ᠪᠢᠴᠢᠭ ᠰᠤᠶᠤᠯ ᠤᠨ ᠦᠨᠦᠷ ᠬᠠᠩᠬᠤᠯᠤᠬᠰᠠᠨ ᠲᠠᠯ᠎ᠠ ᠨᠤᠲᠤᠭ ᠤᠨ ᠨᠣᠮ ᠤᠨ  ᠥᠷᠥᠭᠡ
ᠨᠡᠶᠢᠲᠡᠯᠡᠭᠰᠡᠨ ᠴᠠᠭ᠄
2021/7/12
                       — ᠯᠢᠨᠰᠢ ᠰᠢᠶᠠᠨ ᠤ ︽ᠲᠠᠯ᠎ᠠ ᠨᠤᠲᠤᠭ ᠤᠨ ᠨᠣᠮ ᠤᠨ ᠥᠷᠥᠭᠡ +︾ ᠵᠠᠭᠪᠤᠷ ᠢ ᠲᠡᠮᠳᠡᠭᠯᠡᠪᠡ          ᠯᠢᠨᠰᠢ ᠰᠢᠶᠠᠨ ᠤ ᠬᠥᠳᠡᠭᠡ ᠲᠣᠰᠬᠤᠨ ᠤ ᠣᠯᠠᠨ  ᠲᠦᠮᠡᠨ ᠳᠤ  ᠠᠪᠴᠤ  ᠬᠡᠯᠡᠪᠡᠯ  ᠨᠤᠮ  ᠤᠩᠰᠢᠬᠤ ᠨᠢ  ᠬᠠᠮᠤᠭ ᠲᠠᠭᠠᠯᠠᠮᠵᠢᠲᠠᠶ ᠰᠡᠯᠡᠭᠦᠴᠡᠯ ᠤᠨ ᠠᠷᠭ᠎ᠠ ᠬᠡᠯᠪᠡᠷᠢ ᠪᠠᠶᠢᠵᠥ᠂ ᠲᠣᠰᠬᠤᠨ ᠤ ᠲᠠᠯ᠎ᠠ  ᠨᠤᠲᠤᠭ ᠤᠨ  ᠨᠣᠮ ᠤᠨ  ᠥᠷᠥᠭᠡ  ᠨᠢᠭᠡᠨᠲᠡ ᠨᠤᠲᠤᠭ ᠤᠨ ᠠᠬ᠎ᠠ ᠳᠡᠭᠦᠦ ᠨᠡᠷ ᠤᠨ ᠣᠶᠤᠨ ᠰᠠᠨᠠᠭᠠᠨ ᠤ ︽ᠲᠣᠰᠣ ᠨᠡᠮᠡᠬᠦ ᠥᠷᠲᠡᠭᠡ︾ ᠪᠣᠯᠤᠭᠰᠠᠨ ᠪᠠᠶᠢᠨ᠎ᠠ᠃                  ︽ᠭᠡᠷ ᠠᠴᠠ ᠪᠠᠨ ᠨᠣᠮ ᠤᠨ ᠦᠷᠦᠭᠡ ᠬᠦᠷᠲᠡᠯ᠎ᠡ ᠬᠡᠳᠦᠬᠡᠨ ᠮᠢᠨᠦ᠋ᠲ ᠬᠡᠷᠡᠭᠰᠡᠨ᠎ᠡ᠂ ᠨᠤᠮ ᠤᠨ ᠦᠷᠦᠭᠡ ᠳᠤ ᠲᠠᠷᠢᠵᠤ ᠲᠡᠵᠢᠭᠡᠬᠦ ᠮᠡᠷᠭᠡᠵᠢᠯ ᠤᠨ ᠨᠣᠮ ᠪᠢᠴᠢᠭ ᠪᠣᠯᠤᠨ ᠪᠠᠭᠠᠴᠤᠳ  ᠬᠡᠦᠬᠡᠳ ᠤᠨ  ᠤᠩᠰᠢᠬᠤ  ᠳᠤᠷᠠᠲᠠᠢ  ᠨᠣᠮ ᠢ  ᠲᠡᠷᠢ  ᠲᠡᠭᠰᠢᠬᠡᠨ ᠲᠦᠷᠦᠯ ᠬᠤᠪᠢᠶᠠᠨ ᠲᠠᠯᠪᠢᠵᠠᠢ᠂ ᠲᠠᠯ᠎ᠠ ᠨᠤᠲᠤᠭ ᠤᠨ ᠨᠣᠮ ᠤᠨ ᠥᠷᠥᠭᠡ ᠲᠠᠢ ᠪᠣᠯᠤᠭᠰᠠᠨ ᠠᠴᠠ ᠤᠶᠤᠨ ᠤ  ᠠᠮᠢᠳᠤᠷᠠᠯ  ᠨᠡᠩ ᠪᠠᠶᠠᠯᠢᠭᠵᠢᠭᠰᠠᠨ ᠰᠢᠦ︾ ᠭᠡᠵᠦ ᠯᠢᠨᠰᠢ ᠰᠢᠶᠠᠨ ᠤ ᠰᠢᠨ ᠴᠧᠩᠽᠢ ᠪᠠᠯᠭᠠᠰᠤᠨ  ᠤ ᠱᠤᠸᠠᠩ ᠵᠢᠩ ᠲᠣᠰᠬᠤᠨ ᠤ  ᠠᠷᠠᠳ  ᠴᠧᠨ ᠺᠠᠶ ᠶᠤᠸᠠᠢ ᠶᠠᠷᠢᠨ᠎ᠠ᠃                 ᠴᠧᠨ ᠺᠠᠶ ᠶᠤᠸᠠᠢ ᠪᠣᠯ  ᠵᠢᠮᠢᠰ ᠤᠨ  ᠲᠠᠷᠢᠶᠠᠴᠢᠨ᠂  ᠵᠢᠮᠢᠰ ᠤᠨ  ᠮᠤᠳᠤ  ᠵᠠᠶᠢᠯᠠᠵᠤ  ᠠᠷᠠᠴᠢᠯᠠᠬᠤ  ᠶᠠᠪᠤᠴᠠ ᠳᠠᠭᠠᠨ ᠠᠰᠠᠭᠤᠳᠠᠯ ᠲᠤᠯᠭᠠᠷᠠᠬᠤ ᠪᠦᠷᠢ ᠲᠡᠷᠡ ᠶᠡᠷᠦ ᠨᠢ ᠨᠣᠮ ᠳᠣᠲᠣᠷ᠎ᠠ ᠠᠴᠠ ᠬᠠᠷᠢᠭᠤᠯᠲᠠ ᠡᠷᠢᠬᠦ ᠳᠤᠷᠠᠲᠠᠶ ᠪᠠᠶᠢᠳᠠᠭ᠃  ᠲᠡᠷᠡ  ᠴᠤ ᠡᠭᠦᠨ ᠠᠴᠠ ᠪᠤᠯᠵᠤ ᠲᠣᠰᠬᠤᠨ ᠤ ᠠᠷᠠᠳ ᠲᠠᠭᠠᠨ ︽ᠵᠢᠮᠢᠰ ᠤᠨ ᠮᠣᠳᠣᠨ ᠤ ᠲᠤᠰᠬᠠᠶ ᠮᠡᠷᠭᠡᠵᠢᠯᠲᠡᠨ︾  ᠬᠡᠮᠡᠨ  ᠳᠠᠭᠤᠳᠠᠭᠳᠠᠬᠤ ᠪᠤᠯᠪᠠ᠃                 ᠱᠤᠸᠠᠩ ᠵᠢᠩ ᠲᠣᠰᠬᠤᠨ ᠤ ᠲᠠᠯ᠎ᠠ ᠨᠤᠲᠤᠭ ᠤᠨ ᠨᠣᠮ ᠤᠨ ᠥᠷᠥᠭᠡ ᠪᠣᠯ ᠯᠢᠨᠰᠢ ᠰᠢᠶᠠᠨ ᠤ  ᠣᠯᠠᠨ  ᠨᠡᠶᠢᠲᠡ ᠶᠢᠨ ᠤᠩᠰᠢᠯᠭ᠎ᠠ ᠶᠢᠨ ᠦᠢᠯᠡᠴᠢᠯᠡᠭᠡᠨ ᠤ ᠵᠠᠭᠪᠤᠷ ᠤᠨ ᠰᠢᠨ᠎ᠡ ᠶᠢ ᠡᠭᠦᠳᠦᠭᠰᠡᠨ ᠬᠤᠷᠢᠶᠠᠩᠭᠤᠶ  ᠳᠦᠷᠰᠦ  ᠪᠣᠯᠤᠨ᠎ᠠ᠃  ᠲᠣᠰᠬᠤᠨ ᠤ ᠠᠷᠠᠳ ᠤᠨ ᠪᠣᠳᠠᠰ ᠤᠨ ᠠᠮᠢᠳᠤᠷᠠᠯ  ᠤᠨ ᠲᠦᠪᠰᠢᠨ ᠲᠠᠰᠤᠷᠠᠯᠲᠠ ᠥᠬᠡᠶ ᠳᠡᠭᠡᠭᠰᠢᠯᠡᠬᠦ ᠶᠢ ᠳᠠᠭᠠᠯᠳᠤᠨ᠂ ᠣᠶᠤᠨ ᠤ ᠠᠮᠢᠳᠤᠷᠠᠯ  ᠤᠨ ᠬᠡᠷᠡᠭᠴᠡᠭᠡ ᠱᠠᠭᠠᠷᠳᠠᠯᠭ᠎ᠠ ᠴᠤ ᠡᠳᠦᠷ ᠢᠷᠡᠬᠦᠶ᠎ᠡ  ᠨᠡᠮᠡᠭᠳᠡᠵᠤ  ᠪᠠᠶᠢᠨ᠎ᠠ᠃  ᠣᠶᠢᠷ᠎ᠠ ᠶᠢᠨ  ᠵᠢᠯ᠂  ᠯᠢᠨᠰᠢ  ᠰᠢᠶᠠᠨ  ᠡᠯ᠎ᠡ ᠪᠠᠯᠭᠠᠰᠤᠨ ᠳᠤ ᠲᠠᠯ᠎ᠠ ᠨᠤᠲᠤᠭ ᠤᠨ ᠨᠣᠮ ᠤᠨ ᠥᠷᠥᠭᠡ ᠪᠠᠶᠢᠭᠤᠯᠵᠤ᠂ ︽ᠲᠠᠷᠢᠶᠠᠴᠢᠨ ᠲᠦᠮᠡᠨ  ᠬᠠᠮᠢᠭ᠎ᠠ  ᠪᠠᠶᠢᠪᠠᠯ  ᠨᠣᠮ ᠤᠨ ᠥᠷᠥᠭᠡ  ᠶᠢᠨ ᠤᠩᠰᠢᠯᠭ᠎ᠠ  ᠶᠢᠨ ᠦᠢᠯᠡᠴᠢᠯᠡᠭᠡ  ᠳᠠᠷᠤᠶ  ᠲᠡᠨᠳᠡ  ᠪᠠᠶᠢᠬᠤ︾  ᠬᠠᠷᠠᠯᠲᠠ ᠲᠠᠢ  ᠨᠢᠭᠲᠠ  ᠤᠶᠠᠯᠳᠤᠭᠤᠯᠤᠨ᠂ ︽ᠲᠠᠯ᠎ᠠ ᠨᠤᠲᠤᠭ  ᠤᠨ ᠨᠣᠮ  ᠤᠨ ᠥᠷᠥᠭᠡ +︾ ᠵᠠᠭᠪᠤᠷ  ᠢ ᠪᠥᠬᠦ  ᠬᠦᠴᠦᠨ ᠢᠶᠠᠷ ᠢᠶᠠᠨ  ᠠᠬᠢᠭᠤᠯᠵᠤ᠂  ᠡᠬᠢ  ᠪᠠᠶᠠᠯᠢᠭ ᠢ ᠨᠡᠶᠢᠳᠭᠡᠵᠤ ᠬᠠᠮᠲᠤ  ᠪᠠᠷ ᠡᠳ᠋ᠯᠡᠬᠦ ᠪᠠᠷ ᠳᠠᠮᠵᠢᠠ ᠵᠢᠵᠢᠭ ᠨᠣᠮ ᠤᠨ ᠥᠷᠥᠭᠡ ᠶᠢᠨ ᠦᠢᠯᠡᠳᠦᠯ ᠢ ᠶᠡᠭᠡ ᠪᠠᠷ ᠪᠠᠳᠠᠷᠠᠭᠤᠯᠪᠠ᠃                  ᠯᠢᠨᠰᠢ ᠰᠢᠶᠠᠨ ᠤ ᠱᠡᠭᠡᠷᠲᠦ ᠰᠢᠶᠠᠩ ᠤᠨ  ᠰᠢ  ᠱᠠᠨ  ᠭᠧᠨ  ᠲᠣᠰᠬᠤᠨ ᠳᠤ᠂  ᠭᠠᠷᠠᠭ  ᠪᠦᠷᠢ ᠶᠢᠨ  ᠵᠢᠷᠭᠤᠭᠠᠨ ᠤ ᠥᠷᠯᠥᠭᠡ ᠶᠢᠨ 6 ᠴᠠᠭ ᠲᠤ ︽ᠲᠣᠰᠬᠤᠨ ᠤ ᠷᠠᠳᠢᠣ᠋ ᠨᠡᠪᠲᠡᠷᠡᠭᠦᠯᠭᠡ ᠶᠢᠨ ᠦᠷᠲᠡᠭᠡ︾  ᠲᠤᠭᠲᠠᠭᠰᠠᠨ  ᠴᠠᠭ ᠲᠠᠭᠠᠨ  ᠡᠬᠢᠯᠡᠵᠦ ᠨᠡᠪᠲᠡᠷᠡᠭᠦᠯᠳᠡᠭ᠃ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠡᠦᠬᠡ ᠶᠢᠨ ᠮᠡᠳᠡᠯᠭᠡ ᠨᠢ ᠨᠡᠪᠲᠡᠷᠡᠭᠦᠯᠦᠭᠴᠢ ᠶᠢᠨ  ᠬᠠᠩᠭᠢᠨᠠᠮ᠎ᠠ ᠬᠤᠭᠤᠯᠠᠢ ᠪᠠᠷ ᠳᠠᠮᠵᠢᠨ ᠮᠢᠬᠠᠨ ᠤ ᠦᠬᠡᠷ ᠮᠠᠯᠵᠢᠬᠤ ᠵᠢᠵᠢᠭ  ᠲᠣᠭᠤᠷᠢᠭ᠂  ᠢᠳᠡᠰᠢᠨ  ᠨᠣᠭᠤᠭ᠎ᠠ ᠶᠢᠨ  ᠬᠦᠯᠡᠮᠵᠢ  ᠵᠡᠷᠭᠡ ᠳᠤ ᠤᠯᠠᠮᠵᠢᠯᠠᠭᠳᠠᠨ᠂ ᠲᠣᠰᠬᠤᠨ ᠤ ᠠᠷᠠᠳ ᠠᠵᠢᠯ ᠢᠶᠠᠨ ᠬᠢᠬᠦ ᠶᠢᠨ ᠳᠠᠭᠠᠤ ᠨᠠᠮ ᠤᠨ  ᠲᠡᠦᠬᠡ ᠶᠢᠨ  ᠮᠡᠳᠡᠯᠭᠡ ᠶᠢ  ᠰᠡᠳᠬᠢᠯ ᠳᠡᠭᠡᠨ ᠬᠠᠳᠠᠩᠰᠢᠭᠤᠯᠤᠭᠰᠠᠨ ᠪᠠᠶᠢᠨ᠎ᠠ᠃                 ︽ᠨᠠᠮ ᠤᠨ ᠲᠡᠦᠬᠡ ᠶᠢᠨ ᠮᠡᠳᠡᠯᠭᠡ ᠲᠣᠰᠬᠤᠨ ᠤ  ᠠᠷᠠᠳ  ᠨᠢᠭᠡᠪᠦᠷᠢ ᠶᠢᠨ  ᠰᠡᠳᠬᠢᠯ ᠳᠤ  ᠬᠠᠳᠠᠩᠰᠢᠪᠠ᠂  ᠢᠩᠭᠢᠵᠦ ᠰᠤᠷᠬᠤ ᠳᠤ ᠳᠠᠷᠤᠭᠠᠰᠤ ᠦᠭᠡᠢ ᠮᠦᠷᠲᠡᠭᠡᠨ ᠴᠡᠭᠡᠵᠢᠯᠡᠬᠦ ᠳᠤ ᠴᠤ ᠠᠮᠠᠷ᠂ ᠤᠯᠠᠨ ᠢᠶᠠᠷ ᠢᠶᠠᠨ ᠪᠦᠷ ᠡᠨᠡ ᠬᠦ ᠠᠷᠭ᠎ᠠ ᠬᠡᠯᠪᠡᠷᠢ ᠳᠤ ᠳᠤᠷᠠᠲᠠᠢ︾ ᠭᠡᠵᠦ ᠰᠢ ᠱᠠᠨ ᠭᠧᠨ ᠲᠣᠰᠬᠤᠨ ᠤ ᠨᠠᠮ ᠤᠨ ᠶᠡᠷᠦᠩᠬᠡᠢ ᠡᠭᠦᠷ ᠤᠨ ᠱᠦᠵᠢ ᠯᠢᠦ ᠵᠠᠨ ᠯᠢᠨ ᠬᠡᠯᠡᠨ᠎ᠡ᠃                  ᠯᠢᠨᠰᠢ  ᠰᠢᠶᠠᠨ  ᠲᠠᠯ᠎ᠠ  ᠨᠤᠲᠤᠭ ᠤᠨ  ᠨᠣᠮ ᠤᠨ  ᠦᠷᠦᠭᠡ ᠶᠢ   ︽ᠲᠣᠰᠬᠤᠨ ᠤ   ᠷᠠᠳᠢᠣ᠋   ᠨᠡᠪᠲᠡᠷᠡᠭᠦᠯᠭᠡ ᠶᠢᠨ ᠦᠷᠲᠡᠭᠡ︾ ᠲᠠᠢ ᠤᠶᠠᠯᠳᠤᠭᠤᠯᠵᠤ᠂  ᠨᠡᠭᠦᠳᠡᠯ  ᠨᠣᠮ  ᠤᠩᠰᠢᠬᠤ  ᠦᠷᠳᠡᠭᠡ ᠶᠢ  ᠪᠠᠶᠢᠭᠤᠯᠵᠤ᠂  ᠭᠠᠷᠠᠭ ᠤᠨ  ᠵᠢᠷᠭᠤᠭᠠᠨ᠂ ᠭᠠᠷᠠᠭ ᠤᠨ ᠡᠳᠦᠷ ᠤᠨ ᠥᠷᠯᠥᠭᠡ ᠶᠢᠨ 6 ᠠᠴᠠ 7 ᠴᠠᠭ ᠤᠨ ᠬᠤᠭᠤᠷᠣᠨᠳᠣ ᠨᠡᠪᠳᠡᠷᠡᠬᠦᠯᠬᠡ ᠪᠠᠷ ᠳᠠᠮᠵᠢᠨ ︽ᠨᠣᠮ︾ ᠢ  ᠲᠦᠭ ᠲᠦᠮᠡᠨ ᠠᠶᠢᠯ ᠡᠷᠦᠬᠡ ᠳᠤ ᠬᠦᠷᠭᠡᠵᠦ᠂ ᠤᠯᠠᠨ ᠲᠦᠮᠡᠨ ᠢ ᠭᠡᠷ ᠠᠴᠠ ᠪᠠᠨ ᠭᠠᠷᠬᠤ  ᠦᠭᠡᠢ ᠪᠠᠷ  ᠨᠣᠮ  ᠤᠩᠰᠢᠵᠤ  ᠴᠢᠳᠠᠬᠤ ᠪᠣᠯᠭᠠᠪᠠ᠃                 ᠲᠣᠰᠬᠤᠨ ᠤ ᠷᠠᠳᠢᠣ᠋ ᠨᠡᠪᠲᠡᠷᠡᠭᠦᠯᠭᠡ ᠶᠢᠨ ᠥᠷᠲᠡᠭᠡ ᠶᠢ ᠳᠤᠷᠠᠳᠬᠤ ᠲᠠᠢ ᠵᠡᠷᠭᠡ ᠴᠠᠩ  ᠱᠧᠩ  ᠲᠣᠰᠬᠤᠨ ᠤ  ︽ᠳᠡᠰ ᠳᠡᠪᠰᠢᠭᠰᠡᠨ︾ ᠨᠣᠮ ᠤᠨ  ᠥᠷᠥᠭᠡ ᠶᠢ  ᠳᠤᠷᠠᠳᠬᠤ  ᠦᠭᠡᠶ  ᠪᠠᠶᠢᠬᠤ ᠶᠢᠨ  ᠠᠷᠭ᠎ᠠ  ᠦᠭᠡᠶ᠃  ᠯᠢᠨᠰᠢ  ᠰᠢᠶᠠᠨ ᠤ  ᠯᠢᠨᠰᠢ ᠪᠠᠯᠭᠠᠰᠤᠨ ᠤ ᠴᠠᠩ ᠱᠧᠩ ᠲᠣᠰᠬᠤᠨ ᠤ ᠰᠣᠶᠣᠯ ᠤᠨ ᠶᠡᠭᠡ ᠬᠦᠷᠢᠶᠡᠨ ᠳᠤ᠂ ᠨᠣᠮ ᠤᠨ  ᠲᠠᠯᠪᠢᠭᠤᠷ  ᠳᠡᠭᠡᠷ᠎ᠡ  ᠨᠣᠮ  ᠳᠡᠪᠲᠡᠷ ᠳᠦᠭᠦᠷᠡᠩ ᠦᠷᠦᠭᠳᠡᠵᠥ᠂ ᠬᠠᠮᠤᠭ ᠤᠨ ᠳᠡᠭᠡᠳᠦ ᠳᠠᠪᠬᠤᠷᠭ᠎ᠠ ᠶᠢᠨ ᠨᠣᠮ ᠤᠨ ᠵᠢᠶᠠᠰᠠᠨ ᠳᠠᠬᠢ  ᠴᠣ᠋  ᠰᠢᠨ᠎ᠡ  ᠨᠠᠮ ᠤᠨ  ᠲᠡᠦᠬᠡ ᠰᠤᠷᠤᠯᠴᠠᠬᠤ ᠨᠣᠮ ᠪᠢᠴᠢᠭ ᠣᠨᠴᠠᠭᠠᠢ ᠢᠯᠡ ᠬᠠᠷᠠᠭᠳᠠᠨ᠎ᠠ᠃ ᠴᠠᠩ ᠱᠧᠩ ᠲᠣᠰᠬᠤᠨ ᠤ ᠰᠣᠶᠣᠯ ᠤᠨ ᠬᠦᠷᠢᠶ᠎ᠡ ᠪᠣᠯ ᠤᠤᠯ ᠤᠨ ᠲᠠᠯ᠎ᠠ ᠨᠤᠲᠤᠭ ᠤᠨ ᠨᠣᠮ ᠤᠨ ᠥᠷᠥᠭᠡ ᠶᠢᠨ ᠰᠠᠭᠤᠷᠢᠨ ᠳᠡᠭᠡᠷ᠎ᠡ ᠳᠡᠰ ᠳᠡᠪᠰᠢᠵᠦ ᠥᠭᠡᠷᠡᠴᠢᠯᠡᠨ ᠪᠠᠶᠢᠭᠤᠯᠤᠭᠰᠠᠨ ᠶᠤᠮ᠃ ᠨᠣᠮ ᠪᠢᠴᠢᠭ ᠤᠨ ᠲᠥᠷᠥᠯ ᠵᠦᠶ᠋ᠯ ᠨᠢ ᠨᠠᠩ ᠪᠣᠳᠠᠲᠠᠶ᠂ ᠨᠣᠮ ᠪᠢᠴᠢᠭ ᠤᠨ ᠭᠠᠷᠴᠠᠭ ᠨᠢ ᠴᠦ  ᠨᠠᠩ  ᠣᠯᠠᠨ᠂  ᠪᠠᠰᠠ  ᠲᠣᠰᠬᠤᠨ ᠤ ᠠᠷᠠᠳ ᠲᠤ ᠨᠠᠩ ᠠᠭᠤᠵᠢᠭᠤ ᠠᠵᠢᠯᠯᠠᠭ᠎ᠠ ᠶᠢᠨ ᠣᠷᠣᠨ ᠭᠠᠷᠭᠠᠵᠤ᠂ ᠨᠤᠲᠤᠭ ᠤᠨ ᠠᠬ᠎ᠠ ᠳᠡᠭᠦᠦ ᠨᠡᠷ ᠤᠨ ᠰᠣᠶᠣᠯ  ᠲᠠᠮᠢᠷ ᠤᠨ ᠠᠵᠢᠯᠯᠠᠭ᠎ᠠ  ᠥᠷᠨᠢᠭᠦᠯᠬᠦ ᠳᠤ  ᠲᠥᠬᠦᠮ  ᠦᠵᠡᠭᠦᠯᠪᠡ᠃  ᠲᠣᠰᠬᠤᠨ ᠤ  ᠠᠷᠠᠳ ᠤᠨ  ᠨᠠᠮ ᠤᠨ  ᠲᠡᠦᠬᠡ ᠶᠢ  ᠰᠤᠷᠤᠯᠴᠠᠬᠤ ᠬᠡᠷᠡᠭᠴᠡᠭᠡ ᠳᠤ  ᠵᠣᠬᠢᠴᠠᠭᠤᠯᠬᠤ ᠪᠠᠷ᠂  ᠰᠣᠶᠣᠯ ᠤᠨ  ᠬᠦᠷᠢᠶ᠎ᠡ ᠳᠤ  ᠰᠢᠨ᠎ᠡ ᠪᠠᠷ  ︽ᠨᠠᠮ ᠤᠨ  ᠲᠡᠦᠬᠡ ᠶᠢᠨ   ᠰᠤᠷᠤᠯᠴᠠᠯᠭ᠎ᠠ ᠬᠥᠮᠦᠵᠢᠯ ᠤᠨ ᠲᠤᠰᠬᠠᠢ ᠣᠷᠣᠨ︾ ᠢ ᠨᠡᠮᠡᠵᠦ᠂ ᠲᠤᠰᠬᠠᠢ ᠣᠷᠣᠨ ᠳᠤ ᠨᠠᠮ ᠤᠨ  ᠲᠡᠦᠬᠡ ᠶᠢᠨ  ᠰᠤᠷᠤᠯᠴᠠᠯᠭ᠎ᠠ  ᠬᠥᠮᠦᠵᠢᠯ ᠤᠨ ᠨᠣᠮ ᠪᠢᠴᠢᠭ ᠲᠤᠬᠢᠷᠠᠭᠤᠯᠵᠤ᠂ ᠪᠦᠬᠦᠯᠢ ᠡᠳᠦᠷ ᠢᠶᠠᠷ ᠡᠭᠦᠳᠡ ᠪᠠᠨ ᠨᠡᠭᠡᠭᠡᠬᠦ ᠶᠢᠨ ᠬᠠᠮᠲᠤ ︽ᠬᠥᠳᠡᠭᠡ ᠲᠣᠰᠬᠤᠨ ᠤ  ᠰᠥᠨᠢ ᠶᠢᠨ ᠰᠤᠷᠭᠠᠭᠤᠯᠢ︾ ᠪᠠᠶᠢᠭᠤᠯᠵᠤ᠂ ᠨᠤᠮ ᠤᠩᠰᠢᠬᠤ  ᠳᠤᠷᠠᠲᠠᠢ  ᠤᠯᠠᠨ  ᠲᠦᠮᠡᠨ ᠳᠤ  24  ᠴᠠᠭ ᠤᠨ  ᠲᠦᠬᠦᠮ  ᠦᠢᠯᠡᠴᠢᠯᠡᠭᠡ ᠬᠠᠩᠭᠠᠵᠠᠢ᠃                 ︽︿ᠲᠠᠯ᠎ᠠ ᠨᠤᠲᠤᠭ ᠤᠨ ᠨᠣᠮ ᠤᠨ  ᠥᠷᠥᠭᠡ  ﹀ ᠨᠢ  ᠯᠢᠨᠰᠢ  ᠰᠢᠶᠠᠨ ᠤ  ᠬᠥᠳᠡᠭᠡ  ᠲᠣᠰᠬᠤᠨ ᠤ  ᠰᠣᠶᠣᠯ ᠤᠨ ᠠᠮᠢᠳᠤᠷᠠᠯ ᠥᠷᠨᠢᠭᠦᠯᠬᠦ ᠴᠢᠬᠤᠯᠠ ᠵᠢᠭᠰᠠᠭᠠᠯ ᠤᠨ ᠭᠠᠵᠠᠷ ᠪᠣᠯᠤᠭᠰᠠᠨ ᠪᠠᠶᠢᠨ᠎ᠠ᠂  ᠬᠤᠶᠢᠰᠢᠳᠠ  ᠪᠢᠳᠡ  ᠣᠯᠠᠨ  ᠶᠠᠩᠵᠤ ᠶᠢᠨ᠂ ᠡᠯᠪᠡᠭ ᠪᠠᠶᠠᠯᠢᠭ ᠨᠣᠮ  ᠤᠩᠰᠢᠬᠤ  ᠠᠵᠢᠯᠯᠠᠭ᠎ᠠ  ᠥᠷᠨᠢᠭᠦᠯᠵᠦ᠂  ᠲᠣᠰᠬᠤᠨ ᠤ  ᠠᠷᠠᠳ ᠤᠨ  ᠨᠣᠮ  ᠤᠩᠰᠢᠬᠤ  ᠬᠠᠯᠠᠭᠤᠨ ᠰᠡᠳᠬᠢᠯᠭᠡ ᠶᠢ ᠬᠥᠭᠵᠢᠭᠡᠵᠦ᠂ ᠨᠣᠮ ᠤᠩᠰᠢᠬᠤ ᠳᠠᠳᠬᠠᠯ ᠢ ᠬᠥᠮᠦᠵᠢᠭᠦᠯᠵᠦ᠂ ᠲᠣᠰᠬᠤᠨ ᠤ ᠠᠷᠠᠳ ᠲᠤ  ᠡᠷᠡᠭᠦᠯ  ᠥᠭᠡᠳᠡᠷᠬᠡᠭ ᠣᠶᠤᠨ ᠤ ᠠᠮᠢᠳᠤᠷᠠᠯ ᠬᠠᠩᠭᠠᠵᠤ᠂ ᠥᠷᠭᠡᠨ ᠤᠯᠠᠨ ᠲᠠᠷᠢᠶᠠᠴᠢᠨ ᠲᠦᠮᠡᠨ ᠳᠤ ᠨᠡᠩ  ᠤᠯᠠᠨ  ᠰᠣᠶᠣᠯ ᠤᠨ  ᠪᠣᠳᠠᠲᠤ  ᠠᠰᠢᠭ ᠬᠦᠷᠲᠡᠭᠡᠠ᠂ ᠰᠣᠶᠣᠯ ᠤᠨ ᠬᠥᠭᠵᠢᠯᠲᠡ ᠶᠢᠨ ᠦᠷ᠎ᠡ ᠪᠦᠲᠦᠮᠵᠢ ᠶᠢ  ᠬᠠᠮᠲᠤ ᠪᠠᠷ  ᠡᠳ᠋ᠯᠡᠭᠦᠯᠦᠨ᠎ᠡ︾  ᠭᠡᠵᠦ  ᠯᠢᠨᠰᠢ  ᠰᠢᠶᠠᠨ ᠤ ᠨᠠᠮ ᠤᠨ ᠬᠤᠷᠢᠶᠠᠨ ᠤ ᠤᠬᠠᠭᠤᠯᠬᠤ ᠬᠡᠯᠲᠡᠰ ᠤᠨ ᠪᠠᠶᠢᠩᠭᠤ ᠶᠢᠨ ᠳᠡᠳ᠋ ᠳᠠᠷᠤᠭ᠎ᠠ ᠴᠢᠦᠶ ᠰᠢᠶᠠᠩ ᠳ᠋ᠦᠩ ᠲᠠᠨᠢᠯᠴᠠᠭᠤᠯᠤᠯ᠎ᠠ᠃                  ᠣᠳᠣ᠂ ᠯᠢᠨᠰᠢ ᠰᠢᠶᠠᠨ ᠤ ᠲᠠᠯ᠎ᠠ ᠨᠤᠲᠤᠭ ᠤᠨ  ᠨᠣᠮ ᠤᠨ  ᠥᠷᠥᠭᠡ  101  ᠵᠠᠰᠠᠭ  ᠵᠠᠬᠢᠷᠭᠠᠨ ᠤ  ᠲᠣᠰᠬᠤᠨ ᠢ ᠪᠦᠬᠦᠨ ᠢ ᠬᠠᠮᠤᠷᠴᠤ᠂ ᠨᠣᠮ ᠤᠨ ᠥᠷᠥᠭᠡ ᠪᠦᠷᠢ ᠳᠤ ᠵᠢᠭᠡᠯᠡᠵᠦ  ᠪᠣᠯᠬᠤ  ᠬᠡᠷᠡᠭᠯᠡᠭᠡᠨ ᠤ  ᠨᠣᠮ  2000  ᠭᠠᠷᠤᠶ  ᠳᠡᠪᠲᠡᠷ ᠪᠠᠶᠢᠵᠤ᠂ ᠬᠤᠪᠢᠰᠬᠠᠯ ᠤᠨ ᠨᠣᠮ ᠪᠠ ᠳᠠᠷᠢᠵᠤ ᠲᠡᠵᠢᠭᠡᠬᠦ ᠮᠡᠷᠭᠡᠵᠢᠯ᠂ ᠤᠳᠬ᠎ᠠ  ᠵᠣᠬᠢᠶᠠᠯ᠂  ᠪᠡᠶ᠎ᠡ  ᠰᠤᠪᠢᠯᠠᠯᠲᠠ᠂  ᠪᠠᠭᠠᠴᠤᠳ ᠬᠡᠦᠬᠡᠳ ᠤᠨ ᠨᠤᠮ ᠵᠡᠷᠭᠡ 30 ᠭᠠᠷᠤᠶ ᠲᠦᠷᠦᠯ ᠪᠣᠶ᠃                  ︽ᠲᠠᠯ᠎ᠠ ᠨᠤᠲᠤᠭ ᠤᠨ ᠨᠣᠮ ᠤᠨ ᠥᠷᠥᠭᠡ︾  ᠨᠢᠭᠡᠨᠲᠡ  ᠦᠨᠳᠦᠰᠦᠨ  ᠱᠠᠲᠤᠨ ᠤ  ᠭᠤᠣᠯ  ᠪᠣᠯᠬᠤ  ᠰᠣᠶᠣᠯ ᠤᠨ ᠵᠢᠭᠰᠠᠭᠠᠯ ᠤᠨ ᠭᠠᠵᠠᠷ ᠪᠣᠯᠵᠤ᠂ ᠥᠷᠭᠡᠨ ᠣᠯᠠᠨ ᠮᠠᠯᠴᠢᠨ ᠲᠡᠷᠢᠶᠠᠴᠢᠠ  ᠲᠦᠮᠡᠨ ᠤ  ᠰᠣᠶᠣᠯ ᠤᠨ  ᠬᠥᠭᠵᠢᠯᠲᠡ ᠶᠢᠨ  ᠦᠷ᠎ᠡ ᠪᠦᠲᠦᠮᠵᠢ ᠶᠢ ᠬᠠᠮᠲᠤ ᠪᠠᠷ ᠡᠳ᠋ᠯᠡᠬᠦ ᠳᠤ ᠴᠢᠬᠤᠯᠠ ᠦᠢᠯᠡᠳᠦᠯ ᠦᠵᠡᠭᠦᠯᠵᠦ ᠪᠤᠢ᠃          
 
ᠢᠷᠡᠯᠲᠡ᠄ ᠦᠪᠦᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号