ᠰᠢᠷᠭᠠᠭᠤ ᠬᠦᠳᠡᠯᠮᠦᠷᠢ ᠠᠴᠠ ᠰᠢᠨ᠎ᠡ ᠠᠮᠢᠳᠤᠷᠠᠯ
ᠨᠡᠶᠢᠲᠡᠯᠡᠭᠰᠡᠨ ᠴᠠᠭ᠄
2024/3/11
    — ᠮᠠᠯᠴᠢᠨ ᠰᠤᠶᠤᠯᠳᠤ ᠶᠢᠨ ᠬᠢ ᠶᠢ ᠰᠤᠷᠪᠤᠯᠵᠢᠯᠠᠭᠰᠠᠨ ᠳᠡᠮᠳᠡᠭᠯᠡᠯ                  ᠴᠢᠮᠡᠭᠡᠯᠡᠭᠴᠢ ᠲᠤ᠋ ᠤᠶᠤᠨᠪᠢᠯᠢᠭ᠌      ᠵᠤᠷᠢᠭᠰᠠᠨ ᠦᠢᠯᠡᠰ ᠤᠨ ᠢᠶᠠᠨ ᠲᠦᠯᠦᠭᠡ ᠵᠤᠷᠢᠭᠳᠠᠢ ᠴᠢᠷᠮᠠᠶᠢᠵᠦ᠂ ᠬᠤᠶᠠᠷ ᠭᠠᠷ ᠬᠦᠳᠡᠯᠮᠦᠷᠢ ᠵᠢᠳᠬᠦᠯ  ᠢᠶᠠᠷ ᠪᠤᠰᠬᠠᠭᠰᠠᠨ ᠠᠮᠢᠳᠤᠷᠠᠯ ᠤᠨ ᠳᠠᠭᠳᠤ ᠦᠵᠡᠰᠭᠦᠯᠡᠩ ᠮᠦᠷᠳᠡᠭᠡᠨ ᠪᠠᠬᠢᠯᠢᠭ᠌ ᠪᠠᠶᠢᠳᠠᠭ ᠪᠢᠯᠡ︕      ᠰᠢᠯᠤᠭᠤᠨ ᠬᠦᠭᠡ ᠬᠤᠰᠢᠭᠤᠨ ᠤ ᠨᠠᠷᠠᠳᠤ ᠰᠤᠮᠤᠨ ᠤ ᠮᠠᠯᠴᠢᠨ ᠰᠤᠶᠤᠯᠳᠤ ᠨᠠᠷᠠᠨᠳᠤᠶᠠᠭ᠎ᠠ ᠬᠤᠶᠠᠷ ᠤᠨ ᠠᠶᠢᠯ ᠭᠡᠷ ᠪᠤᠯᠤᠭᠰᠠᠨ ᠠᠴᠠ ᠪᠠᠨ ᠠᠪᠤᠭᠠᠳ ᠠᠮᠵᠢᠯᠳᠠ ᠳᠤ ᠬᠦᠷᠦᠭᠰᠡᠨ ᠦᠨᠦᠳᠦᠷ ᠬᠦᠷᠳᠡᠯᠡᠭᠢ ᠵᠠᠮ ᠮᠦᠷ ᠤᠨ ᠡᠩᠭᠦᠯ ᠲᠤᠩᠬᠤᠯ ᠪᠡᠷᠭᠡ ᠪᠠᠷᠳᠠᠭ᠎ᠠ ᠶᠢ ᠶᠠᠷᠢᠬᠤ ᠳᠤ ᠤᠯᠠᠨ ᠦᠯᠢᠭᠡᠷ ᠠᠭᠤᠯᠤᠭᠳᠠᠭᠰᠠᠨ ᠪᠠᠶᠢᠳᠠᠭ᠃
微信图片_20240311163306.jpg
微信图片_20240311163310.jpg
微信图片_20240311163316.jpg
微信图片_20240311163320.jpg
     ᠳᠡᠳᠡ ᠬᠤᠶᠠᠷ 1990 ᠤᠨ ᠳᠤ ᠠᠶᠢᠯ ᠪᠤᠯᠬᠤ ᠦᠶ᠎ᠡ ᠳᠤ ᠲᠤᠰᠬᠠᠢ ᠤᠷᠤᠨ ᠰᠠᠭᠤᠴᠠ ᠦᠭᠡᠢ᠂  ᠮᠠᠯ ᠤᠨᠤᠭ᠎ᠠ ᠨᠢ ᠴᠦᠭᠡᠭᠡᠨ ᠠᠮᠢᠳᠤᠷᠠᠯ ᠤᠨ ᠰᠠᠭᠤᠷᠢ ᠠᠨᠠᠢ ᠪᠠᠶᠢᠵᠦ᠂ ᠬᠤᠪᠢᠳᠠᠵᠤ ᠤᠯᠤᠭᠰᠠᠨ ᠭᠠᠭᠴᠠ ᠬᠦᠮᠦᠨ ᠤ ᠭᠠᠵᠠᠷ ᠨᠢ 260 ᠮᠤ᠋ ᠯᠡ ᠨᠤᠳᠤᠭ ᠪᠤᠯᠬᠤᠷ ᠠᠷᠭ᠎ᠠ ᠪᠤᠰᠤ ᠰᠤᠮᠤᠨ ᠤ ᠲᠦᠪ ᠲᠤ ᠬᠡᠷ ᠲᠦᠷᠢᠶᠡᠰᠦᠯᠡᠨ ᠨᠢᠯᠬ᠎ᠠ ᠬᠡᠦᠬᠡᠳ ᠢᠶᠠᠨ ᠬᠠᠷᠠᠵᠤ ᠬᠠᠷᠠᠭᠠᠯᠵᠠᠬᠤ ᠶᠢᠨ ᠳᠠᠭᠠᠤ ᠬᠦᠴᠦᠨ ᠤ ᠠᠵᠢᠯ ᠬᠢᠵᠦ ᠪᠠᠭ᠎ᠠ ᠰᠠᠭ᠎ᠠ ᠮᠦᠩᠭᠦ ᠲᠦᠭᠦᠷᠢᠭ ᠤᠯᠤᠨ ᠡᠳᠦᠷ ᠬᠤᠨᠤᠭ ᠢ ᠦᠩᠭᠡᠷᠡᠭᠦᠯᠵᠦ ᠪᠠᠶᠢᠵᠠᠢ᠃ ᠰᠤᠮᠤᠨ ᠤ ᠲᠦᠪ ᠭᠡᠵᠦ ᠠᠶᠢᠯ ᠴᠦᠭᠡᠨ ᠤᠯᠢᠭᠳᠠᠶᠢᠬᠠᠨ ᠬᠦᠯᠦᠰᠦ ᠵᠤᠭᠤᠰ ᠤᠯᠴᠢᠬᠠᠮᠠᠷ ᠠᠵᠢᠯ ᠴᠦ ᠦᠭᠡᠢ ᠪᠤᠯᠬᠤᠷ ᠰᠤᠶᠤᠯᠳᠤ ᠨᠠᠷᠠᠨᠳᠤᠶᠠᠭ᠎ᠠ ᠬᠤᠶᠠᠭᠤᠯᠠ ᠬᠡᠳᠦᠨ ᠮᠠᠯ  ᠢᠶᠠᠨ ᠡᠭᠡᠴᠢ ᠬᠦᠷᠭᠡᠨ ᠠᠬ᠎ᠠ ᠶᠢᠨ ᠳᠠᠭᠠᠨ ᠨᠡᠶᠢᠳᠠᠵᠤ ᠦᠭᠭᠦᠭᠡᠳ ᠵᠤᠷᠢᠭ ᠢᠶᠠᠨ ᠬᠦᠪᠴᠢᠯᠡᠨ ᠨᠢᠯᠬ᠎ᠠ ᠪᠠᠨ ᠳᠠᠭᠠᠭᠤᠯᠵᠤ ᠠᠯᠤᠰ ᠬᠤᠯᠠ ᠬᠦᠬᠡᠬᠤᠳᠠ ᠶᠢ ᠵᠤᠷᠢᠵᠦ ᠨᠢᠭᠡᠨ ᠰᠢᠨ᠎ᠡ ᠠᠮᠢᠳᠤᠷᠠᠯ ᠤᠨ ᠵᠠᠮ ᠢ ᠡᠯᠭᠦᠭᠰᠡᠨ ᠪᠠᠶᠢᠨ᠎ᠠ᠃
微信图片_20240311163258.jpg
       ᠠᠯᠤᠰ ᠤᠨ ᠨᠤᠳᠤᠭ ᠲᠤ ᠢᠷᠡᠭᠡᠳ ᠠᠮᠤᠷ ᠰᠠᠭᠤᠵᠤ ᠨᠡᠩ ᠴᠦ ᠪᠤᠯᠬᠤ ᠦᠭᠡᠢ ᠪᠤᠯᠬᠤᠷ ᠰᠦᠨ ᠤ ᠦᠢᠯᠡᠳᠪᠦᠷᠢ᠂ ᠠᠷᠢᠬᠢᠨ ᠤ ᠦᠢᠯᠡᠳᠪᠦᠷᠢ᠂ ᠰᠠᠭᠠᠯᠢ ᠶᠢᠨ ᠦᠨᠢᠶᠠᠨ ᠤ ᠲᠤᠰᠬᠤᠨ ᠢᠶᠠᠷ ᠬᠡᠦᠬᠡᠳ ᠢᠶᠠᠨ ᠡᠭᠦᠷᠦᠨ ᠬᠦᠴᠦ ᠶᠠᠪᠤᠵᠤ᠂ ᠠᠴᠢᠶᠠᠨ ᠤ ᠮᠠᠰᠢᠨ ᠠᠴᠠ ᠼᠧᠮᠧᠨ᠋ᠲ ᠡᠭᠦᠷᠴᠦ ᠪᠠᠭᠤᠯᠭᠠᠬᠤ᠂ ᠠᠷᠢᠬᠢᠨ ᠯᠤᠩᠬᠤ ᠳᠡᠭᠦᠭᠦ᠂ ᠯᠤᠩᠬᠤᠨ ᠬᠠᠪᠬᠠᠭᠠᠰᠤ ᠳᠡᠭᠦᠭᠦ ᠵᠡᠷᠭᠡ ᠠᠵᠢᠯ ᠪᠤᠯᠭᠠᠨ ᠢ ᠭᠤᠯᠤᠯ ᠦᠭᠡᠢ ᠬᠢᠳᠡᠭ ᠪᠠᠶᠢᠯ᠎ᠠ᠃1996 ᠤᠨ ᠳᠤ ᠵᠢᠷᠭᠤᠭᠠᠨ ᠵᠢᠯ ᠬᠦᠴᠦᠨ ᠤ ᠠᠵᠢᠯ ᠬᠢᠭᠰᠡᠨ ᠳᠡᠷᠡ ᠬᠤᠶᠠᠭᠤᠯᠠ ᠬᠦᠦ ᠨᠢ ᠰᠤᠷᠭᠠᠭᠤᠯᠢ ᠳᠤ ᠰᠠᠭᠤᠬᠤ ᠪᠤᠯᠤᠭᠰᠠᠨ ᠪᠤᠯᠬᠤᠷ ᠲᠦᠷᠦᠭᠰᠡᠨ ᠨᠤᠳᠤᠭ ᠰᠢᠯᠤᠭᠤᠨ ᠬᠦᠭᠡ ᠬᠤᠰᠢᠭᠤᠨ ᠤ ᠪᠠᠨ ᠨᠠᠷᠠᠳᠤ ᠰᠤᠮᠤᠨ ᠳᠠᠭᠠᠨ ᠪᠤᠴᠠᠨ ᠢᠷᠡᠵᠦ᠂ ᠳᠠᠬᠢᠨᠳᠠ ᠮᠠᠯ ᠠᠵᠤ ᠠᠬᠤᠢ ᠲᠠᠢ ᠪᠠᠨ ᠵᠤᠯᠭᠠᠵᠠᠢ᠃      ᠥᠪᠡᠷᠳᠡᠭᠡᠨ ᠲᠤᠰᠬᠠᠢ ᠤᠷᠤᠨ ᠰᠠᠭᠤᠴᠠ ᠪᠠᠶᠢᠬᠤ ᠦᠭᠡᠢ ᠪᠤᠯᠬᠤᠷ ᠡᠬᠢᠯᠡᠭᠡᠳ ᠭᠤᠭᠤᠰᠤᠳᠠᠢ ᠭᠠᠴᠠᠭᠠᠨ ᠳᠤ ᠪᠠᠶᠢᠭ᠎ᠠ ᠡᠬᠡᠴᠢ ᠬᠦᠷᠭᠡᠨ ᠠᠬ᠎ᠠ ᠶᠢᠨ ᠢᠶᠠᠨ ᠮᠠᠯ ᠤᠨᠤᠭ᠎ᠠ ᠶᠢ ᠠᠷᠠᠴᠢᠯᠠᠨ ᠳᠤᠳᠤᠮᠳᠠᠬᠤ ᠶᠢᠨ ᠬᠠᠮᠳᠤ ᠪᠤᠰᠤᠳ  ᠠᠴᠠ ᠨᠤᠳᠤᠭ ᠲᠦᠷᠢᠶᠡᠰᠦᠯᠡᠨ ᠥᠪᠡᠷ ᠤᠨ ᠬᠡᠳᠦᠨ ᠮᠠᠯ ᠢᠶᠠᠨ ᠦᠰᠭᠡᠵᠦ᠂ ᠡᠨᠡ ᠬᠤᠭᠤᠷᠤᠨᠳᠤ ᠰᠤᠶᠤᠯᠳᠤ ᠳᠤᠭᠤᠭᠠᠴᠢ ᠶᠢᠨ ᠮᠡᠷᠭᠡᠵᠢᠯ ᠤᠨ ᠠᠩᠬᠢ ᠳᠤ ᠰᠤᠷᠤᠯᠴᠠᠨ ᠬᠦᠷᠭᠡᠨ ᠠᠬ᠎ᠠ ᠶᠢᠨ ᠢᠶᠠᠨ ᠡᠷᠬᠢᠯᠡᠵᠦ ᠪᠠᠶᠢᠬᠤ ᠵᠤᠭᠠᠴᠠᠯ  ᠤᠨ ᠭᠠᠵᠠᠷ ᠲᠤ ᠨᠢ ᠬᠠᠮᠵᠢᠯᠴᠠᠨ ᠲᠤᠰᠬᠠᠢ ᠲᠤᠭᠤᠭᠠᠴᠢ ᠪᠤᠯᠤᠭᠰᠠᠨ ᠪᠠᠶᠢᠨ᠎ᠠ᠃     2020 ᠤᠨ ᠳᠤ ᠬᠦᠦ ᠨᠢ ᠶᠡᠭᠡ ᠰᠤᠷᠭᠠᠭᠤᠯᠢ ᠪᠠᠨ ᠳᠡᠭᠦᠰᠭᠡᠵᠦ ᠤᠯᠠᠨ ᠵᠢᠯ ᠭᠠᠳᠠᠭᠤᠷ ᠶᠠᠪᠤᠭᠰᠠᠨ ᠰᠤᠶᠤᠯᠳᠤ ᠨᠠᠷᠠᠨᠳᠤᠶᠠᠭ᠎ᠠ ᠬᠤᠶᠠᠷ ᠴᠦ ᠨᠤᠳᠤᠭ ᠪᠤᠴᠠᠵᠤ ᠥᠪᠡᠷ ᠤᠨ ᠬᠡᠰᠡᠨ ᠠᠮᠢᠳᠤᠷᠠᠯ ᠲᠠᠢ ᠠᠶᠢᠯ ᠪᠤᠯᠬᠤ ᠭᠡᠰᠡᠨ ᠡᠷᠡᠮᠡᠯᠵᠡᠯ ᠢᠶᠠᠨ ᠬᠦᠢᠴᠡᠳᠭᠡᠭᠦ ᠪᠠᠷ ᠨᠠᠷᠠᠳᠤ ᠰᠤᠮᠤᠨ ᠤ ᠳᠠᠭᠤᠳᠤᠨᠠᠭᠤᠷ ᠭᠠᠴᠠᠭᠠᠨ ᠳᠤ ᠪᠠᠨ ᠢᠷᠡᠵᠦ᠂ ᠤᠳᠤᠬᠢᠴᠢᠯᠠᠭᠰᠠᠨ ᠮᠠᠶ᠋ᠢᠭ ᠤᠨ ᠰᠢᠨ᠎ᠡ ᠪᠠᠶᠢᠰᠢᠩ ᠬᠦᠮᠦᠷᠭᠡ᠂ ᠴᠤᠯ ᠳᠤᠭᠤᠰᠬᠠᠨ ᠪᠦᠲᠦᠴᠡ ᠲᠠᠢ ᠲᠤᠯᠠᠭᠠᠨ ᠫᠧᠩ ᠬᠤᠷᠤᠭ᠎ᠠ ᠪᠠᠷᠢᠵᠦ᠂ ᠬᠤᠷᠢᠨ ᠵᠢᠯ ᠤᠨ ︽ᠲᠤᠭᠤᠷᠢᠨ ᠵᠢᠭᠤᠯᠴᠢᠯᠠᠭᠰᠠᠨ︾ ᠠᠮᠢᠳᠤᠷᠠᠯ ᠢᠶᠠᠨ ᠪᠦᠷᠢᠨ ᠪᠦᠲᠦᠨ ᠰᠠᠭᠤᠷᠢᠰᠢᠭᠰᠠᠨ ᠠᠮᠢᠳᠤᠷᠠᠯ ᠢᠶᠠᠷ ᠰᠤᠯᠢᠵᠦ ᠠᠪᠴᠢᠷᠠᠯ᠎ᠠ᠃
微信图片_20240311163306.jpg
微信图片_20240311162558.jpg
     ᠡᠨᠡ ᠵᠢᠯ ᠡᠳᠡᠨᠡᠶᠢᠬᠢ ᠥᠪᠡᠷ ᠤᠨ ᠬᠢ ᠠᠴᠠ ᠪᠠᠨ ᠭᠠᠳᠠᠨ᠎ᠠ ᠪᠤᠰᠤᠳ ᠠᠴᠠ ᠳᠠᠭᠠᠭᠠᠴᠢᠯᠠᠭᠰᠠᠨ ᠮᠠᠯ ᠲᠠᠢ  ᠪᠠᠨ ᠨᠡᠶᠢᠳᠡ 80 ᠭᠠᠷᠤᠢ ᠦᠭᠡᠷ᠂ ᠬᠤᠷᠢᠭᠠᠳ ᠬᠤᠨᠢ᠂ ᠴᠦᠭᠡᠪᠦᠷᠢ ᠠᠳᠤᠭᠤ ᠮᠠᠯᠵᠢᠵᠦ᠂ ᠥᠪᠡᠷ ᠤᠨ ᠬᠠᠳᠤᠯᠠᠩ ᠲᠦᠴᠢᠭᠡᠳ ᠲᠤᠨ ᠡᠪᠡᠰᠦ᠂ 50 ᠲᠤᠨ ᠨᠤᠭᠤᠭᠠᠨ ᠳᠠᠷᠤᠰᠢ ᠶᠢᠨ ᠳᠡᠭᠡᠷ᠎ᠡ ᠭᠠᠳᠠᠨ᠎ᠠ ᠠᠴᠠ 15 ᠲᠤᠨ ᠨᠠᠷᠢᠯᠢᠭ ᠪᠤᠷᠳᠤᠭ᠎ᠠ᠂ 200 ᠭᠠᠷᠤᠢ ᠲᠤᠨ ᠨᠤᠭᠤᠭᠠᠨ ᠲᠠᠷᠤᠰᠢ ᠠᠪᠴᠤ ᠮᠠᠯ ᠤᠨ ᠳᠠᠷᠭᠤ ᠬᠦᠴᠦ ᠶᠢ ᠪᠠᠳᠤᠯᠠᠬᠤ ᠳᠡᠭᠡᠷ᠎ᠡ ᠶᠡᠬᠡᠭᠡᠨ ᠰᠠᠨᠠᠭ᠎ᠠ ᠳᠠᠯᠪᠢᠵᠦ᠂ ᠬᠠᠪᠤᠷ ᠤᠨ ᠬᠠᠰᠢᠶᠠᠯᠠᠭ᠎ᠠ ᠶᠢᠨ ᠬᠤᠭᠤᠴᠠᠭᠠᠨ ᠳᠤ ᠬᠡᠷᠡᠭᠰᠡᠬᠦ ᠡᠪᠡᠰᠦ ᠪᠤᠷᠳᠤᠭ᠎ᠠ ᠪᠠᠨ ᠪᠦᠷᠢᠨ ᠬᠦᠢᠴᠡᠳ ᠪᠡᠯᠡᠳᠭᠡᠭᠰᠡᠨ ᠪᠠᠶᠢᠨ᠎ᠠ᠃ ᠰᠤᠶᠤᠯᠳᠤ ᠮᠠᠯ ᠤᠨ ᠡᠭᠦᠯᠳᠡᠷ ᠰᠠᠶᠢᠵᠢᠷᠠᠭᠤᠯᠬᠤ ᠶᠢ ᠴᠢᠬᠤᠯᠠᠴᠢᠯᠠᠨ ᠭᠠᠳᠠᠨ᠎ᠠ ᠭᠠᠵᠠᠷ ᠠᠴᠠ ᠰᠠᠶᠢᠨ ᠡᠭᠦᠯᠳᠡᠷ ᠤᠨ ᠪᠤᠬ᠎ᠠ ᠬᠤᠳᠠᠯᠳᠤᠨ ᠠᠪᠴᠢᠷᠠᠭᠰᠠᠨ ᠪᠦᠭᠡᠳ ᠬᠦᠦ ᠰᠦᠷᠯᠢᠭ ᠨᠢ ᠢᠴᠡᠭᠡᠯ ᠦᠷ᠎ᠡ ᠶᠢᠨ ᠭᠡᠭᠡᠯᠳᠦᠭᠦᠯᠭᠡ ᠶᠢᠨ ᠮᠡᠷᠭᠡᠵᠢᠯ ᠡᠵᠡᠮᠰᠢᠵᠦ᠂ ᠤᠳᠤᠬᠠᠨ ᠪᠤᠯᠳᠠᠯ᠎ᠠ ᠭᠤᠴᠢ ᠤᠷᠴᠢᠮ ᠡᠷᠳᠡ  ᠶᠢᠨ ᠲᠤᠭᠤᠯ᠂ ᠬᠤᠷᠢᠭᠠᠳ ᠬᠤᠷᠠᠭ᠎ᠠ ᠲᠠᠢ ᠳᠤᠰᠤᠭᠠᠳ ᠪᠤᠶᠢᠵᠢᠯᠳᠠ ᠶᠢᠨ ᠨᠤᠷᠮ᠎ᠠ ᠲᠤᠩ ᠰᠠᠶᠢᠨ ᠪᠠᠶᠢᠨ᠎ᠠ᠃     ᠰᠤᠶᠤᠯᠳᠤ ᠶᠢᠨ ᠬᠢ ᠤᠳᠤ ᠠᠶᠢᠯᠴᠢᠯᠠᠨ ᠬᠡᠶᠢᠴᠢᠯᠡᠬᠦ ᠠᠴᠠ ᠬᠡᠬᠡᠨᠴᠢᠷ ᠮᠠᠰᠢᠨ᠂ ᠠᠵᠢᠯ ᠳᠤ ᠬᠡᠷᠡᠭᠯᠡᠬᠦ ᠠᠴᠠ ᠮᠤᠲ᠋ᠤᠷ᠂  ᠭᠤᠷᠪᠠᠨ ᠬᠦᠷᠳᠦᠳᠦ ᠲᠡᠷᠭᠡ᠂ ᠲᠠᠷᠠᠺᠲ᠋ᠤᠷ᠂ ᠡᠪᠡᠰᠦ ᠬᠠᠳᠤᠵᠤ ᠬᠠᠮᠤᠬᠤ ᠮᠠᠰᠢᠨ᠂ ᠡᠪᠡᠰᠦ ᠪᠤᠷᠳᠤᠭ᠎ᠠ ᠵᠢᠭᠤᠷᠠᠬᠤ ᠮᠠᠰᠢᠨ᠂ ᠠᠴᠢᠵᠦ ᠪᠠᠭᠤᠯᠭᠠᠬᠤ ᠮᠠᠰᠢᠨ ᠤ ᠠᠯᠢᠨ ᠢ ᠨᠢ ᠴᠦ ᠳᠤᠳᠠᠯ ᠦᠭᠡᠢ ᠪᠦᠷᠢᠳᠦᠭᠦᠯᠵᠦ᠂ ᠰᠢᠨ᠎ᠡ ᠢᠷᠡᠭᠡᠳᠦᠢ ᠶᠢᠨ ᠵᠠᠮ ᠢᠶᠠᠷ ᠢᠳᠡᠭᠡᠯ ᠲᠦᠭᠦᠷᠡᠩ ᠵᠠᠮᠨᠠᠵᠤ ᠶᠠᠪᠤᠨ᠎ᠠ᠃
 
ᠢᠷᠡᠯᠲᠡ᠄ ᠰᠢᠯᠤᠭᠤᠨ ᠬᠥᠬᠡ ᠬᠤᠰᠢᠭᠤᠨ ᠤ ᠬᠠᠮ ᠵᠠᠭᠣᠴᠢᠯᠠᠭᠣᠷ ᠤᠨ ᠲᠦᠪ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号