠠᠷ ᠪᠦᠷ ᠬᠦᠷᠦᠯᠴᠡᠨ ᠢᠷᠡᠵᠦ᠂ ᠦᠷᠴᠠᠶᠢᠬᠤ ᠳᠤ  ᠪᠠᠶᠠᠷ ᠬᠦᠷᠭᠡᠭᠰᠡᠨ ᠪᠠᠶᠢᠨ᠎ᠠ᠃
         ᠣᠶᠢᠯᠠᠭᠠᠭᠰᠠᠨ ᠢᠶᠠᠷ᠂ ᠡᠨᠡ  ᠬᠦ  ᠲᠤᠰᠬᠠᠶ  ᠴᠣᠮᠤᠭ  ᠪᠣᠯ  ᠳᠠᠭᠤᠴᠢᠨ  ᠦᠷᠴᠠᠶᠢᠬᠤ ᠶᠢᠨ  2014  ᠣᠨ ᠳᠤ ᠲᠠᠷᠬᠠᠭᠠᠭᠰᠠᠨ ︽ᠡᠵᠢ ᠶᠢᠨ ᠠᠭᠠᠭ ᠲᠠᠢ  ᠴᠠᠢ︾᠂  2016  ᠣᠨ ᠳᠤ  ᠲᠠᠷᠬᠠᠭᠠᠭᠰᠠᠨ  ︽26.8  ᠭᠷᠠᠳᠦ᠋ᠰ ᠤᠨ  ᠲᠠᠯ᠎ᠠ ᠨᠤᠲᠤᠭ ᠤᠨ  ᠬᠠᠶᠢᠷ᠎ᠠ︾᠂  2018  ᠣᠨ ᠲᠤ  ᠲᠠᠷᠬᠠᠭᠠᠭᠰᠠᠨ  ︽ᠬᠢᠩᠭᠠᠨ  ᠦᠨᠳᠦᠷ︾  ︵ᠤᠷᠲᠤ ᠶᠢᠨ   ᠳᠠᠭᠤᠤ ᠶᠢᠨ ᠴᠣᠮᠤᠭ︶ ᠠᠴᠠ ᠨᠠᠰᠢ ᠨᠡᠶᠢᠲᠡᠯᠡᠭᠰᠡᠨ ᠬᠤᠪᠢ ᠬᠥᠮᠦᠨ ᠤ ᠲᠠᠭᠤᠤ ᠶᠢᠨ ᠳᠥᠷᠪᠡᠳᠦᠭᠡᠷ‌‍ᠲ᠋ᠤᠰᠬᠠᠢ  ᠴᠣᠮᠤᠭ  ᠪᠣᠯᠤᠨ᠎ᠠ᠃  ᠲᠤᠰᠬᠠᠶ ᠴᠣᠮᠤᠭ ᠨᠢ ᠤᠤᠭᠠᠯ ᠳᠠᠭᠤᠤ ︵ᠬᠢᠲᠠᠳ ᠬᠡᠯᠡᠨ ᠤ ᠬᠡᠪᠯᠡᠯ︶᠂ ᠤᠤᠭᠠᠯ ᠳᠠᠭᠤᠤ ︵ᠮᠣᠩᠭᠤᠯ ᠬᠡᠯᠡᠨ ᠤ  ᠬᠡᠪᠯᠡᠯ︶᠂  ᠤᠷᠲᠤ ᠶᠢᠨ ᠳᠠᠭᠤᠤ ︵ᠮᠣᠩᠭᠤᠯ ᠬᠡᠯᠡᠨ ᠤ ᠬᠡᠪᠯᠡᠯ︶᠂ ᠬᠦᠷᠪᠡᠭᠦᠯᠦᠨ ᠳᠠᠭᠤᠯᠠᠭᠰᠠᠨ ᠳᠠᠭᠤᠤ ︵ᠮᠣᠩᠭᠤᠯ ᠬᠢᠲᠠᠳ  ᠬᠡᠯᠡᠨ ᠤ  ᠬᠡᠪᠯᠡᠯ︶  ᠵᠡᠷᠭᠡ ᠳᠥᠷᠪᠡᠨ ᠬᠡᠰᠡᠭ ᠤᠨ ᠳᠥᠴᠢᠨ ᠪᠠᠳᠠᠭ ᠳᠠᠭᠤᠤ ᠪᠠᠷ ᠪᠦᠷᠢᠯᠳᠦᠵᠡᠶ᠃ ︽ᠲᠩᠷᠢ ᠶᠢᠨ ᠵᠠᠮ︾᠂ ︽ᠮᠠᠭᠲᠠᠭᠠᠯ ᠳᠠᠭᠤᠤ  ︵ᠮᠣᠩᠭᠤᠯ ᠬᠢᠲᠠᠳ ᠬᠡᠯᠡ︶︾᠂  ︽ᠲᠣᠭᠲᠠᠬᠤ︾  ᠵᠡᠷᠭᠡ  ᠰᠣᠩᠭᠤᠳᠠᠭ  ᠳᠠᠭᠤᠤ ᠨᠢ  ᠲᠠᠯ᠎ᠠ  ᠨᠤᠲᠤᠭ ᠤᠨ  ᠬᠥᠪᠡᠭᠦᠳ  ᠥᠬᠢᠳ ᠤᠨ ᠤᠯᠤᠰ ᠢᠶᠠᠨ ᠬᠠᠶᠢᠷᠠᠯᠠᠬᠤ ᠰᠡᠳᠬᠢᠯᠭᠡ ᠪᠣᠯᠤᠨ ︽ᠦᠵᠡᠰᠬᠦᠯᠡᠩᠲᠦ ᠰᠠᠶᠢᠬᠠᠨ ᠥᠪᠥᠷ ᠮᠣᠩᠭᠤᠯ ᠢᠶᠠᠨ  ᠪᠦᠲᠦᠭᠡᠨ  ᠪᠠᠶᠢᠭᠤᠯᠵᠤ ᠠᠭᠤᠤ  ᠶᠡᠭᠡ  ᠳᠤᠮᠳᠠᠳᠤ ᠶᠢᠨ  ᠵᠡᠭᠦᠳᠦ ᠪᠠᠨ  ᠬᠠᠮᠲᠤᠪᠠᠷ  ᠲᠡᠷᠭᠡᠯᠰᠢᠭᠦᠯᠬᠦ︾  ᠠᠭᠤᠤ  ᠶᠡᠭᠡ  ᠦᠢᠯᠡᠰ ᠤᠨ   ᠣᠷᠭᠢᠯᠤᠮ᠎ᠠ ᠰᠡᠳᠬᠢᠯᠭᠡ ᠶᠢ  ᠢᠯᠡᠳᠬᠡᠵᠡᠶ᠃  ᠳᠤᠷᠠᠳᠤᠭᠤᠰᠢᠲᠠᠶ ᠨᠢ᠂  ᠲᠣᠰ  ᠲᠤᠰᠬᠠᠶ  ᠴᠣᠮᠤᠭ ᠨᠢ  ᠤᠯᠠᠮᠵᠢᠯᠠᠯᠲᠤ  C  D  ᠳᠠᠭᠤᠤ ᠰᠢᠩᠭᠡᠭᠡᠯᠲᠡ ᠶᠢᠨ ᠬᠡᠯᠪᠡᠷᠢ ᠶᠢ ᠡᠪᠳᠡᠵᠦ᠂ ᠣᠳᠣ ᠶᠢᠨ ᠬᠥᠮᠦᠰ ᠤᠨ ᠬᠠᠮᠤᠭ ᠠᠴᠠ  ᠪᠠᠶᠢᠩᠭᠤ  ᠬᠡᠷᠡᠭᠯᠡᠳᠡᠭ  U  ᠲᠠᠪᠠᠭ ᠢᠶᠠᠷ ᠳᠠᠭᠤᠤ ᠠᠴᠢᠶᠠᠯᠠᠵᠤ᠂  ᠦᠷᠴᠠᠶᠢᠬᠤ ᠶᠢᠨ  ᠳᠠᠭᠤᠤ  ᠠᠶᠠᠯᠭᠤ   ᠳᠤ  ᠰᠤᠨᠢᠷᠬᠠᠯᠲᠠᠢ  ᠬᠥᠮᠦᠰ ᠤᠨ  ᠰᠣᠨᠣᠰᠬᠤ ᠳᠤ  ᠳᠥᠭᠦᠮ ᠦᠵᠡᠭᠦᠯᠦᠭᠰᠡᠨ ᠪᠠᠶᠢᠨ᠎ᠠ᠃         ᠤᠷᠠᠯᠢᠭ ᠤᠨ ᠲᠠᠶᠢᠰᠠᠨ ᠳᠤ ᠤᠷ᠎ᠠ ᠠᠪᠢᠶᠠᠰ᠂ ᠤᠷᠠᠨ ᠪᠦᠲᠦᠭᠡᠯ ᠢᠶᠠᠷ ᠢᠶᠠᠨ ᠭᠢᠯᠠᠷᠠᠵᠤ ᠶᠠᠪᠤᠭ᠎ᠠ ᠬᠤᠷᠴᠢᠨ  ᠨᠤᠲᠤᠭ ᠲᠠᠢ ᠦᠷᠴᠠᠶᠢᠬᠤ ᠪᠣᠯ ᠥᠪᠥᠷ ᠮᠣᠩᠭᠤᠯ ᠤᠨ ᠦᠨᠳᠦᠰᠦᠲᠡᠨ ᠤ ᠤᠷᠠᠯᠢᠭ ᠤᠨ  ᠵᠦᠴᠦᠭᠡ ᠶᠢᠨ  ᠬᠦᠷᠢᠶᠡᠯᠡᠩ ᠳᠤ  ᠠᠵᠢᠯᠯᠠᠵᠤ ᠪᠠᠶᠢᠭ᠎ᠠ᠂ ᠲᠥᠷᠥᠯᠬᠢ ᠤᠷᠠᠯᠢᠭ ᠤᠨ ᠠᠪᠢᠶᠠᠰ ᠪᠢᠯᠢᠭ ᠢᠶᠠᠷ ᠢᠶᠠᠨ ᠦᠵᠡᠭᠴᠢᠳ ᠰᠣᠨᠣᠰᠣᠭᠴᠢᠳ ᠤᠨ ᠢᠶᠠᠨ ᠬᠠᠷᠠᠭ᠎ᠠ  ᠰᠣᠨᠣᠷ ᠢ ᠪᠠᠶᠠᠰᠬᠠᠵᠤ ᠶᠠᠪᠤᠭ᠎ᠠ ᠵᠠᠯᠠᠭᠤ ᠳᠠᠭᠤᠴᠢᠨ᠂ ᠲᠣᠭᠯᠠᠭᠴᠢ ᠪᠣᠯᠣᠨ᠎ᠠ᠃ ᠲᠡᠷᠡ ᠮᠣᠩᠭᠤᠯ ᠤᠯᠤᠰ ᠤᠨ ᠪᠣᠯᠪᠠᠰᠤᠷᠠᠯ ᠤᠨ  ᠲᠥᠪ ᠤᠨ 2004  ᠣᠨ ᠤ  3  ᠰᠠᠷ᠎ᠠ ᠳᠤ  ᠡᠷᠬᠢᠯᠡᠨ  ᠶᠠᠪᠤᠭᠳᠠᠭᠤᠯᠤᠭᠰᠠᠨ  ︽ᠣᠯᠠᠨ  ᠤᠯᠤᠰ ᠤᠨ  ᠤᠷᠲᠤ ᠶᠢᠨ   ᠳᠠᠭᠤᠤ ᠶᠢᠨ ᠤᠷᠤᠯᠳᠤᠭᠠᠨ︾ ᠤ  ᠠᠯᠲᠠᠨ  ᠱᠠᠩᠨᠠᠯ᠂  2015  ᠣᠨ ᠤ8   ᠰᠠᠷ᠎ᠠ ᠳᠤ   ᠪᠣᠯᠭᠠᠷᠢᠶ᠎ᠠ ᠳᠤ   ᠪᠣᠯᠣᠭᠰᠠᠨ   ᠲᠠᠪᠤᠳᠤᠭᠠᠷ ᠬᠤᠭᠤᠴᠠᠭᠠᠨ ᠤ  ᠳᠡᠯᠡᠬᠡᠢ ᠶᠢᠨ  ᠦᠨᠳᠦᠰᠦᠲᠡᠨ ᠤ  ᠤᠷᠠᠯᠢᠭ ᠤᠨ  ᠱᠠᠩᠨᠠᠯᠲᠤ  ᠤᠷᠤᠯᠳᠤᠭᠠᠨ ᠤ  ᠭᠤᠴᠣᠯᠠᠯ   ᠳᠠᠭᠤᠤ ᠶᠢᠨ ᠤᠷᠤᠯᠳᠤᠭᠠᠨ ᠤ ᠠᠯᠲᠠᠨ ᠮᠧᠲᠠᠯ᠂  ︽ᠳᠡᠯᠡᠬᠡᠢ ᠶᠢᠨ  ᠤᠯᠠᠮᠵᠢᠯᠠᠯᠲᠤ  ᠵᠠᠯᠭᠠᠮᠵᠢᠯᠠᠭᠴᠢ ᠶᠢᠨ  ᠱᠠᠩᠨᠠᠯᠲᠤ  ᠲᠠᠯ᠎ᠠ  ᠨᠤᠲᠤᠭ ᠤᠨ ᠬᠠᠶᠢᠷ᠎ᠠ᠂ ᠠᠶᠠᠨ ᠬᠠᠮᠲᠤᠯᠢᠭ ᠤᠨ ᠠᠯᠲᠠᠨ ᠮᠧᠲᠠᠯ· 2017 ᠣᠨ ᠳᠤ ᠪᠣᠯᠣᠭᠰᠠᠨ ᠲᠥᠪ ᠲᠧᠯᠸᠢᠰ ᠤᠨ ᠴᠠᠭᠠᠨ  ᠰᠠᠷ᠎ᠠ ᠶᠢᠨ ᠤᠤᠭᠠᠯ ᠳᠠᠭᠤᠤ ᠬᠦᠭᠵᠢᠮ ᠤᠨ ᠦᠳᠡᠰᠢᠯᠡᠭᠡ ᠶᠢᠨ ᠠᠯᠲᠠᠨ ᠱᠠᠩᠨᠠᠯ ᠵᠡᠷᠭᠡ ᠤᠯᠤᠰ ᠤᠨ ᠳᠣᠲᠣᠭᠠᠳᠤ ᠭᠠᠳᠠᠭᠠᠳᠤ ᠶᠢᠨ  ᠠᠯᠲᠠᠨ ᠱᠠᠩᠨᠠᠯ ᠢ ᠤᠷᠢᠳ ᠬᠤᠵᠢᠳ ᠲᠠᠪᠤ ᠤᠳᠠᠭ᠎ᠠ ᠬᠦᠷᠲᠡᠵᠡᠢ; ᠦᠷᠴᠠᠶᠢᠬᠤ  ᠪᠠᠰᠠ  ᠬᠥᠬᠡᠬᠤᠲᠠ ᠶᠢᠨ  ᠣᠶᠤᠨ ᠤ  ᠪᠣᠯᠪᠠᠰᠤᠨ ᠤ ᠪᠠᠶᠢᠭᠤᠯᠤᠯᠲᠠ ᠶᠢᠨ ︽ᠲᠠᠪᠤᠨ ᠨᠢᠭᠡ ᠶᠢᠨ  ᠢᠨᠵᠧᠨᠧᠷᠢᠩ︾ ᠤᠨ  ᠰᠢᠯᠢᠳᠡᠭ  ᠱᠠᠩᠨᠠᠯ ᠢ  ᠭᠤᠷᠪᠠᠨᠲᠠ  ᠬᠦᠷᠲᠡᠵᠦ᠂  ᠲᠡᠭᠦᠨ ᠤ ᠪᠦᠲᠦᠭᠡᠯ ᠨᠢ ᠣᠯᠠᠨ  ᠤᠳᠠᠭ᠎ᠠ  ︽ᠣᠨᠴᠠᠭᠠᠢ᠂  ᠬᠠᠮᠤᠭ   ᠤᠨ  ᠰᠠᠶᠢᠨ᠂  ᠨᠢᠭᠡᠳᠦᠭᠡᠷ  ᠲᠡᠰ︾   ᠤᠨ  ᠱᠠᠩᠨᠠᠯ  ᠬᠦᠷᠲᠡᠵᠦ ᠥᠩᠭᠡᠷᠡᠭᠰᠡᠨ ᠶᠤᠮ᠃          ᠳᠠᠭᠤᠤ ᠳᠠᠭᠤᠯᠠᠬᠤ ᠶᠢᠨ ᠳᠠᠭᠠᠤ ᠦᠷᠴᠠᠶᠢᠬᠤ ᠪᠠᠰᠠ  ᠺᠢᠨᠣ᠋  ᠲᠧᠯᠸᠢᠰ ᠤᠨ  ᠠᠵᠢᠯ  ᠲᠥᠷᠥᠯ ᠳᠤ  ᠣᠷᠣᠯᠴᠠᠪᠠ᠃ 2013 ᠣᠨ ᠤ 12 ᠰᠠᠷ᠎ᠠ ᠳᠤ᠂ ᠲᠡᠷᠡ ᠭᠤᠤᠯᠯᠠᠨ ᠲᠣᠭᠯᠠᠭᠰᠠᠨ ᠪᠢᠴᠢᠯ ᠺᠢᠨᠣ᠋ ︽ᠡᠵᠢ ᠶᠢᠨ ᠠᠭᠠᠭ ᠲᠠᠢ  ᠴᠠᠢ︾ ᠪᠠᠷ ᠢᠶᠠᠨ ︽ᠦᠵᠡᠰᠬᠦᠯᠡᠩᠲᠦ ᠰᠠᠶᠢᠬᠠᠨ ᠥᠪᠥᠷ ᠮᠣᠩᠭᠤᠯ ᠤᠨ ᠪᠢᠴᠢᠯ ᠺᠢᠨᠣ᠋ ᠶᠢᠨ ᠤᠷᠤᠯᠳᠤᠭᠠᠨ︾ ᠤ  ᠬᠠᠮᠤᠭ ᠤᠨ  ᠰᠢᠯᠢᠳᠡᠭ  ᠡᠮᠡᠭᠲᠡᠶ ᠲᠣᠭᠯᠠᠭᠴᠢ ᠶᠢᠨ ᠱᠠᠩᠨᠠᠯ ᠢ  ᠬᠦᠷᠲᠡᠪᠡ᠃  2014  ᠣᠨ ᠤ  1  ᠰᠠᠷ᠎ᠠ ᠳᠤ᠂  ᠪᠢᠴᠢᠯ  ᠺᠢᠨᠣ᠋  ︽ᠡᠵᠢ ᠶᠢᠨ  ᠠᠭᠠᠭ ᠲᠠᠢ ᠴᠠᠢ︾ ᠳᠠᠬᠢ  ᠳᠦᠷᠢ ᠪᠠᠷ ᠢᠶᠠᠨ  2013  —  2014  ᠣᠨ ᠤ  ︽ᠨᠠᠨᠱᠠᠨ  ᠠᠭᠤᠯᠠ ᠶᠢᠨ  ᠳᠤᠷᠠᠰᠤᠮᠵᠢ︾  ᠰᠢᠷᠢᠰ ᠠᠵᠢᠯᠯᠠᠭ᠎ᠠ ᠶᠢᠨ ᠪᠢᠴᠢᠯ ᠺᠢᠨᠣ᠋ ᠶᠢᠨ ᠰᠢᠯᠭᠠᠷᠠᠭᠤᠯᠤᠯᠲᠠ  ᠳᠤ  ᠬᠠᠮᠤᠭ ᠠᠴᠠ  ᠲᠠᠭᠠᠯᠠᠭᠳᠠᠭᠰᠠᠨ  ᠡᠮᠡᠭᠲᠡᠶ  ᠭᠤᠤᠯ  ᠳᠦᠷᠢ ᠶᠢᠨ ᠱᠠᠩᠨᠠᠯ ᠢ ᠬᠦᠷᠲᠡᠪᠡ᠃ 2015 ᠣᠨ ᠤ 6 ᠰᠠᠷ᠎ᠠ ᠳᠤ᠂ ᠪᠢᠴᠢᠯ ᠺᠢᠨᠣ᠋ ︽ᠡᠵᠢ ᠶᠢᠨ ᠠᠭᠠᠭ ᠲᠠᠢ ᠴᠠᠢ 2 ᠲᠠᠯ᠎ᠠ ᠨᠤᠲᠤᠭ ᠤᠨ ᠬᠠᠶᠢᠷ᠎ᠠ︾ ᠨᠢ ᠳᠤᠮᠳᠠᠳᠤ ᠤᠯᠤᠰ ᠤᠨ ᠪᠢᠴᠢᠯ ᠺᠢᠨᠣ᠋ ᠶᠢᠨ ᠠᠵᠤ ᠦᠢᠯᠡᠰ ᠤᠨ ᠬᠤᠯᠪᠣᠭ᠎ᠠ᠂  ᠪᠡᠭᠡᠵᠢᠩ ᠤᠨ  ᠪᠢᠴᠢᠯ  ᠺᠢᠨᠣ᠋ ᠶᠢᠨ ᠠᠵᠤ ᠦᠢᠯᠡᠰ ᠤᠨ ᠨᠡᠶᠢᠭᠡᠮᠯᠢᠭ ᠤᠨ ᠭᠤᠤᠯᠯᠠᠨ ᠡᠷᠬᠢᠯᠡᠭᠰᠡᠨ ︽ᠠᠩᠬᠠᠳᠤᠭᠠᠷ ᠬᠤᠭᠤᠴᠠᠭᠠᠨ ᠤ ᠵᠢᠩ ᠬᠤᠸᠠ  ᠱᠠᠩᠨᠠᠯᠲᠤ  ᠪᠥᠬᠦ ᠤᠯᠤᠰ ᠤᠨ ᠪᠢᠴᠢᠯ ᠺᠢᠨᠣ᠋ ᠶᠢᠨ ᠣᠳᠣᠳ ᠤᠨ ᠤᠷᠤᠯᠳᠤᠭᠠᠨ︾ ᠤ ᠡᠮᠡᠭᠲᠡᠶ  ᠭᠤᠤᠯ  ᠲᠣᠭᠯᠠᠭᠴᠢ ᠶᠢᠨ  ᠨᠢᠭᠡᠳᠦᠭᠡᠷ  ᠲᠡᠰ ᠤᠨ ᠱᠠᠩᠨᠠᠯ ᠢ ᠬᠦᠷᠲᠡᠪᠡ᠃         ᠲᠡᠷᠡ  ᠪᠠᠰᠠ  ᠪᠦᠯᠬᠦᠮ ᠤᠨ ᠢᠶᠠᠨ  ᠬᠠᠮᠲᠤ᠂  ᠡᠬᠡ  ᠣᠷᠣᠨ  ᠦᠨᠳᠦᠰᠦᠲᠡᠨ ᠢᠶᠠᠨ  ᠲᠥᠯᠥᠭᠡᠯᠡᠵᠦ᠂   ᠠᠽᠢᠶ᠎ᠠ ᠡᠸᠦ᠋ᠷᠦᠫᠡ ᠶᠢᠨ ᠣᠯᠠᠨ  ᠤᠯᠤᠰ ᠤᠳ ᠢᠶᠠᠷ  ᠲᠣᠭᠯᠠᠨ  ᠳᠠᠭᠤᠯᠠᠵᠤ  ᠦᠨᠳᠦᠰᠦᠲᠡᠨ ᠤ  ᠰᠢᠯᠢᠳᠡᠭ  ᠰᠣᠶᠣᠯ ᠢᠶᠠᠨ  ᠳᠡᠯᠡᠬᠡᠢ ᠳᠠᠬᠢᠨ ᠳᠤ ᠭᠠᠶᠢᠬᠠᠭᠤᠯᠬᠤ ᠪᠠᠷ ᠴᠢᠷᠮᠠᠶᠢᠭᠰᠠᠭᠠᠷ ᠢᠷᠡᠵᠡᠢ᠃
 
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号