ᠰᠢᠯᠤᠭᠤᠨ ᠬᠥᠬᠡ ᠬᠤᠰᠢᠭᠤᠨ ᠤ ᠵᠠᠯᠠᠭᠤ ᠦᠶᠯᠡᠰ ᠴᠣᠭᠴᠠᠯᠠᠭᠴᠢ ᠯᠢ ᠰᠢᠤᠸᠠᠢ ᠯᠢᠶᠠᠨ
ᠨᠡᠶᠢᠲᠡᠯᠡᠭᠰᠡᠨ ᠴᠠᠭ᠄
2024/12/13
       ᠯᠢ ᠰᠢᠤᠸᠠᠢ ᠯᠢᠶᠠᠨ ᠪᠣᠯ ᠰᠢᠯᠤᠭᠤᠨ ᠬᠥᠬᠡ ᠬᠤᠰᠢᠭᠤᠨ ᠤ ᠵᠠᠯᠠᠭᠤ ᠦᠶᠯᠡᠰ ᠴᠣᠭᠴᠠᠯᠠᠭᠴᠢ ᠶᠢᠨ ᠨᠢᠬᠡᠨ᠂ ᠲᠡᠷᠠ‌‍ᠰᠢᠯᠤᠭᠤᠨ ᠬᠥᠬᠡ ᠬᠤᠰᠢᠭᠤᠨ ᠤ ᠴᠣᠯ ᠪᠠᠶᠢᠭᠠᠯᠢᠯᠢᠭ ᠨᠣᠳᠤᠭ ᠤᠨ ᠦᠬᠡᠷ ᠤᠨ ᠮᠢᠬ᠎ᠠ ᠶᠢ ᠪᠥᠬᠦ ᠤᠯᠤᠰ ᠤᠨ ᠡᠯ᠎ᠡ ᠭᠠᠵᠠᠷ ᠲᠤ ᠪᠣᠷᠣᠯᠠᠭᠤᠯᠣᠨ‌ᠭᠠᠷᠭᠠᠬᠤ ᠪᠠᠷ ᠴᠢᠷᠮᠠᠶᠢᠵᠤ᠂ ᠥᠪᠡᠷ ᠤᠨ ᠴᠥᠬᠦᠷᠡᠰᠢ ᠥᠬᠡᠢ ᠴᠢᠷᠮᠠᠶᠢᠯᠭ᠎ᠠ ᠪᠠᠷ  ᠢᠶᠠᠨ ᠨᠤᠲᠤᠭ ᠣᠷᠣᠨ ᠤ ᠪᠠᠨ ᠬᠥᠭᠵᠢᠯᠲᠡ ᠳᠤ ᠪᠠᠭ᠎ᠠ ᠴᠣ᠋ ᠬᠡᠰᠡᠨ ᠬᠤᠪᠢ ᠨᠡᠮᠡᠷᠢ ᠦᠵᠡᠬᠦᠯᠵᠦ ᠪᠣᠢ᠃      ᠰᠣᠷᠪᠣᠯᠵᠢᠯᠠᠬᠴᠢ ᠲᠠᠬᠦᠨ ᠲᠠᠢ ᠠᠭᠤᠯᠵᠠᠬᠤ ᠥᠶ᠎ᠡ ᠳᠤ ᠲᠡᠷᠡ ᠰᠢᠭᠤᠳ ᠨᠡᠪᠳᠡᠷᠡᠬᠦᠯᠬᠡ ᠪᠠᠷ ᠰᠠᠶ᠋ᠢᠬᠠᠨ ᠵᠠᠷᠣᠬᠰᠡᠨ ᠦᠬᠡᠷ ᠤᠨ ᠮᠢᠬ᠎ᠠ ᠶᠢ ᠲᠠᠨᠢᠯᠴᠠᠭᠤᠯᠵᠤ᠂ ᠬᠠᠯᠠᠭᠤᠮᠰᠤᠭ ᠥᠢᠯᠡᠴᠢᠯᠡᠭᠡ ᠪᠠᠷ ᠵᠣᠴᠢᠳ ᠤᠨ ᠠᠰᠠᠭᠤᠯᠲᠠ ᠨᠢᠭᠡᠪᠦᠷᠢ ᠶᠢ ᠬᠦᠯᠢᠴᠡᠩᠭᠦᠶ ᠪᠠᠷ ᠬᠠᠷᠢᠭᠤᠯᠵᠤ ᠪᠠᠶᠢᠯ᠎ᠠ᠃      2017 ᠣᠨ ᠳᠤ ᠶᠡᠭᠡ ᠰᠤᠷᠭᠠᠭᠤᠯᠢ ᠪᠠᠨ ᠲᠡᠭᠦᠰᠦᠭᠰᠡᠨ ᠤ ᠳᠠᠷᠠᠭ᠎ᠠ᠂ ᠯᠢ ᠰᠢᠤᠸᠠᠢ ᠯᠢᠶᠠᠨ ᠰᠤᠷᠭᠠᠨ ᠬᠥᠮᠦᠵᠢᠯ ᠤᠨ ᠠᠵᠢᠯ ᠲᠥᠷᠥᠯ ᠳᠤ ᠣᠷᠣᠵᠤ᠂ ᠨᠢᠭᠡᠨ ᠡᠬᠡᠯ ᠵᠢᠷ ᠤᠨ ᠪᠠᠭᠰᠢ ᠪᠠᠶᠢᠭᠰᠠᠨ ᠠᠴᠠ ᠪᠠᠨ ᠠᠯᠬᠤᠮ ᠠᠯᠬᠤᠮ ᠢᠶᠠᠷ ᠡᠷᠡᠭᠦᠯ ᠮᠡᠨᠳᠦ ᠶᠢᠨ ᠡᠷᠬᠢᠯᠡᠭᠴᠢ᠂ ᠴᠡᠴᠡᠷᠯᠢᠭ ᠤᠨ ᠬᠥᠢᠴᠡᠳᠬᠡᠭᠴᠢ ᠳᠠᠷᠤᠭ᠎ᠠ ᠶᠢᠨ ᠠᠵᠢᠯ ᠢ ᠬᠠᠷᠢᠭᠤᠴᠠᠵᠤ ᠪᠠᠶᠢᠵᠠᠢ᠃ 2022 ᠣᠨ ᠳᠤ᠂ ᠠᠵᠠ ᠲᠣᠬᠢᠶᠠᠯ ᠪᠡᠷ‌ᠯᠢ ᠰᠢᠤᠸᠠᠢ ᠯᠢᠶᠠᠨ ᠵᠢᠭᠤᠯᠴᠢᠯᠠᠯ ᠤᠨ ᠦᠢᠯᠡᠰ ᠲᠤ ᠰᠢᠯᠵᠢᠵᠣ ᠠᠵᠢᠯᠯᠠᠵᠠᠢ᠃      2024 ᠣᠨ‌‍ᠳᠣ ᠲᠡᠷᠡ ᠦᠬᠡᠷ ᠬᠤᠨᠢᠨ ᠤ ᠵᠠᠬ᠎ᠠ ᠳᠡᠯᠭᠡᠭᠦᠷ ᠤᠨ ᠦᠨ᠎ᠡ ᠬᠠᠩᠰᠢ  ᠲᠤᠤᠷ᠎ᠠ ᠮᠠᠯᠴᠢᠥᠨ ᠮᠠᠯ ᠤᠨᠤᠭ᠎ᠠ ᠪᠠᠨ ᠬᠤᠳᠠᠯᠳᠤᠬᠤ ᠳᠤ ᠲᠥᠬᠦᠮ ᠥᠭᠡᠢ ᠪᠠᠶᠢᠳᠠᠯ ᠳᠤ ᠴᠢᠭᠯᠡᠬᠦᠯᠥᠨ ᠪᠤᠱᠤᠤᠳᠠᠢ ᠨᠣᠳᠤᠭ ᠤᠨ ᠢᠶᠠᠨ ᠦᠬᠡᠷ ᠤᠨ ᠮᠢᠬ᠎ᠠ ᠶᠢ ᠡᠯ᠎ᠡ ᠭᠠᠵᠠᠷ ᠲᠤ ᠪᠤᠷᠤᠯᠠᠭᠤᠯᠬᠤ ᠪᠠᠷ ᠵᠣᠷᠢᠭ ᠰᠢᠭᠤᠳᠣᠨ᠂ ᠨᠢᠭᠡᠨ ᠵᠢᠵᠢᠭ ᠳᠡᠯᠭᠡᠭᠦᠷ ᠠᠵᠢᠯᠯᠠᠭᠤᠯᠵᠤ ᠡᠬᠢᠯᠡᠭᠦᠯᠪᠡ᠃ ᠠᠵᠢᠯ ᠡᠬᠢᠯᠡᠭᠰᠡᠨ ᠤ ᠳᠠᠷᠠᠭᠠᠬᠢ ᠵᠢᠵᠢᠭ ᠳᠡᠯᠭᠡᠭᠦᠷ ᠤᠨ ᠠᠷᠠᠯᠵᠢᠶ᠎ᠠ ᠮᠠᠰᠢ ᠬᠥᠭᠵᠢᠶᠡᠨ ᠲᠠᠢ᠂ ᠵᠣᠴᠢᠳ ᠲᠠᠰᠤᠷᠠᠯᠲᠠ ᠦᠭᠡᠢ ᠢᠷᠡᠵᠦ ᠪᠠᠶᠢᠯ᠎ᠠ᠃ ᠯᠢ ᠰᠢᠤᠸᠠᠢ ᠯᠢᠶᠠᠨ ᠲᠢᠺ ᠲᠣᠺ ᠪᠠ ᠸᠢᠳᠢᠣ᠋ ᠵᠡᠷᠭᠡ ᠰᠢᠨ᠎ᠡ ᠵᠠᠭᠤᠴᠢᠯᠠᠭᠤᠷ ᠤᠨ ᠲᠠᠪᠴᠠᠩ ᠢ ᠭᠦᠢᠴᠡᠳ ᠠᠰᠢᠭᠯᠠᠵᠤ᠂ ᠨᠣᠳᠤᠭ ‍ᠤᠨ‌ᠦᠬᠡᠷ ᠤᠨ ᠮᠢᠬᠠᠨ ᠤ ᠴᠢᠨᠠᠷ  ᠢ ᠳᠡᠯᠭᠡᠨ ᠦᠵᠡᠭᠦᠯᠦᠭᠰᠡᠨ ᠸᠢᠳᠢᠣ᠋ ᠶᠢ ᠨᠡᠶᠢᠳᠡᠯᠡᠨ᠂ ᠡᠳᠡᠭᠡᠷ ᠸᠢᠳᠢᠣ᠋ ᠨᠢ ᠰᠦᠯᠵᠢᠶᠡᠨ ᠠᠨᠳᠠ ᠶᠢᠨ ᠠᠩᠬᠠᠷᠣᠯ ᠢ ᠶᠡᠬᠡᠳᠡ ᠲᠠᠲᠠᠵᠤ᠂ ᠡᠳᠦᠷ ᠪᠦᠷᠢ ᠶᠢᠨ ᠥᠵᠡᠭᠰᠡᠨ ᠲᠤᠭ᠎ᠠ ᠲᠠᠰᠤᠷᠠᠯᠲᠠ ᠦᠭᠡᠢ ᠨᠡᠮᠡᠭᠳᠡᠵᠦ᠂ ᠲᠡᠬᠦᠨ ᠤ ᠦᠬᠡᠷ ᠤᠨ ᠮᠢᠬᠠᠨ ᠤ ᠪᠣᠷᠣᠯᠠᠭᠤᠯᠭ᠎ᠠ ᠶᠢ ᠳᠠᠶᠢᠴᠢᠯᠠᠭᠰᠠᠨ ᠢᠶᠠᠷ ᠪᠠᠷᠠᠬᠤ ᠦᠭᠡᠢ᠂ ᠮᠠᠯᠴᠢᠨ ᠲᠠᠷᠢᠶᠠᠴᠢᠨ ᠤ ᠦᠬᠡᠷ ᠤᠨ ᠮᠢᠬ᠎ᠠ ᠬᠤᠳᠠᠯᠳᠤᠬᠤ ᠳᠤ ᠨᠡᠩ ᠥᠷᠭᠡᠨ ᠠᠭᠤᠳᠠᠮ ᠵᠠᠬ᠎ᠠ ᠳᠡᠯᠭᠡᠭᠦᠷ ᠢ ᠨᠡᠭᠡᠭᠡᠵᠦ ᠥᠭᠴᠡᠢ᠃ ᠣᠶᠢᠯᠠᠭᠠᠭᠰᠠᠨ ᠢᠶᠠᠷ᠂ ᠣᠳᠣᠬᠠᠨ ᠳᠤ ᠲᠤᠰ ᠳᠡᠯᠭᠡᠭᠦᠷ ᠡᠳᠦᠷ ᠪᠦᠷᠢ ᠭᠠᠳ᠋ᠬᠠᠠᠰᠢ ᠳᠤᠮᠳᠠᠴᠢ ᠪᠠᠷ 200 —300 ᠵᠢᠩ ᠮᠢᠬ᠎ᠠ ᠪᠣᠷᠣᠯᠠᠭᠤᠯᠵᠣ ᠪᠠᠶᠢᠨ᠎ᠠ᠃      ᠰᠢᠯᠤᠭᠤᠨ ᠬᠥᠬᠡ ᠬᠤᠰᠢᠭᠤᠨ ᠤ ᠪᠤᠱᠤᠤᠳᠠᠢ ᠰᠣᠮᠣᠨ ᠤ ᠭᠤᠭᠤᠰᠤᠳᠠᠢ ᠭᠠᠴᠠᠭᠠᠨ ᠤ ᠮᠠᠯᠴᠢᠨ ᠠᠭᠤᠯᠠ᠄ ︽ᠮᠠᠨ ᠤ ᠬᠢᠨ ᠲᠠᠪᠢᠭᠠᠳ ᠨᠣᠳᠤᠭ ‍ᠤᠨ‌ᠦᠬᠡᠷ ᠮᠠᠯᠵᠢᠳᠠᠭ᠂ ᠰᠢᠶᠣᠤ ᠯᠢ ᠮᠠᠨ ᠤ ᠬᠢ ᠠᠴᠠ ᠠᠷᠪᠠᠨ ᠬᠡᠳᠦᠨ ᠨᠣᠳᠤᠭ ᠤᠨ ᠦᠬᠡᠷ ᠠᠪᠤᠠᠠᠰᠠᠨ ᠪᠥᠭᠡᠳ ᠦᠨ᠎ᠡ ᠬᠠᠩᠰᠢ ᠴᠦ ᠲᠣᠬᠢᠷᠠᠮᠵᠢᠳᠠᠢ᠂ ᠣᠳᠣ ᠵᠠᠬ᠎ᠠ ᠳᠡᠯᠭᠡᠭᠦᠷ ᠳᠠᠬᠢ ᠦᠬᠡᠷ ᠤᠨ ᠦᠨ᠎ᠡ ᠮᠠᠰᠢ ᠳᠣᠤᠷ᠎ᠠ ᠪᠠᠶᠢᠨ᠎ᠠ᠂ ᠲᠡᠬᠦᠨ ᠤ ᠢᠩᠭᠢᠵᠦ ᠬᠢᠬᠦ ᠨᠢ ᠦᠨᠡᠬᠡᠷ ᠮᠠᠨ ᠤ ᠮᠠᠯᠴᠢᠳ ᠲᠤ ᠮᠠᠰᠢ ᠶᠡᠭᠡ ᠬᠠᠪᠰᠤᠷᠤᠯᠭ᠎ᠠ ᠪᠣᠯᠵᠠᠶ︾ ᠬᠡᠯ᠎ᠡ᠃     ᠬᠡᠳᠦᠶᠢᠪᠡᠷ ᠠᠷᠠᠯᠵᠢᠶ᠎ᠠ ᠮᠠᠶᠢᠮᠠᠢ ᠨᠢ ᠬᠥᠭᠵᠢᠶᠡᠨᠲᠡᠢ ᠪᠠᠶᠢᠭᠰᠠᠨ ᠴᠤ᠂ ᠯᠢ ᠰᠢᠤᠸᠠᠢ ᠯᠢᠶᠠᠨ ᠢᠮᠠᠭᠲᠠ ᠶᠠᠰᠤ ᠴᠢᠨᠠᠷ ᠢ ᠲᠡᠷᠢᠬᠦᠨ ᠪᠠᠶᠢᠷᠢᠨ ᠳᠤ ᠲᠠᠯᠪᠢᠵᠣ᠂ ᠲᠤᠬᠠᠢ ᠶᠢᠨ ᠭᠠᠵᠠᠷ ᠤᠨ ᠨᠣᠳᠤᠭ ᠤᠨ ᠦᠬᠡᠷ ᠢ ᠰᠣᠩᠭᠤᠨ ᠬᠡᠷᠡᠭᠯᠡᠬᠦ  ᠶᠢ ᠵᠤᠷᠢᠠᠠᠰᠠᠠ ᠪᠠᠶᠢᠯ᠎ᠠ᠃      ᠯᠢ ᠰᠢᠤᠸᠠᠢ ᠯᠢᠶᠠᠨ᠄ ︽ᠣᠬᠤᠷ ᠪᠢᠴᠢᠯᠬᠡ ᠶᠢᠨ ᠤᠬᠠᠭᠤᠯᠬᠤ ᠠᠷᠭ᠎ᠠ ᠮᠠᠶ᠋ᠢᠭ ᠢᠶᠠᠷ ᠳᠠᠮᠵᠢᠭᠤᠯᠤᠨ ᠠᠯᠳᠠᠩᠬᠤᠸ᠎ᠠ ᠶᠢᠨ ᠲᠠᠯ᠎ᠠ ᠨᠤᠲᠤᠭ ᠤᠨ ᠭᠤᠸ᠎ᠠ ᠰᠠᠶᠢᠬᠠᠨ ᠢ ᠨᠠᠩ ᠣᠯᠠᠨ ᠬᠦᠮᠦᠰ ᠲᠤ ᠬᠠᠷᠠᠭᠤᠯᠳᠠᠭ᠃ ᠪᠢ ᠪᠣᠯ ᠰᠢᠯᠣᠭᠤᠨ ᠬᠥᠬᠡ ᠬᠤᠰᠢᠭᠤᠨ ᠤ ᠬᠥᠮᠦᠨ᠂ ᠨᠤᠲᠤᠭ ᠤᠰᠤᠨ ᠳᠠᠭᠠᠨ ᠭᠦᠨ ᠵᠤᠵᠠᠭᠠᠨ ᠬᠠᠶᠢᠷ᠎ᠠ ᠰᠡᠳᠬᠢᠯᠭᠡ ᠲᠠᠢ᠂ ᠪᠢ ᠱᠠᠩᠳᠣ ᠠᠮᠢᠳᠤᠷᠠᠯ ᠤᠨ ᠠᠭᠤᠳᠠᠮ ᠲᠠᠯᠠᠪᠠᠶ ᠶᠢᠨ ᠬᠦᠷᠢᠶᠡᠨ ᠳᠤ ᠲᠢᠶᠠᠨ ᠮᠥ ᠴᠣᠯ ᠪᠠᠶᠢᠭᠠᠯᠢᠯᠢᠭ ᠦᠬᠡᠷ ᠬᠤᠨᠢᠨ ᠮᠢᠬᠠᠨ ᠤ ᠲᠡᠯᠬᠡᠬᠦᠷ ᠨᠡᠭᠡᠭᠡᠵᠦ᠂ ᠪᠦᠷ ᠪᠤᠱᠤᠤᠳᠠᠶ ᠰᠣᠮᠣᠨ ᠤ ᠮᠠᠯᠵᠢᠬᠤ ᠣᠷᠣᠨ ᠤ ᠪᠡᠯᠴᠢᠭᠡᠷ ᠤᠨ ᠦᠬᠡᠷ ᠬᠤᠨᠢᠨ ᠤ ᠮᠢᠬ᠎ᠠ ᠪᠣᠯᠬᠤᠷ ᠮᠢᠬᠠᠨ ᠤ ᠴᠢᠨᠠᠷ ᠠᠰᠠᠭᠤᠳᠠᠯ ᠥᠭᠡᠢ᠃ ᠬᠤᠶᠢᠰᠢᠳᠠ‌ᠡᠨᠡᠬᠦ‌ᠥᠢᠯᠡᠰ ᠵᠶ᠋ᠡᠨ‌ᠤᠯᠠᠮ ᠥᠷᠭᠡᠵᠢᠬᠦᠯᠵᠤ ᠨᠤᠲᠤᠭ‌‍ᠤᠨ ᠮᠠᠯ ᠢᠶᠠᠨ ᠭᠠᠳ᠋ᠬᠠᠰᠢ ᠤᠬᠠᠭᠤᠯᠵᠤ ᠥᠷᠭᠡᠨ ᠤᠯᠠᠨ ᠮᠠᠯᠴᠢᠨ ᠲᠥᠮᠡᠨ ᠤ ᠮᠠᠯ ᠤᠨ ᠭᠠᠷᠭᠠᠯᠳᠠ ᠶᠢᠨ ᠬᠥᠴᠢᠷᠳᠠᠢ ᠠᠰᠠᠭᠤᠳᠠᠯ ᠳᠤ ᠲᠤᠰᠠ ᠲᠡᠮᠵᠢᠯᠭᠡ ᠦᠭᠴᠦ ᠡᠬᠦᠨ ᠤ ᠲᠠᠭᠠᠤ ᠳᠤ ᠥᠪᠡᠷ ‍ᠦᠨ‌ᠤᠷᠤᠯᠭ᠎ᠠ ᠪᠠᠨ ᠨᠡᠮᠡᠭᠳᠡᠬᠦᠯᠬᠦ ᠪᠠᠷ ᠴᠢᠷᠮᠠᠶᠢᠨ ᠠᠵᠢᠯᠯᠠᠨ᠎ᠠ  ︾ ᠬᠡᠯ᠎ᠡ᠃  
 
ᠢᠷᠡᠯᠲᠡ᠄ ᠰᠢᠯᠤᠭᠤᠨ ᠬᠥᠬᠡ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号