ᠮᠠᠯᠴᠢᠨ ᠲᠦᠮᠡᠨ ᠤ ᠬᠠᠵᠠᠭᠤᠳᠡᠬᠢ ᠮᠠᠯ ᠤᠨ ᠡᠮᠴᠢ ᠤᠳᠬᠠᠨᠪᠠᠭᠠᠳᠤᠷ
ᠨᠡᠶᠢᠲᠡᠯᠡᠭᠰᠡᠨ ᠴᠠᠭ᠄
2024/4/8
                                  ᠴᠢᠮᠡᠭᠡᠯᠡᠭᠴᠢ ᠡᠷᠳᠡᠨᠢᠸᠠᠴᠢᠷ     ᠬᠦᠳᠡᠭᠡ ᠨᠤᠳᠤᠭ ᠤᠨ ᠢᠶᠠᠨ ᠬᠦᠮᠦᠨ ᠤᠯᠠᠨ ᠤ ᠬᠦᠨᠳᠦᠳᠭᠡᠯ ᠰᠠᠶᠢᠰᠢᠶᠠᠯ ᠢ ᠤᠯᠵᠤ᠂ ᠬᠦᠮᠦᠨ ᠤ ᠥᠪᠡᠷ ᠎ ᠤᠨ ᠬᠤᠰᠢᠭᠤ ᠰᠤᠮᠤ ᠪᠠᠷ ︽ᠨᠤᠳᠤᠭ ᠤᠨ ᠮᠡᠷᠭᠡᠵᠢᠯᠳᠡᠨ︾ ᠮᠠᠯ ᠤᠨ ᠡᠮᠴᠢ ᠬᠡᠮᠡᠨ ᠠᠯᠳᠠᠷᠰᠢᠵᠦ ᠶᠠᠪᠤᠭ᠎ᠠ ᠤᠳᠬᠠᠨᠪᠠᠭᠠᠳᠤᠷ ᠡᠮᠴᠢ ᠪᠤᠯ ᠰᠢᠯᠢ ᠶᠢᠨ ᠭᠤᠤᠯ ᠠᠶᠢᠮᠠᠭ ᠤᠨ ᠰᠢᠯᠤᠭᠤᠨ ᠬᠦᠭᠡ ᠬᠤᠰᠢᠭᠤᠨ ᠤ ᠰᠠᠶᠢᠨᠬᠤᠳᠳᠤᠭ ᠰᠤᠮᠤᠨ ᠤ ᠲᠤᠷᠤᠨᠠᠶᠢᠳᠤ ᠭᠠᠴᠠᠭ᠎ᠠ ᠪᠠᠷ ᠨᠤᠳᠤᠭ ᠲᠠᠢ ᠮᠠᠯᠴᠢᠨ ᠲᠦᠮᠡᠨ ᠤ ᠬᠠᠵᠠᠭᠤᠳᠡᠬᠢ ᠮᠠᠯ ᠤᠨ ᠡᠮᠴᠢ ᠪᠤᠯᠬᠤ ᠶᠤᠮ᠃        ᠥᠪᠡᠷ ᠢᠶᠠᠨ ᠰᠤᠷᠤᠭᠰᠠᠨ ᠮᠡᠷᠭᠡᠵᠢᠯ ᠨᠠᠨᠳᠢᠨ        ᠦᠷᠦᠭᠡᠯ ᠢ ᠲᠤᠰᠠᠯᠠᠭᠰᠠᠨ ᠵᠢᠳᠬᠦᠯ ᠡᠷᠬᠢᠮ     ᠤᠳᠬᠠᠨᠪᠠᠭᠠᠳᠤᠷ ᠡᠮᠴᠢ ᠳᠤᠮᠳᠠᠳᠤ ᠰᠤᠷᠭᠠᠭᠤᠯᠢ ᠪᠠᠨ ᠳᠡᠭᠦᠰᠦᠮᠡᠭᠴᠡ ᠠᠷᠤ ᠬᠡᠷ ᠲᠡᠭᠡᠨ ᠬᠠᠷᠢᠵᠦ ᠠᠪᠤ ᠡᠵᠢ ᠠᠬ᠎ᠠ ᠳᠡᠭᠦᠦ ᠨᠠᠷ ᠲᠤ ᠪᠠᠨ ᠳᠤᠰᠠ ᠳᠡᠮᠵᠢᠯᠭᠡ ᠪᠤᠯᠵᠤ ᠠᠳᠤᠭᠤ ᠮᠠᠯ ᠬᠠᠷᠢᠭᠤᠯᠤᠨ ᠠᠷᠰᠠᠷ ᠠᠵᠢᠯ ᠬᠢᠵᠦ ᠶᠠᠪᠤᠬᠤ ᠎ ᠳᠠᠭᠠᠨ ᠥᠪᠡᠷ ᠤᠨ ᠳᠤᠷ᠎ᠠ ᠪᠠᠬ᠎ᠠ ᠳᠠᠭᠠᠨ ᠬᠦᠳᠦᠯᠦᠭᠳᠡᠵᠦ ᠨᠤᠳᠤᠭ ᠤᠰᠤᠨ ᠳᠤᠨᠢ ᠮᠠᠯ ᠤᠨ ᠡᠮᠴᠢ ᠴᠦᠭᠡᠨ ᠮᠦᠷᠳᠡᠭᠡᠨ ᠤᠷᠴᠢᠮ ᠤᠨ ᠵᠢᠯ ᠠᠴᠠ ᠮᠠᠯ ᠤᠨ ᠡᠪᠡᠳᠴᠢᠨ ᠬᠡᠮ ᠤᠯᠠᠨ ᠪᠤᠯᠵᠤ᠂ ᠬᠠᠪᠤᠷ ᠤᠨ ᠭᠠᠴᠢᠭ ᠴᠠᠭ ᠲᠤ ᠶᠠᠳᠠᠷ ᠳᠤᠷᠤᠢ ᠡᠬᠡ ᠮᠠᠯ ᠨᠢ ᠲᠦᠯᠯᠡᠵᠦ ᠳᠡᠶᠢᠯᠭᠦ ᠦᠭᠡᠢ ᠪᠤᠶᠤ ᠮᠠᠯ ᠳᠤᠨᠢ ᠡᠪᠡᠳᠴᠢᠨ ᠬᠡᠮ ᠬᠦᠷᠦᠭᠰᠡᠨ ᠦᠶᠡᠰ ᠠᠷᠭᠠᠴᠠᠭᠠᠵᠤ ᠡᠮᠴᠢᠯᠡᠬᠦ ᠡᠮᠴᠢ ᠦᠭᠡᠢ ᠪᠠᠶᠢᠳᠠᠯ ᠢ ᠦᠵᠡᠭᠡᠳ ᠮᠠᠯ ᠡᠮᠨᠡᠯᠭᠡ ᠰᠤᠷᠴᠤ᠂ ᠮᠠᠯᠴᠢᠨ ᠲᠦᠮᠡᠨ ᠳᠡᠭᠡᠨ ᠲᠤᠰᠠ ᠳᠡᠮᠵᠢᠯᠭᠡ ᠦᠵᠡᠭᠦᠯᠦᠶ᠎ᠡ ᠭᠡᠵᠦ ᠵᠤᠷᠢᠭ ᠰᠢᠭᠤᠳᠤᠨ ᠴᠢᠯᠦᠭᠡ ᠵᠠᠪ ᠭᠠᠷᠤᠭᠰᠠᠭᠠᠷ ᠮᠠᠯ ᠡᠮᠨᠡᠯᠭᠡ ᠶᠢᠨ ᠨᠤᠮ ᠳᠡᠪᠳᠡᠷ ᠢ ᠴᠤᠭᠯᠠᠭᠤᠯᠤᠨ ᠦᠵᠡᠬᠦ ᠶᠢᠨ ᠬᠠᠮᠳᠤ ᠬᠦᠷᠰᠢ ᠵᠡᠷᠭᠡᠯᠳᠡᠭᠡ ᠠᠶᠢᠯ ᠡᠷᠦᠭᠡ ᠶᠢᠨ ᠮᠠᠯ ᠨᠢ ᠬᠡᠮᠳᠦᠵᠦ ᠡᠮᠴᠢ ᠮᠡᠷᠭᠡᠵᠢᠯᠳᠡᠨ ᠵᠠᠯᠠᠵᠤ ᠢᠷᠡᠪᠡᠯ ᠬᠠᠵᠠᠭᠤ ᠳᠤᠨᠢ ᠠᠷᠭ᠎ᠠ ᠲᠤᠷᠰᠢᠯᠭ᠎ᠠ᠂ ᠠᠯᠢ ᠪᠦᠬᠦᠨ ᠢ ᠨᠢ ᠠᠩᠬᠠᠷᠤᠨ ᠰᠤᠷᠤᠭᠰᠠᠭᠠᠷ ᠢᠷᠡᠵᠡᠢ᠃         ᠠᠬ᠎ᠠ ᠶᠢᠨ ᠬᠢᠨᠢ ᠵᠤᠷᠢᠭᠵᠢᠭᠤᠯᠤᠯ        ᠠᠯᠢᠪᠠ ᠦᠢᠯᠡᠰ ᠤᠨ ᠬᠢᠨᠢ ᠰᠠᠭᠤᠷᠢ ᠪᠤᠯᠪᠠ     1998 ᠤᠨ ᠤ ᠬᠠᠪᠤᠷ ᠤᠳᠬᠠᠨᠪᠠᠭᠠᠳᠤᠷ ᠤᠨ ᠠᠬ᠎ᠠ ᠶᠢᠨ ᠬᠢᠨᠢ ᠨᠢᠭᠡ ᠦᠨᠢᠶ᠎ᠡ ᠲᠤᠭᠤᠯᠯᠠᠵᠤ ᠳᠡᠶᠢᠯᠭᠦ ᠦᠭᠡᠢ ᠪᠤᠯᠵᠤ᠂ ᠤᠶᠢᠷ᠎ᠠ ᠬᠠᠪᠢ ᠠᠴᠠ ᠮᠡᠷᠭᠡᠵᠢᠯᠳᠡᠨ ᠡᠷᠢᠭᠡᠳ ᠤᠯᠳᠠᠬᠤ ᠦᠭᠡᠢ ᠡᠬᠡ ᠲᠤᠭᠤᠯ ᠬᠤᠶᠠᠷ ᠵᠡᠷᠭᠡ ᠪᠠᠷ ᠦᠬᠦᠯ ᠤᠨ ᠳᠠᠪᠠᠭᠠᠨ ᠳᠡᠭᠡᠷ᠎ᠡ ᠬᠦᠷᠦᠭᠰᠡᠨ ᠪᠠᠶᠢᠳᠠᠯ ᠳᠤᠤᠷ᠎ᠠ ᠤᠳᠬᠠᠨᠪᠠᠭᠠᠳᠤᠷ ︽ᠥᠪᠡᠷ ᠤᠨ ᠮᠠᠯ ᠶᠤᠮ ᠴᠢᠨᠢ ᠶᠠᠭᠠᠬᠢᠬᠤ ᠪᠤᠢ᠂ ᠤᠷᠤᠯᠳᠤᠵᠤ ᠦᠵᠡᠶ᠎ᠡ︾ ᠭᠡᠵᠦ ᠠᠩᠬ᠎ᠠ ᠤᠳᠠᠭ᠎ᠠ ᠮᠠᠯ ᠳᠤ ᠮᠡᠰᠡ ᠵᠠᠰᠠᠯ ᠬᠢᠭᠰᠡᠨ ᠳᠤ ᠪᠠᠶᠠᠷᠯᠠᠭᠤᠰᠢᠳᠠᠢ ᠠᠮᠵᠢᠯᠳᠠ ᠤᠯᠵᠠᠢ᠃ ᠳᠡᠭᠦᠨ ᠠᠴᠠ ᠬᠤᠶᠢᠰᠢ ᠮᠠᠯ ᠡᠮᠴᠢᠯᠡᠬᠦ ᠤᠷᠮ᠎ᠠ ᠵᠤᠷᠢᠭ ᠨᠢ ᠬᠦᠪᠴᠢᠯᠡᠭᠳᠡᠭᠰᠡᠨ ᠢᠶᠠᠷ ᠪᠠᠷᠠᠬᠤ ᠦᠭᠡᠢ ᠠᠬ᠎ᠠ ᠪᠠᠳᠤᠸᠠᠴᠢᠷ ᠨᠢ ᠬᠠᠶᠢᠷᠠᠳᠤ ᠳᠡᠭᠦᠦ ᠶᠢᠨ ᠢᠶᠠᠨ ᠬᠠᠯᠠᠭᠤᠨ ᠰᠡᠳᠬᠢᠯ᠂ ᠬᠠᠳᠠᠨ ᠵᠤᠷᠢᠭ ᠲᠤᠨᠢ ᠳᠠᠯᠠᠷᠬᠠᠨ ︽ᠲᠠᠨ ᠤ ᠵᠤᠷᠢᠭ ᠲᠠᠢ ᠤᠷᠤᠯᠳᠤᠯᠭ᠎ᠠ ᠳᠤ ᠴᠢᠨᠢ ᠮᠠᠨ ᠤ ᠬᠤᠶᠠᠷ ᠦᠭᠡᠷ ᠤᠨ ᠠᠮᠢ ᠠᠪᠤᠷᠠᠭᠳᠠᠯ᠎ᠠ ᠰᠢᠦ᠂ ᠬᠤᠶᠢᠰᠢᠳᠠ ᠳᠡᠭᠦᠦ ᠮᠢᠨᠢ ᠨᠡᠩ ᠢᠯᠡᠭᠦᠦ ᠴᠢᠷᠮᠠᠶᠢᠨ ᠠᠵᠢᠯᠯᠠᠨ᠂ ᠮᠠᠯᠴᠢᠨ ᠲᠦᠮᠡᠨ ᠤ ᠎ ᠪᠠᠨ ᠮᠠᠯᠵᠢᠬᠤ ᠦᠢᠯᠡᠳᠪᠦᠷᠢᠯᠡᠯ ᠳᠤᠨᠢ ᠲᠤᠰᠠ ᠳᠡᠮᠵᠢᠯᠭᠡ ᠦᠵᠡᠭᠦᠯᠵᠦ ᠶᠠᠪᠤᠭᠠᠷᠠᠢ︾ ᠭᠡᠮᠡᠨ ᠮᠠᠯ ᠡᠮᠨᠡᠯᠭᠡ ᠳᠤ ᠬᠡᠷᠡᠭᠯᠡᠬᠦ ᠪᠠᠭᠠᠵᠢ ᠭᠡᠷᠡᠭᠰᠡᠯ ᠨᠢᠭᠡ ᠢᠵᠢ ᠶᠢ ᠠᠪᠴᠤ ᠪᠡᠯᠡᠭᠯᠡᠭᠰᠡᠨ ᠠᠴᠠ ᠬᠤᠶᠢᠰᠢ ᠳᠡᠷᠡ᠂ ᠬᠦᠮᠦᠨ ᠤ ᠥᠪᠡᠷ ᠤᠨ ᠨᠤᠳᠤᠭ ᠭᠡᠵᠦ ᠢᠯᠭᠠᠯ ᠦᠭᠡᠢ᠂ ᠬᠤᠯᠠ ᠤᠶᠢᠷ᠎ᠠ᠂ ᠰᠠᠯᠬᠢ ᠰᠢᠭᠤᠷᠭᠠᠨ ᠲᠠᠢ᠂ ᠰᠦᠨᠢ ᠤᠷᠤᠢ ᠬᠡᠮᠡᠨ ᠬᠠᠯᠠᠰᠢᠷᠠᠯ ᠦᠭᠡᠢ ᠮᠠᠯ ᠤᠨ ᠡᠯᠢᠭᠡ ᠠᠭᠤᠰᠬᠢᠨ ᠤ ᠡᠪᠡᠳᠴᠢᠨ᠂ ᠰᠠᠷᠬᠢᠨᠠᠭ ᠬᠠᠳᠠᠭᠰᠠᠨ ᠡᠪᠡᠳᠴᠢᠨ᠂ ᠬᠤᠷᠤᠬᠠᠢ ᠳᠠᠭᠤᠬᠤ᠂ ᠲᠤᠭᠤᠯ ᠬᠤᠷᠭᠠᠨ ᠤ ᠪᠠᠭᠠᠰᠤ ᠠᠯᠳᠠᠬᠤ ᠬᠡᠮ᠂ ᠲᠡᠮᠦᠷ ᠢᠳᠡᠭᠰᠡᠨ ᠢ ᠠᠪᠬᠤ᠂ ᠨᠢᠳᠦᠨ ᠳᠤ ᠭᠠᠷᠤᠭᠰᠠᠨ ᠶᠠᠷ᠎ᠠ ᠶᠢ ᠠᠪᠬᠤ ᠮᠡᠰᠡ ᠵᠠᠰᠠᠯ᠂ ᠳᠠᠪᠬᠤᠷ ᠬᠦᠢᠰᠦ ᠲᠠᠢ ᠲᠤᠭᠤᠯ ᠬᠤᠷᠭᠠᠨ ᠳᠤ ᠮᠡᠰᠡ ᠵᠠᠰᠠᠯ ᠬᠢᠬᠦ᠂ ᠲᠦᠯᠯᠡᠵᠦ ᠳᠡᠶᠢᠯᠭᠦ ᠦᠭᠡᠢ ᠡᠬᠡ ᠮᠠᠯ ᠳᠤ ᠮᠡᠰᠡ ᠵᠠᠰᠠᠯ ᠬᠢᠬᠦ᠂ ᠠᠳᠤᠭᠤᠨ ᠤ ᠠᠷᠬᠠᠭ ᠡᠪᠡᠳᠴᠢᠨ ᠵᠡᠷᠭᠡ ᠮᠠᠯ ᠤᠨ ᠡᠪᠡᠳᠴᠢᠨ ᠬᠡᠮ ᠤᠨ ᠲᠤᠬᠠᠢ ᠵᠠᠯᠠᠯᠭ᠎ᠠ ᠢᠷᠡᠭᠰᠡᠭᠡᠷ ᠳᠠᠷᠤᠶᠢᠬᠠᠨ ᠤᠴᠢᠵᠦ ᠡᠪᠡᠳᠴᠢᠨ ᠬᠡᠮ ᠢ ᠨᠢ ᠤᠨᠤᠰᠢᠯᠠᠭᠰᠠᠨ ᠤ ᠳᠠᠷᠠᠭ᠎ᠠ ᠰᠢᠨᠵᠢᠯᠡᠬᠦ ᠤᠬᠠᠭᠠᠨᠴᠢ ᠠᠷᠭ᠎ᠠ ᠪᠤᠯᠤᠨ ᠤᠯᠠᠮᠵᠢᠯᠠᠯᠳᠤ ᠠᠷᠭ᠎ᠠ ᠶᠢ ᠤᠶᠠᠯᠳᠤᠭᠤᠯᠤᠨ ᠬᠠᠯᠠᠭᠤᠨ ᠵᠢᠩ ᠳᠠᠯᠪᠢᠬᠤ᠂ ᠵᠡᠭᠦᠦ ᠲᠦᠭᠡᠨᠡᠯᠭᠡ ᠬᠢᠬᠦ ᠵᠡᠷᠭᠡ ᠪᠠᠷ ᠮᠠᠯᠴᠢᠨ ᠲᠦᠮᠡᠨ ᠳᠡᠭᠡᠨ ᠬᠠᠨᠤᠮᠵᠢᠳᠠᠢ ᠦᠢᠯᠡᠴᠢᠯᠡᠭᠡ ᠬᠠᠩᠭᠠᠳᠠᠭ ᠢᠶᠠᠷ ᠪᠠᠷᠠᠬᠤ ᠦᠭᠡᠢ ᠡᠮᠴᠢᠯᠡᠭᠡᠨ ᠤ ᠰᠦᠢᠳᠭᠡᠯ ᠨᠢ ᠴᠦ ᠲᠤᠬᠢᠷᠠᠮᠵᠢᠳᠠᠢ ᠪᠤᠯᠬᠤᠷ ᠮᠠᠯᠴᠢᠨ ᠲᠦᠮᠡᠨ ᠤ ᠪᠠᠨ ᠢᠳᠡᠭᠡᠯ ᠨᠠᠶᠢᠳᠠᠪᠤᠷᠢ ᠶᠢ ᠤᠯᠤᠭᠰᠠᠭᠠᠷ ᠢᠷᠡᠭᠰᠡᠨ ᠪᠠᠶᠢᠨ᠎ᠠ᠃          ᠬᠠᠭᠠᠯᠵᠤ ᠤᠭᠳᠤᠯᠬᠤ ᠳᠠᠭᠠᠨ ᠴᠠᠭᠠᠷᠠᠭᠰᠠᠨ          ᠬᠠᠰᠢᠷ ᠲᠤᠷᠰᠢᠯᠭ᠎ᠠ ᠨᠢ ᠪᠢᠰᠢᠷᠡᠭᠦᠰᠢᠳᠡᠢ     ᠬᠦᠮᠦᠨ ᠶᠡᠷᠦ ᠨᠢ ᠬᠤᠷᠸ᠎ᠠ ᠶᠢᠷᠳᠢᠨᠴᠦ ᠳᠤ ᠮᠦᠩᠭᠡᠷᠡᠭᠦ ᠦᠭᠡᠢ ᠴᠦ ᠠᠷᠠᠳ ᠲᠦᠮᠡᠨ ᠳᠤ ᠠᠰᠢᠭ ᠲᠤᠰᠠ ᠎ ᠲᠠᠢ ᠠᠵᠢᠯ ᠦᠢᠯᠡᠰ ᠬᠢᠵᠦ ᠶᠠᠪᠤᠪᠠᠯ ᠠᠯᠬᠤᠭᠰᠠᠨ ᠮᠦᠷ ᠨᠢ ᠲᠤᠷᠠᠶᠢᠵᠦ ᠠᠯᠳᠠᠷ ᠨᠡᠷ᠎ᠡ ᠨᠢ ᠡᠭᠦᠷᠢᠳᠡ ᠲᠤᠷᠠᠰᠤᠭᠳᠠᠳᠠᠭ ᠤᠴᠢᠷ ᠲᠠᠢ᠃ ᠤᠳᠬᠠᠨᠪᠠᠭᠠᠳᠤᠷ ᠡᠮᠴᠢ ᠡᠨᠡᠬᠦ ᠭᠤᠴᠢᠭᠠᠳ ᠵᠢᠯ ᠤᠨ ᠲᠤᠷᠰᠢ ᠰᠢᠯᠤᠭᠤᠨ ᠬᠦᠭᠡ ᠬᠤᠰᠢᠭᠤᠨ ᠤ ᠡᠯ᠎ᠡ ᠰᠤᠮᠤ ᠭᠠᠴᠠᠭᠠᠨ ᠤ ᠮᠠᠯᠵᠢᠬᠤ ᠡᠷᠦᠭᠡ ᠪᠠᠷ ᠬᠦᠷᠴᠦ᠂ ᠮᠠᠯ ᠳᠤ ᠲᠤᠬᠢᠶᠠᠯᠳᠤᠭᠰᠠᠨ ᠬᠠᠭᠠᠯᠵᠤ ᠤᠭᠳᠤᠯᠬᠤ ᠳᠤ ᠲᠦᠪᠡᠭ ᠪᠡᠷᠭᠡ ᠲᠠᠢ ᠡᠪᠡᠳᠴᠢᠨ ᠬᠡᠮ ᠢ ᠵᠠᠰᠠᠨ ᠡᠳᠡᠭᠡᠷᠡᠭᠦᠯᠵᠦ ᠪᠠᠶᠢᠭᠰᠠᠨ ᠢᠶᠠᠷ ᠪᠠᠷᠠᠬᠤ ᠦᠭᠡᠢ ᠬᠠᠪᠢ ᠵᠡᠷᠭᠡᠯᠳᠡᠭᠡ ᠬᠤᠰᠢᠭᠤ ᠨᠤᠳᠤᠭ ᠲᠤ ᠴᠦ ᠪᠠᠶᠢᠩᠭᠤ ᠤᠷᠢᠭᠳᠠᠨ ᠤᠴᠢᠵᠦ ᠦᠢᠯᠡᠴᠢᠯᠡᠨ᠂ ᠮᠠᠯ ᠤᠨᠤᠭᠠᠨ ᠳᠤ ᠨᠡᠶᠢᠳᠡ 1000 ᠭᠠᠷᠤᠢ ᠤᠳᠠᠭ᠎ᠠ ᠮᠡᠰᠡ ᠵᠠᠰᠠᠯ ᠬᠢᠵᠦ᠂ ᠡᠳᠡᠭᠡᠷᠡᠯᠳᠡ ᠶᠢᠨ ᠨᠤᠷᠮ᠎ᠠ ᠨᠢ 90 %᠎ ᠳᠤ ᠬᠦᠷᠦᠭᠰᠡᠨ ᠪᠠᠶᠢᠨ᠎ᠠ᠃     ᠡᠶᠢᠨᠬᠦ ᠬᠤᠯᠠ ᠤᠶᠢᠷ᠎ᠠ ᠶᠢᠨ ᠮᠠᠯᠴᠢᠨ ᠲᠦᠮᠡᠨ ᠮᠠᠨᠢ ︽ᠬᠠᠭᠠᠯᠵᠤ ᠤᠭᠳᠤᠯᠬᠤ ᠳᠠᠭᠠᠨ ᠴᠠᠭᠠᠷᠠᠭᠰᠠᠨ ᠨᠢ ᠬᠠᠰᠢᠯᠠ ᠮᠠᠨ ᠤ ᠪᠠᠭᠠᠳᠤᠷ ᠡᠮᠴᠢ ᠰᠢᠦ︾ ᠭᠡᠮᠡᠨ ᠡᠷᠡᠭᠡᠢ ᠭᠠᠷᠭᠠᠨ ᠮᠠᠭᠳᠠᠵᠠᠭᠠᠳᠠᠭ᠃ 
 
ᠢᠷᠡᠯᠲᠡ᠄ ᠰᠢᠯᠤᠭᠤᠨ ᠬᠥᠬᠡ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号