ᠮᠠᠯ ᠤᠨ ᠠᠷᠠᠯᠵᠢᠶᠠᠨ ᠤ ᠵᠠᠬ᠎ᠠ ᠶᠢ ᠴᠡᠭᠴᠡᠯᠡᠨ ᠵᠠᠰᠠᠬᠤ ᠲᠤᠬᠠᠶ ᠠᠯᠪᠠᠨ ᠵᠠᠷᠯᠠᠯ
ᠨᠡᠶᠢᠲᠡᠯᠡᠭᠰᠡᠨ ᠴᠠᠭ᠄
2023/1/13

ᠮᠠᠯ ᠤᠨ ᠠᠷᠠᠯᠵᠢᠶᠠᠨ ᠤ ᠵᠠᠬ᠎ᠠ ᠶᠢ ᠴᠡᠭᠴᠡᠯᠡᠨ ᠵᠠᠰᠠᠬᠤ ᠲᠤᠬᠠᠶ ᠠᠯᠪᠠᠨ ᠵᠠᠷᠯᠠᠯ

ᠠᠮᠢᠳᠤ ᠮᠠᠯ ᠤᠨ ᠠᠷᠠᠯᠵᠢᠶᠠᠨ ᠤ ᠵᠠᠬ᠎ᠠ ᠶᠢᠨ ᠡᠮᠬᠢ ᠳᠢᠭᠯᠢᠮ ᠢ ᠵᠢᠷᠣᠮᠵᠢᠭᠤᠯᠤᠨ᠂ ᠠᠮᠢᠳᠤ ᠮᠠᠯ ᠤᠨ ᠠᠷᠠᠯᠵᠢᠶᠠᠨ ᠤ

ᠶᠠᠪᠤᠴᠠ ᠳᠠᠬᠢ ᠬᠠᠤᠯᠢ ᠠᠴᠠ ᠵᠥᠷᠢᠴᠡᠭᠰᠡᠨ ᠶᠠᠯᠠᠲᠤ ᠠᠵᠢᠯᠯᠠᠭ᠎ᠠ ᠳᠤ ᠴᠢᠩᠭ᠎ᠠ ᠴᠣᠬᠢᠯᠲᠠ ᠥᠭᠴᠦ᠂ ᠪᠥᠬᠦ

ᠬᠤᠰᠢᠭᠤᠨ ᠤ ᠮᠠᠯ ᠠᠵᠤ ᠠᠬᠤᠶ ᠶᠢᠨ ᠡᠷᠡᠭᠦᠯ ᠬᠦᠭᠵᠢᠯᠲᠡ ᠶᠢ ᠦᠨᠡᠨᠬᠦ ᠪᠠᠲᠤᠯᠠᠬᠤ ᠶᠢᠨ ᠲᠤᠯᠠᠳᠠ᠂ ᠡᠳᠦᠭᠡ

ᠬᠠᠮᠢᠶ᠎ᠠ ᠪᠦᠬᠦᠢ ᠵᠦᠢᠯᠡᠰ ᠢ ᠵᠠᠷᠯᠠᠶ᠎ᠠ᠄

ᠨᠢᠭᠡ᠂ ᠠᠮᠢᠳᠤ ᠮᠠᠯ ᠤᠨ ᠠᠷᠠᠯᠵᠢᠶᠠᠨ ᠤ ᠵᠠᠬ᠎ᠠ ᠳᠠᠬᠢ ᠠᠷᠠᠯᠵᠢᠶ᠎ᠠ ᠮᠠᠶᠢᠮᠠᠢ ᠶᠢᠨ ᠰᠠᠶᠢᠨ ᠳᠤᠷ᠎ᠠ ᠶᠢᠨ᠂ ᠡᠷᠬᠡ ᠲᠡᠭᠰᠢ᠂

ᠢᠯᠡ ᠲᠣᠳᠤ᠂ ᠢᠲᠡᠭᠡᠮᠵᠢᠲᠡᠶ ᠪᠠᠶᠢᠬᠤ ᠵᠠᠷᠴᠢᠮ ᠢ ᠵᠢᠷᠤᠮᠯᠠᠵᠤ᠂ ᠪᠤᠶ ᠪᠦᠬᠦᠢ ᠠᠷᠠᠯᠵᠢᠶᠠᠨ ᠤ ᠨᠢᠭᠡᠴᠡ ᠪᠣᠯᠤᠨ

ᠬᠤᠪᠢ ᠬᠥᠮᠦᠨ ᠨᠢ ᠡᠷᠬᠡᠪᠰᠢ ᠤᠯᠤᠰ ᠤᠨ ᠬᠠᠮᠢᠶ᠎ᠠ ᠪᠦᠬᠦᠢ ᠬᠠᠤᠯᠢ ᠴᠠᠭᠠᠵᠠ ᠳᠥᠷᠢᠮ ᠲᠣᠭᠲᠠᠭᠠᠯ ᠢ ᠴᠢᠩᠭ᠎ᠠ

ᠵᠢᠷᠤᠮᠯᠠᠨ᠂ ᠵᠠᠬ᠎ᠠ ᠳᠡᠯᠭᠡᠭᠦᠷ ᠤᠨ ᠳᠦᠷᠢᠮ ᠲᠣᠭᠲᠠᠭᠠᠯ ᠢ ᠰᠠᠬᠢᠵᠤ᠂ ᠵᠠᠬ᠎ᠠ ᠳᠡᠯᠭᠡᠭᠦᠷ ᠤᠨ ᠬᠢᠨᠠᠨ ᠬᠠᠮᠢᠶᠠᠷᠤᠯᠲᠠ ᠶᠢ

 ᠲᠠᠭᠠᠨ᠂ ᠠᠷᠠᠯᠵᠢᠶᠠᠨ ᠤ ᠦᠢᠯᠡ ᠠᠵᠢᠯᠯᠠᠭ᠎ᠠ ᠪᠠᠨ ᠤᠬᠠᠮᠰᠠᠷ ᠠᠴᠠ ᠪᠠᠨ ᠵᠢᠷᠣᠮᠵᠢᠭᠤᠯᠵᠤ᠂ ᠠᠷᠠᠯᠵᠢᠶᠠᠨ ᠤ ᠡᠮᠬᠢ

ᠳᠢᠭᠯᠢᠮ ᠢ ᠰᠠᠶᠢᠳᠤᠷ ᠬᠠᠮᠠᠭᠠᠯᠠᠬᠤ ᠬᠡᠷᠡᠭᠲᠡᠶ᠃

ᠬᠤᠶᠠᠷ᠂ ︽ᠰᠢᠯᠤᠭᠤᠨ ᠬᠥᠬᠡ ᠬᠤᠰᠢᠭᠤᠨ ᠤ ᠠᠮᠢᠳᠤ ᠮᠠᠯ ᠤᠨ ᠠᠷᠠᠯᠵᠢᠶᠠᠨ ᠤ ᠵᠠᠬ᠎ᠠ ᠶᠢ ᠵᠢᠷᠤᠮᠵᠢᠭᠤᠯᠬᠤ

ᠲᠤᠰᠬᠠᠶ ᠴᠡᠭᠴᠡᠯᠡᠨ  ᠵᠠᠰᠠᠬᠤ ᠲᠥᠰᠦᠯ︾ ᠤᠨ ᠱᠠᠭᠠᠷᠳᠠᠯᠭ᠎ᠠ ᠶᠣᠰᠣᠭᠠᠷ᠂ 2023 ᠣᠨ ᠤ 1 ᠰᠠᠷ᠎ᠠ ᠠᠴᠠ

ᠡᠬᠢᠯᠡᠨ᠂ ᠰᠢᠯᠤᠭᠤᠨ ᠬᠥᠬᠡ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠨᠢ ᠠᠮᠢᠳᠤ ᠮᠠᠯ ᠤᠨ ᠠᠷᠠᠯᠵᠢᠶᠠᠨ ᠤ

ᠵᠠᠬ᠎ᠠ ᠶᠢ ᠵᠢᠷᠤᠮᠵᠢᠭᠤᠯᠬᠤ ᠲᠤᠰᠬᠠᠶ ᠴᠡᠭᠴᠡᠯᠡᠨ ᠵᠠᠰᠠᠬᠤ ᠠᠵᠢᠯ ᠤᠨ ᠤᠳᠤᠷᠢᠳᠬᠤ ᠳᠤᠭᠤᠶᠢᠯᠠᠩ ᠪᠠᠶᠢᠭᠤᠯᠵᠤ᠂

ᠠᠮᠢᠳᠤ ᠮᠠᠯ ᠤᠨ ᠠᠷᠠᠯᠵᠢᠶᠠᠨ ᠤ ᠵᠠᠬ᠎ᠠ ᠶᠢ ᠵᠢᠷᠤᠮᠵᠢᠭᠤᠯᠤᠨ ᠴᠡᠭᠴᠡᠯᠡᠵᠦ᠂ ᠠᠮᠢᠳᠤ ᠮᠠᠯ ᠤᠨ ᠠᠷᠠᠯᠵᠢᠶᠠᠨ ᠤ

ᠠᠵᠢᠯᠯᠠᠭ᠎ᠠ ᠳᠤᠮᠳᠠ ᠣᠷᠣᠰᠢᠵᠤ ᠪᠠᠶᠢᠭ᠎ᠠ ᠲᠥᠪ ᠪᠤᠰᠤ ᠥᠷᠢᠰᠥᠯᠳᠦᠭᠡᠨ᠂ ᠬᠠᠤᠯᠢ ᠠᠴᠠ ᠵᠥᠷᠢᠴᠡᠭᠰᠡᠨ ᠵᠠᠷ

ᠮᠡᠳᠡᠭᠡ᠂ ᠬᠤᠳᠠᠯ ᠬᠠᠭᠤᠷᠮᠠᠭ ᠤᠬᠠᠭᠤᠯᠭ᠎ᠠ ᠵᠡᠷᠭᠡ ᠬᠠᠤᠯᠢ ᠲᠣᠭᠲᠠᠭᠠᠯ ᠠᠴᠠ ᠵᠥᠷᠢᠴᠡᠭᠰᠡᠨ ᠦᠢᠯᠡ ᠠᠵᠢᠯᠯᠠᠭ᠎ᠠ ᠶᠢ

ᠭᠤᠣᠯᠳᠠᠯᠭ᠎ᠠ ᠲᠠᠢ ᠪᠠᠶᠢᠴᠠᠭᠠᠨ ᠰᠢᠢᠳᠪᠦᠷᠢᠯᠡᠵᠦ᠂ ᠠᠵᠢᠯ ᠨᠢᠭᠡᠲᠡᠨ ᠢᠶᠠᠨ ᠳᠠᠷᠤᠯᠠᠵᠤ ᠵᠠᠬ᠎ᠠ ᠳᠡᠯᠭᠡᠭᠦᠷ ᠢ ᠡᠵᠡᠷᠬᠡᠬᠦ᠂

ᠠᠯᠪᠠᠳᠠᠵᠤ ᠬᠤᠳᠠᠯᠳᠤᠨ ᠠᠪᠤᠭᠤᠯᠬᠤ᠂ ᠬᠢᠬᠠᠵᠤ ᠠᠪᠬᠤ᠂ ᠮᠡᠬᠡᠯᠡᠵᠦ ᠬᠠᠭᠤᠷᠬᠤ᠂ ᠵᠢᠵᠢᠭ ᠬᠤᠳᠠᠯᠳᠤᠭᠠᠴᠢᠨ

ᠮᠠᠶᠢᠮᠠᠶᠢᠴᠢᠨ ᠵᠢᠴᠢ ︽ᠬᠤᠶᠠᠷ ᠵᠦᠢᠯ ᠤᠨ ᠫᠠᠨᠽᠠᠴᠢᠨ︾ ᠬᠠᠮᠲᠤᠷᠠᠨ ᠵᠣᠷᠢᠭᠤᠳᠠ ᠦᠨ᠎ᠡ ᠳᠠᠷᠤᠬᠤ ᠪᠠ

ᠳᠤᠮᠳᠠ ᠠᠴᠠ ᠨᠢ ᠮᠥᠩᠭᠦ ᠣᠯᠬᠤ᠂ ᠵᠠᠭᠤᠴᠢᠯᠠᠨ ᠠᠷᠠᠯᠵᠢᠶᠠᠯᠠᠬᠤ ᠵᠡᠷᠭᠡ ᠬᠠᠤᠯᠢ ᠠᠴᠠ ᠵᠥᠷᠢᠴᠡᠭᠰᠡᠨ ᠶᠠᠯᠠᠲᠤ

ᠠᠵᠢᠯᠯᠠᠭ᠎ᠠ ᠳᠤ ᠴᠢᠩᠭ᠎ᠠ ᠴᠣᠬᠢᠯᠲᠠ ᠥᠭᠬᠦ ᠪᠣᠯᠤᠨ᠎ᠠ᠃

ᠭᠤᠷᠪᠠ᠂ ᠲᠤᠰᠬᠠᠶ ᠴᠡᠭᠴᠡᠯᠡᠨ ᠵᠠᠰᠠᠬᠤ ᠠᠵᠢᠯ ᠤᠨ ᠢᠯᠡ ᠲᠣᠳᠣ ᠴᠢᠨᠠᠷ ᠢ ᠪᠠᠷᠢᠮᠲᠠᠯᠠᠨ᠂ ᠢᠯᠡᠴᠢᠯᠡᠨ ᠮᠡᠳᠡᠭᠦᠯᠬᠦ

ᠤᠲᠠᠰᠤᠨ ᠤ ᠳ᠋ᠤᠭᠠᠷ ᠢ ᠨᠡᠶᠢᠭᠡᠮ ᠳᠠᠶᠠᠭᠠᠷ ᠲᠤ ᠨᠡᠶᠢᠲᠡᠯᠡᠵᠦ᠂ ᠢᠯᠡᠴᠢᠯᠡᠨ ᠮᠡᠳᠡᠭᠦᠯᠬᠦ ᠠᠷᠭ᠎ᠠ ᠵᠠᠮ ᠢ ᠰᠠᠭᠠᠳ ᠦᠭᠡᠶ

ᠨᠡᠪᠲᠡᠷᠡᠭᠦᠯᠦᠨ᠂ ᠨᠡᠶᠢᠭᠡᠮ ᠤᠨ ᠡᠯ᠎ᠡ ᠲᠠᠯ᠎ᠠ ᠶᠢᠨ ᠬᠢᠨ ᠤ ᠬᠢᠨᠠᠯᠲᠠ ᠶᠢ ᠬᠦᠯᠢᠶᠡᠨ᠎ᠡ᠃

ᠬᠢᠨᠠᠯᠲᠠ ᠲᠠᠯᠪᠢᠵᠤ ᠢᠯᠡᠴᠢᠯᠡᠨ ᠮᠡᠳᠡᠭᠦᠯᠬᠦ ᠤᠲᠠᠰᠤ᠄

ᠲᠠᠷᠢᠶᠠᠯᠠᠩ ᠮᠠᠯ ᠠᠵᠤ ᠠᠬᠤᠶ ᠪᠠ ᠰᠢᠨᠵᠢᠯᠡᠭᠡ ᠮᠡᠷᠭᠡᠵᠢᠯ ᠤᠨ ᠲᠣᠪᠴᠢᠶ᠎ᠠ᠄ 4239025

ᠳᠣᠲᠣᠭᠠᠳᠤ ᠶᠢ ᠬᠠᠮᠠᠭᠠᠯᠠᠬᠤ ᠲᠣᠪᠴᠢᠶ᠎ᠠ᠄ 422259

ᠵᠠᠬ᠎ᠠ ᠳᠡᠯᠭᠡᠭᠦᠷ ᠤᠨ ᠬᠢᠨᠠᠨ ᠬᠠᠮᠢᠶᠠᠷᠤᠯᠲᠠ ᠶᠢᠨ ᠲᠣᠪᠴᠢᠶ᠎ᠠ᠄ 12315

ᠰᠢᠯᠤᠭᠤᠨ ᠬᠥᠬᠡ ᠬᠤᠰᠢᠭᠤᠨ ᠤ ᠠᠮᠢᠳᠤ ᠮᠠᠯ ᠤᠨ ᠠᠷᠠᠯᠵᠢᠶᠠᠨ ᠤ ᠵᠠᠬ᠎ᠠ ᠳᠡᠯᠭᠡᠭᠦᠷ ᠢ ᠵᠢᠷᠤᠮᠵᠢᠭᠤᠯᠬᠤ ᠲᠤᠰᠬᠠᠶ

ᠴᠡᠭᠴᠡᠯᠡᠨ ᠵᠠᠰᠠᠬᠤ ᠠᠵᠢᠯ ᠤᠨ ᠤᠳᠤᠷᠢᠳᠬᠤ ᠳᠤᠭᠤᠶᠢᠯᠠᠩ

2023 ᠣᠨ ᠤ 1 ᠰᠠᠷ᠎ᠠ ᠶᠢᠨ 12 ᠤᠨ ᠡᠳᠦᠷ

ᠣᠷᠠᠯᠢᠭ ᠣᠷᠴᠢᠭᠤᠯᠵᠣ ᠮᠦᠳᠡᠭ ᠬᠢᠨᠠᠪᠠ

 

 
ᠢᠷᠡᠯᠲᠡ᠄ ᠰᠢᠯᠤᠭᠤᠨ ᠬᠥᠬᠡ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号