ᠮᠠᠯᠴᠢᠨ ᠮᠦᠩᠭᠡ ᠣᠳᠣᠬᠢᠴᠢᠯᠠᠬᠰᠠᠨ ᠮᠠᠯᠵᠢᠬᠤ ᠣᠶᠢᠯᠡᠳᠪᠤᠷᠢᠯᠡᠯ ᠡᠵᠡᠩᠨᠡᠯᠳᠡ ᠶᠢ ᠪᠡᠶᠡᠯᠡᠬᠦᠯᠵᠦ ᠪᠤᠢ
ᠨᠡᠶᠢᠲᠡᠯᠡᠭᠰᠡᠨ ᠴᠠᠭ᠄
2024/3/15
       ᠣᠶᠢᠷ᠎ᠠ ᠳᠤ ᠰᠣᠷᠪᠤᠯᠵᠢᠯᠠᠬᠴᠢ ᠮᠠᠯᠴᠢᠨ ᠲᠠᠷᠢᠶᠠᠴᠢᠳ ᠤᠨ ᠡᠪᠡᠰᠣ ᠪᠤᠷᠳᠤᠭ᠎ᠠ ᠨᠦᠬᠡᠴᠡᠯᠡᠵᠦ ᠪᠠᠶᠢᠬᠤ ᠲᠤᠬᠠᠢ ᠰᠣᠷᠪᠤᠯᠵᠢᠯᠠᠭ᠎ᠠ ᠠᠪᠬᠤ ᠪᠠᠷ ᠪᠠᠭᠠᠷᠢᠨ ᠪᠠᠷᠠᠭᠤᠨ ᠬᠤᠰᠢᠭᠤᠨ ᠤ ᠰᠢᠷᠠᠮᠥ᠋ᠷᠡᠨ ᠰᠣᠮᠤᠨ ᠤ ᠭᠤᠣᠯ ᠤᠨ ᠠᠶᠢᠯ ᠭᠠᠴᠠᠭ᠎ᠠ ᠳᠤ ᠬᠦᠷᠬᠦ ᠳᠤ ᠮᠠᠯᠴᠢᠨ ᠮᠦᠩᠭᠡ ᠶᠢᠨ ᠬᠢᠨ ᠣᠳᠣᠬᠢᠴᠢᠯᠠᠬᠰᠠᠨ ᠮᠠᠰᠢᠨ ᠲᠦᠬᠦᠬᠡᠷᠣᠮᠵᠢ ᠶᠢ ᠠᠰᠢᠬᠯᠠᠨ ᠮᠠᠯ ᠳᠤ ᠪᠠᠨ ᠡᠪᠡᠰᠣ ᠪᠤᠷᠳᠤᠭ᠎ᠠ ᠦᠭᠴᠦ ᠪᠠᠶᠢᠬᠤ ᠲᠠᠢ ᠨᠢ ᠲᠠᠭᠠᠷᠠᠯᠳᠣᠯ᠎ᠠ᠃
6383814403180324919467122.jpg
6383814402203761499517687.jpg
6383814404444383275363380.jpg
     ᠰᠢᠷᠠᠮᠥ᠋ᠷᠡᠨ ᠰᠣᠮᠤ ᠨᠢ ᠮᠠᠯ ᠠᠵᠦ ᠠᠬᠤᠢ ᠶᠢᠨ ᠴᠢᠨᠡᠷ ᠰᠠᠶᠢᠳᠡᠢ ᠬᠦᠭᠵᠢᠯᠳᠡ ᠶᠢ ᠠᠬᠢᠭᠤᠯᠵᠦ᠂ ᠲᠡᠷᠢᠵᠦ ᠲᠡᠵᠢᠬᠡᠬᠦ ᠶᠢ ᠣᠶᠠᠯᠳᠣᠭᠤᠯᠤᠨ᠂ ᠮᠠᠯ ᠤᠨ ᠦᠪᠡᠷ ᠤᠨ ᠦᠷᠳᠡᠭ ᠢ ᠪᠠᠭᠤᠷᠠᠭᠤᠯᠬᠤ ᠠᠷᠭ᠎ᠠ ᠣᠬᠠᠭᠠᠨ ᠢ ᠲᠠᠰᠣᠷᠠᠯᠳᠠ ᠦᠬᠡᠢ ᠬᠠᠶᠢᠨ ᠰᠦᠪᠡᠭᠴᠢᠯᠡᠵᠦ᠂ ᠮᠠᠯᠴᠢᠨ ᠲᠠᠷᠢᠶᠠᠴᠢᠳ ᠢ ᠲᠠᠶᠢᠴᠢᠯᠠᠨ ᠰᠢᠨ᠎ᠡ ᠴᠠᠭ ᠦᠶ᠎ᠡ ᠶᠢᠨ ᠬᠦᠭᠵᠢᠯᠳᠡ ᠲᠠᠢ ᠣᠶᠠᠯᠳᠣᠭᠤᠯᠤᠨ ᠮᠠᠯᠵᠢᠬᠤ ᠶᠢ ᠲᠦᠬᠡᠮᠡᠯᠵᠢᠬᠦᠯᠥᠨ᠂ ᠦᠨᠳᠣᠷ ᠦᠷ᠎ᠡ ᠠᠰᠢᠭ ᠬᠦᠷᠳᠡᠵᠦ ᠪᠠᠶᠢᠨ᠎ᠠ ᠃ ᠮᠦᠩᠭᠡ 2017 ᠣᠨ ᠠᠴᠠ ᠡᠬᠢᠯᠡᠵᠦ ᠰᠢᠯᠢᠳᠡᠭ ᠡᠬᠦᠯᠳᠡᠷ ᠤᠨ ᠦᠬᠡᠷ ᠲᠡᠵᠢᠬᠡᠬᠦ ᠵᠠᠮ ᠢ ᠡᠷᠢᠯᠬᠢᠯᠡᠵᠦ᠂ ᠣᠳᠣ ᠪᠤᠯᠬᠤ ᠳᠤ ᠨᠡᠶᠢᠳᠡ ᠲᠠᠯᠠᠭᠠᠳ ᠰᠢᠯᠢᠳᠡᠭ ᠡᠬᠦᠯᠳᠡᠷ ᠤᠨ ᠦᠬᠡᠷ ᠲᠡᠵᠢᠬᠡᠵᠦ ᠪᠠᠶᠢᠬᠤ ᠮᠦᠷᠳᠡᠭᠡᠨ᠂ ᠵᠢᠯ ᠪᠦᠷᠢ ᠲᠦᠷᠪᠡ ᠠᠴᠠ ᠲᠠᠪᠤᠨ ᠰᠠᠷ᠎ᠠ ᠪᠤᠯᠤᠬᠰᠠᠨ ᠲᠤᠭᠤᠯ ᠢᠶᠠᠨ ᠭᠠᠷᠭᠠᠯᠳᠠ ᠳᠤ ᠭᠠᠷᠭᠠᠵᠦ᠂ ᠣᠬᠤᠷ ᠬᠤᠭᠤᠴᠠᠭᠠᠨ ᠳᠤ ᠦᠨᠳᠣᠷ ᠦᠷ᠎ᠡ ᠠᠰᠢᠭ ᠣᠯᠬᠤ ᠶᠢ ᠪᠡᠶᠡᠯᠡᠬᠦᠯᠵᠦ ᠪᠠᠶᠢᠨ᠎ᠠ᠃ ᠡᠳᠡᠨᠡᠶᠢᠬᠢᠨ ᠰᠢᠷᠦᠢ ᠲᠦᠯᠬᠢᠬᠦ ᠮᠠᠰᠢᠨ ᠪᠤᠯᠤᠨ ᠡᠪᠡᠰᠦ ᠬᠡᠷᠴᠢᠬᠦ ᠮᠠᠰᠢᠨ᠂ ᠪᠤᠷᠳᠤᠭ᠎ᠠ ᠨᠠᠶᠢᠷᠠᠭᠤᠯᠬᠤ ᠮᠠᠰᠢᠨ ᠵᠡᠷᠭᠡ ᠶᠡᠩᠵᠦ ᠶᠠᠩᠵᠦ ᠶᠢᠨ ᠮᠠᠰᠢᠨ ᠲᠦᠬᠦᠬᠡᠷᠣᠮᠵᠢ ᠶᠢ ᠢᠵᠢ ᠪᠦᠷᠢᠳᠦᠬᠦᠯᠵᠦ᠂ ᠮᠠᠯ ᠤᠨ ᠡᠪᠡᠰᠣ ᠪᠤᠷᠳᠤᠭ᠎ᠠ ᠶᠢ ᠰᠢᠨᠵᠢᠯᠡᠬᠦ ᠤᠬᠠᠭᠠᠨᠴᠢ  ᠪᠠᠷ ᠲᠤᠬᠢᠷᠠᠭᠤᠯᠵᠦ ᠪᠠᠶᠢᠬᠤ ᠠᠴᠠ ᠭᠠᠳᠠᠨ᠎ᠠ ᠡᠳᠡᠭᠡᠷ ᠣᠳᠣᠬᠢᠴᠢᠯᠠᠬᠰᠠᠨ ᠮᠠᠰᠢᠨ ᠲᠦᠬᠦᠬᠡᠷᠣᠮᠵᠢ ᠨᠢ ᠬᠦᠳᠡᠯᠮᠦᠷᠢ ᠬᠦᠴᠦ ᠠᠷᠪᠢᠯᠠᠬᠤ ᠵᠡᠷᠭᠡ ᠶᠢᠨ ᠣᠯᠠᠨ ᠲᠠᠯ᠎ᠠ ᠶᠢᠨ ᠲᠦᠬᠦᠮ ᠨᠦᠬᠦᠴᠡᠯ ᠢ ᠠᠪᠴᠢᠷᠠᠬᠰᠠᠨ ᠪᠠᠶᠢᠨ᠎ᠠ᠃ ᠣᠶᠢᠷ᠎ᠠ ᠶᠢᠨ ᠵᠢᠯ ᠠᠴᠠ ᠮᠦᠩᠭᠡ 1700 ᠢᠯᠡᠬᠦᠦ ᠲᠡᠭᠰᠢ ᠲᠦᠷᠪᠡᠯᠵᠢᠨ ᠮᠧᠳ᠋ᠷ ᠤᠨ ᠣᠳᠣᠬᠢᠴᠢᠯᠠᠬᠰᠠᠨ ᠮᠠᠯ ᠤᠨ ᠬᠠᠰᠢᠶ᠎ᠠ ᠰᠠᠷᠠᠪᠴᠢ 300 ᠲᠡᠭᠰᠢ ᠲᠦᠷᠪᠡᠯᠵᠢᠨ ᠮᠧᠳ᠋ᠷ ᠤᠨ ᠪᠤᠷᠳᠣᠭᠠᠨ ᠤ ᠬᠦᠮᠦᠷᠭᠡ ᠪᠠᠶᠢᠭᠤᠯᠤᠬᠰᠠᠨ ᠪᠦᠭᠡᠳ 2021 ᠣᠨ ᠳᠤ ᠨᠢᠭᠡ ᠪᠦᠯᠥᠭ ᠣᠳᠣᠬᠢᠴᠢᠯᠠᠬᠰᠠᠨ ᠮᠠᠰᠢᠨ ᠲᠦᠬᠦᠬᠡᠷᠣᠮᠵᠢ ᠶᠢ ᠣᠷᠣᠭᠤᠯᠤᠬᠰᠠᠨ ᠠᠴᠠ ᠮᠠᠯ ᠮᠠᠯᠵᠢᠬᠤ ᠣᠶᠢᠯᠡᠳᠪᠤᠷᠢᠯᠡᠯ ᠤᠨ ᠲᠤᠬᠢᠳᠡᠢ ᠨᠦᠬᠦᠴᠡᠯ ᠢ ᠪᠦᠷᠢᠳᠦᠬᠦᠯᠵᠡᠢ᠃ 
6383814405586573864085931.jpg
6383814406842823832022932.jpg
6383814407831886303945716.jpg
6383814409335012957771638.jpg
6383814410694386149124148.jpg
      ᠮᠦᠩᠭᠡ ᠢᠩᠭᠢᠵᠦ ᠲᠠᠷᠢᠵᠦ ᠲᠡᠵᠢᠬᠡᠬᠦ ᠶᠢ ᠣᠷᠭᠠᠨᠢᠭ ᠢᠶᠠᠷ ᠣᠶᠠᠯᠳᠣᠭᠤᠯᠵᠦ᠂ ᠲᠡᠷᠢᠮᠡᠯ ᠤᠨ ᠣᠶᠢᠯᠡᠰ ᠢᠶᠠᠷ ᠮᠠᠯ ᠤᠨ ᠡᠪᠡᠰᠣ ᠪᠤᠷᠳᠤᠭ᠎ᠠ ᠶᠢ ᠦᠨᠳᠦᠰᠣᠨ ᠳᠤ ᠪᠠᠨ ᠰᠢᠢᠳᠪᠤᠷᠢᠯᠡᠵᠦ ᠪᠠᠶᠢᠬᠤ ᠨᠢ ᠲᠠᠷᠣᠢ ᠰᠢᠷᠠᠮᠥ᠋ᠷᠡᠨ ᠰᠣᠮᠤ ᠶᠢᠨ ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠠᠮᠢ ᠠᠬᠤᠢ ᠶᠢᠨ ᠪᠦᠳᠦᠭᠡᠨ ᠪᠠᠶᠢᠭᠤᠯᠤᠯᠳᠠ ᠪᠠᠷ ᠠᠷᠡᠳ ᠤᠨ ᠠᠮᠢᠳᠣᠷᠠᠯ ᠤᠨ ᠠᠰᠢᠭ ᠣᠷᠣᠯᠭ᠎ᠠ ᠶᠢ ᠨᠡᠮᠡᠭᠳᠡᠬᠦᠯᠬᠦ ᠬᠠᠷᠠᠯᠳᠠ ᠶᠢ ᠪᠡᠶᠡᠯᠡᠬᠦᠯᠥᠭᠰᠡᠨ ᠪᠤᠳᠡᠳᠣ ᠵᠢᠱᠢᠶ᠎ᠡ ᠪᠤᠯᠤᠨ᠎ᠠ᠃ ᠮᠦᠩᠭᠡ ᠶᠢᠨ ᠡᠨᠡᠬᠦ ᠣᠳᠣᠬᠢᠴᠢᠯᠠᠬᠰᠠᠨ ᠮᠠᠯᠵᠢᠬᠤ ᠣᠶᠢᠯᠡᠳᠪᠤᠷᠢᠯᠡᠯ ᠡᠵᠡᠩᠨᠡᠯᠳᠡ ᠶᠢ ᠪᠡᠶᠡᠯᠡᠬᠦᠯᠵᠦ ᠪᠠᠶᠢᠭ᠎ᠠ ᠨᠢ ᠮᠦᠨ ᠴᠤ ᠬᠦᠳᠡᠭᠡ ᠨᠤᠳᠤᠭ ᠤᠨ ᠴᠡᠴᠡᠭᠯᠡᠨ ᠬᠦᠭᠵᠢᠯᠳᠡ ᠶᠢᠨ ᠪᠠᠰᠠ ᠨᠢᠭᠡᠨ ᠵᠢᠷᠣᠬᠯᠠᠯ ᠪᠤᠯᠵᠦ   ᠪᠤᠢ᠃ ︵ᠴᠢᠮᠡᠭᠡᠯᠡᠭᠴᠢ ᠭᠠᠩᠪᠠᠭᠠᠳᠣᠷ ᠮᠡᠳᠡᠭᠡᠯᠡᠪᠡ︶
6383814411669386623302828.jpg
6383814412817819592810227.jpg
6383814415425636314544136.jpg
6383814416838136112226070.jpg
6383814418253760007151341.jpg
 
ᠢᠷᠡᠯᠲᠡ᠄ ᠪᠠᠭᠠᠷᠢᠨ ᠪᠠᠷᠠᠭᠤᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠬᠡᠯᠡᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号