ᠣᠮᠠᠷᠠᠳᠣ ᠬᠢᠯᠢ ᠶᠢᠨ ᠰᠣᠶᠣᠯ ᠢ ᠪᠠᠳᠠᠷᠠᠭᠤᠯᠣᠶ᠎ᠡ — ᠴᠠᠭᠠᠨ ᠢᠳᠡᠬᠡᠨ ᠢ ᠣᠯᠠᠮᠵᠢᠯᠠᠨ ᠬᠥᠭᠵᠢᠬᠦᠯᠵᠣ ᠶᠠᠪᠣᠭ᠎ᠠ ᠲᠣᠭᠤ
ᠨᠡᠶᠢᠲᠡᠯᠡᠭᠰᠡᠨ ᠴᠠᠭ᠄
2024/5/21
                ᠰᠤᠷᠪᠤᠯᠵᠢᠯᠠᠭᠴᠢ ᠰᠠᠷᠠᠨᠳᠤᠶᠠᠭ᠎ᠠ ᠪᠠᠶᠠᠯᠢᠭ   ᠲᠣᠭᠤ ᠪᠣᠯ ᠣᠯᠣᠰ ᠤᠨ ᠲᠡᠰ ᠤᠨ ᠪᠣᠳᠠᠰ ᠤᠨ ᠪᠣᠰᠣ ᠰᠣᠶᠣᠯ ᠤᠨ ᠥᠪ ᠤᠨ ᠲᠥᠯᠣᠬᠡᠯᠡᠬᠦ ᠴᠢᠨᠠᠷᠳᠠᠢ ᠲᠥᠷᠣᠯ ᠵᠥᠢᠯ ᠤᠨ ᠴᠠᠭᠠᠨ ᠢᠳᠡᠬᠡᠨ ᠬᠢᠬᠦ ᠣᠷ᠎ᠡ ᠮᠡᠷᠬᠡᠵᠢᠯ ᠤᠨ ᠥᠪᠯᠡᠨ ᠣᠯᠠᠮᠵᠢᠯᠠᠬᠴᠢ᠃   ᠰᠢᠯᠣᠭᠤᠨ ᠬᠥᠬᠡ ᠬᠤᠰᠢᠭᠤᠨ ᠤ ᠰᠠᠩ ᠤᠨ ᠲᠠᠯᠠᠢ  ᠪᠠᠯᠭᠠᠰᠣᠨ ᠤ ᠠᠯᠳᠠᠢ ᠭᠠᠴᠠᠭᠠᠨ ᠤ ᠮᠠᠯᠴᠢᠨ ᠠᠶᠢᠯ ᠳᠤ ᠲᠥᠷᠣᠭ᠍ᠰᠡᠨ ᠲᠣᠭᠤ᠂ ᠬᠠᠷᠠᠬᠠᠨ ᠪᠠᠭ᠎ᠠ ᠠᠴᠠ ᠪᠠᠨ ᠡᠵᠢ ᠳᠡᠭᠡᠨ ᠲᠡᠮ ᠪᠣᠯᠵᠣ ᠥᠨᠢᠶ᠎ᠡ ᠰᠠᠭᠠᠬᠤ᠂ ᠴᠠᠭᠠᠨ ᠢᠳᠡᠬᠡᠨ ᠬᠢᠬᠦ ᠶᠢ ᠲᠠᠭᠠᠵᠣ ᠰᠣᠷᠣᠨ᠂ ᠶᠠᠭᠤᠮ᠎ᠠ ᠶᠢ ᠠᠮᠠᠷᠬᠠᠨ ᠰᠣᠷᠴᠣ ᠲᠣᠬᠳᠠᠭᠠᠵᠣ ᠴᠢᠳᠠᠳᠠᠭ ᠣᠬᠠᠭᠠᠨ ᠰᠡᠷᠬᠦᠯᠡᠩ ᠲᠡᠷᠡᠪᠡᠷ 17 ᠨᠠᠰᠣᠳᠠᠢ ᠳᠠᠭᠠᠨ ᠰᠠᠭᠠᠯᠢ ᠰᠥ ᠶᠢᠨ ᠠᠵᠢᠯ ᠳᠤ ᠨᠡᠯᠢᠶᠡᠳ ᠴᠠᠭᠠᠷᠠᠵᠣ ᠪᠡᠶ᠎ᠡ ᠪᠠᠨ ᠲᠠᠭᠠᠵᠣ ᠣᠯᠠᠨ ᠲᠥᠷᠣᠯ ᠤᠨ ᠣᠯᠠᠮᠵᠢᠯᠠᠯᠳᠣ ᠴᠠᠭᠠᠨ ᠢᠳᠡᠬᠡᠨ ᠬᠢᠵᠣ ᠴᠢᠳᠠᠳᠠᠭ ᠪᠣᠯᠵᠠᠢ᠃    ᠣᠰᠣᠨ ᠤ ᠲᠣᠩᠭᠠᠯᠠᠭ ᠢ ᠣᠣᠭᠤᠵᠣ᠂ ᠡᠪᠡᠰᠣᠨ ᠤ ᠰᠣᠷᠭᠤᠭ ᠢ ᠢᠳᠡᠵᠣ᠂ ᠡᠪᠡᠰᠣ ᠨᠣᠭᠤᠭ᠎ᠠ ᠬᠠᠯᠢᠭᠤᠷᠠᠬᠰᠡᠨ ᠥᠷᠬᠡᠨ ᠲᠠᠯ᠎ᠠ ᠳᠤ ᠲᠠᠪᠠᠳᠠᠢ ᠪᠡᠯᠴᠢᠭᠰᠡᠨ ᠮᠠᠯ ᠤᠨ ᠢᠶᠠᠨ ᠭᠠᠷᠣᠯᠳᠠ ᠴᠠᠭᠠᠨ ᠢᠳᠡᠬᠡᠨ ᠪᠠᠨ ᠲᠣᠩ ᠴᠣ᠋ ᠴᠡᠪᠡᠷ ᠨᠢᠮᠪᠠᠢ ᠰᠠᠶᠢᠬᠠᠨ ᠬᠢᠳᠡᠭ ᠢᠶᠠᠷ ᠲᠠᠬᠦᠨ ᠤ ᠬᠢᠭᠰᠡᠨ ᠴᠠᠭᠠᠨ ᠢᠳᠡᠬᠡᠨ ᠤ ᠥᠨᠣᠷ ᠠᠮᠳᠠ ᠬᠤᠳᠠ ᠣᠰᠣᠨ  ᠳᠠᠭᠠᠨ ᠣᠨᠴᠠᠯᠢᠬᠳᠠᠳᠠᠭ ᠪᠣᠯᠵᠣ᠂ ᠣᠷᠠᠨ ᠭᠠᠷ ᠲᠠᠢ ᠬᠡᠮᠡᠭᠳᠡᠳᠡᠭ ᠪᠠᠶᠢᠬᠰᠡᠨ ᠪᠣᠯ 2010 ᠣᠨ ᠠᠴᠠ ᠡᠬᠢᠯᠡᠵᠦ ᠴᠠᠭᠠᠨ ᠢᠳᠡᠬᠡᠨ ᠬᠢᠬᠦ ᠪᠠᠷ ᠥᠪᠡᠷ ᠤᠨ ᠠᠵᠢᠯ ᠥᠢᠯᠡᠰ ᠢᠶᠠᠨ ᠪᠣᠯᠭᠠᠬᠰᠡᠨ ᠪᠠᠶᠢᠨ᠎ᠠ᠃    ᠪᠢᠳᠠᠨ ᠢ ᠲᠣᠭᠤ ᠶᠢᠨ ᠥᠢᠯᠡᠳᠪᠥᠷᠢ ᠶᠢᠨ ᠲᠠᠰᠤᠭ ᠲᠤ ᠬᠥᠷᠬᠦ ᠳᠤ ᠲᠡᠷᠠ ᠵᠠᠬᠢᠶᠠᠯᠠᠭ᠎ᠠ ᠪᠠᠷ ᠲᠣᠬᠳᠠᠬᠰᠡᠨ 200 ᠭᠠᠷᠣᠢ ᠬᠡᠪ ᠤᠨ ᠬᠤᠷᠣᠳ ᠢᠶᠠᠨ ᠬᠢᠬᠡᠳ ᠶᠠᠭᠠᠷᠠᠵᠣ ᠪᠠᠶᠢᠯ᠎ᠠ᠃ ᠠᠵᠢᠯ ᠢᠶᠠᠨ  ᠠᠮᠵᠢᠭᠤᠯᠬᠤ ᠶᠢᠨ ᠵᠠᠭᠤᠷ᠎ᠡ ᠪᠢᠳᠠᠨ ᠲᠠᠢ ᠴᠠᠭᠠᠨ ᠢᠳᠡᠬᠡᠨ ᠢᠶᠠᠨ ᠵᠤᠭᠤᠭᠳᠠᠵᠤ ᠳᠠᠨᠢᠯᠴᠠᠭᠤᠯᠬᠤ ᠳᠤ ᠰᠡᠳᠬᠢᠯ ᠬᠠᠩᠬᠤᠯᠤᠭᠤᠨ ᠨᠢ ᠢᠯᠡᠬᠡᠨ ᠬᠠᠷᠠᠭᠳᠠᠨ᠎ᠠ᠃ ︽ᠣᠯᠠᠮᠵᠢᠯᠠᠯᠳᠣ ᠴᠠᠭᠠᠨ ᠢᠳᠡᠬᠡᠨ ᠬᠢᠬᠦ ᠳᠤ ᠦᠨᠢᠶ᠎ᠡ ᠪᠠᠨ ᠰᠠᠭᠠᠬᠤ᠂ ᠰᠥ ᠪᠠᠨ ᠡᠭᠡᠳᠡᠭᠦᠯᠬᠦ᠂ ᠰᠠᠭᠠᠯᠢ ᠶᠢᠨ ᠰᠠᠪᠠ ᠰᠠᠭᠤᠯᠠᠭ᠎ᠠ ᠰᠤᠩᠭᠤᠬᠤ᠂ ᠭᠠᠯ ᠢᠶᠠᠨ ᠵᠣᠬᠢᠴᠠᠭᠤᠯᠬᠤ ᠵᠡᠷᠬᠡ ᠨᠠᠷᠢᠯᠢᠭ ᠵᠦᠢᠯᠡᠰ ᠢ ᠤᠨᠴᠠ ᠠᠩᠬᠠᠷᠬᠤ ᠬᠡᠷᠡᠭᠳᠡᠢ᠃ ᠶᠠᠭᠤᠨ ᠤ ᠣᠷᠢᠳᠠ ᠠᠷᠢᠭᠤᠨ ᠴᠡᠪᠡᠷ ᠢ ᠤᠨᠴᠠ ᠡᠷᠬᠢᠮᠯᠡᠨ᠂ ᠠᠷᠭᠠᠯ ᠤᠨ ᠭᠠᠯ ᠲᠡᠬᠡᠷ᠎ᠡ ᠲᠡᠮᠣᠷ ᠲᠣᠭᠤᠭᠠᠨ ᠳᠤ ᠮᠣᠳᠣᠨ ᠨᠣᠬᠤᠭᠤᠷ ᠢᠶᠠᠷ ᠪᠣᠯᠪᠠᠰᠣᠷᠠᠩᠭᠤᠢ ᠨᠣᠬᠤᠵᠣ ᠬᠢᠭᠰᠡᠨ ᠬᠤᠷᠣᠳ ᠨᠢ ᠪᠠᠶᠢᠭᠠᠯᠢᠭ ᠮᠥᠷᠳᠡᠬᠡᠨ ᠰᠢᠮ᠎ᠠ ᠲᠡᠵᠢᠬᠡᠯ ᠥᠨᠳᠣᠷ ᠪᠠᠶᠢᠳᠠᠭ᠃ ᠮᠢᠨᠦ ᠡᠨᠡ ᠲᠡᠮᠣᠷ ᠲᠣᠭᠤᠭ᠎ᠠ ᠪᠤᠯ ᠮᠠᠨ ᠤ ᠲᠡᠬᠡᠳᠣ ᠥᠶ᠎ᠡ  ᠠᠴᠠ ᠨᠠᠳᠠ ᠳᠤ ᠣᠯᠠᠠᠮᠵᠢᠯᠠᠬᠳᠠᠵᠣ ᠢᠷᠡᠭᠰᠡᠨ ᠶᠣᠮ ᠰᠢᠣ︾ ᠬᠡᠵᠣ ᠨᠡᠯᠢᠶᠡᠳ ᠣᠨ ᠵᠢᠯ ᠢ ᠡᠯᠡᠬᠡᠭᠰᠡᠨ ᠪᠥᠳᠣᠬᠦᠨ ᠲᠡᠮᠣᠷ ᠲᠣᠭᠤᠭᠠᠨ ᠳᠤ ᠬᠤᠷᠣᠳ ᠢᠶᠠᠨ ᠨᠣᠬᠤᠬᠤ ᠵᠠᠭᠤᠷ᠎ᠡ ᠲᠣᠭᠤ ᠶᠠᠷᠢᠨ᠎ᠠ᠃     ᠦᠢᠯᠡᠰ ᠡᠷᠬᠢᠯᠡᠭᠰᠡᠨ ᠤ ᠳᠠᠷᠠᠭᠠᠬᠠᠨ ᠲᠡᠷᠠ ᠥᠪᠡᠷ ᠤᠨ ᠴᠥᠬᠡᠨ ᠦᠨᠢᠶᠡᠳ ᠢᠶᠠᠨ ᠰᠠᠭᠠᠵᠤ ᠡᠳᠦᠷ ᠪᠦᠷᠢ ᠵᠠᠭᠤᠨ ᠵᠢᠩ ᠤᠷᠴᠢᠮ ᠰᠦ ᠪᠤᠯᠪᠠᠰᠤᠷᠠᠭᠤᠯᠤᠨ ᠪᠤᠷᠤᠯᠠᠭᠤᠯᠵᠤ ᠪᠠᠶᠢᠭᠰᠠᠨ ᠠᠴᠠ ᠡᠳᠦᠷ ᠤᠨ ᠤᠳᠠᠭᠠᠨ ᠳᠠᠭᠠᠨ ᠬᠦᠮᠦᠰ ᠤᠨ ᠴᠠᠭᠠᠨ ᠢᠳᠡᠭᠡᠨ ᠤ ᠭᠡᠷᠡᠭᠴᠡᠭᠡ ᠨᠡᠮᠡᠭᠳᠡᠨ ᠠᠪᠬᠤ ᠬᠥᠮᠣᠰ ᠣᠯᠠᠰᠢᠷᠠᠬᠤ ᠶᠢ ᠲᠠᠭᠠᠯᠳᠣᠨ ᠥᠢᠷ᠎ᠡ ᠣᠷᠴᠢᠮ ᠤᠨ ᠮᠠᠯᠴᠢᠳ ᠤᠨ ᠥᠨᠢᠶᠡᠨ ᠰᠥ ᠶᠢ ᠬᠤᠳᠠᠯᠳᠣᠨ ᠠᠪᠴᠣ ᠬᠠᠩᠭᠠᠯᠠᠭ᠎ᠠ ᠪᠠᠨ ᠪᠠᠳᠣᠯᠠᠨ  ᠡᠳᠣᠷ ᠲᠤ 1000 ᠭᠠᠷᠣᠢ ᠵᠢᠩ ᠰᠥ ᠪᠣᠯᠪᠠᠰᠣᠷᠠᠭᠤᠯᠵᠣ ᠴᠠᠭᠠᠨ ᠢᠳᠡᠬᠡᠨ ᠤ ᠲᠦᠷᠦᠯ ᠵᠦᠢᠯ ᠢᠶᠠᠨ ᠨᠡᠮᠡᠭᠳᠡᠭᠦᠯᠦᠨ ᠣᠷᠣᠨ  ᠤ ᠲᠣᠳᠣᠨ᠎ᠠ ᠭᠠᠳᠠᠨ᠎ᠠ ᠪᠣᠷᠣᠯᠠᠭᠤᠯᠳᠠᠭ ᠪᠤᠯᠤᠭᠰᠠᠨ ᠢᠶᠠᠷ ᠪᠠᠷᠠᠬᠤ ᠦᠭᠡᠢ ᠤᠶᠢᠷ᠎ᠠ ᠬᠠᠪᠢ ᠶᠢᠨ ᠮᠠᠯᠴᠢᠳ ᠤᠨ ᠣᠷᠣᠯᠭ᠎ᠠ ᠶᠢ ᠴᠦ ᠨᠡᠮᠡᠭᠳᠡᠭᠦᠯᠦᠭᠰᠡᠨ ᠪᠠᠶᠢᠨ᠎ᠠ᠃    ︽ᠣᠳᠣ ᠴᠠᠭᠠᠨ ᠢᠳᠡᠬᠡᠨ ᠤ ᠬᠥᠭᠵᠢᠯᠳᠠ ᠮᠠᠰᠢ ᠰᠠᠶᠢᠨ ᠪᠠᠶᠢᠨ᠎ᠠ᠂ ᠬᠡᠳᠣᠨ ᠥᠶ᠎ᠡ ᠶᠢᠨ ᠬᠥᠴᠣ ᠬᠥᠯᠣᠰᠣ ᠴᠢᠷᠮᠠᠶᠢᠯᠠᠭ᠎ᠠ ᠲᠠᠯᠠᠭᠠᠷ ᠪᠣᠯᠣᠬᠰᠡᠨ ᠥᠬᠡᠢ᠂ ᠠᠬᠠᠮᠠᠳ ᠥᠶ᠎ᠡ ᠶᠢᠨ ᠬᠢᠨ ᠤ ᠪᠢᠳᠠᠨ ᠳᠤ ᠥᠨᠡᠯᠡᠰᠢ ᠥᠬᠡᠢ ᠣᠷ᠎ᠡ ᠮᠡᠷᠬᠡᠰᠢᠯ ᠥᠯᠡᠳᠡᠬᠡᠵᠣ ᠥᠭᠬᠦᠭᠰᠡᠨ ᠨᠢ ᠶᠠᠭᠤᠨ ᠠᠴᠠ ᠴᠣ᠋ ᠡᠷᠬᠢᠮ᠂ ᠡᠶᠢᠮᠣ ᠠᠴᠠ ᠮᠡᠳᠡᠵᠣ ᠰᠣᠷᠣᠬᠰᠡᠨ ᠪᠥᠬᠦᠶᠢᠯᠠ ᠣᠷ᠎ᠡ ᠮᠡᠷᠬᠡᠵᠢᠯ ᠢᠶᠠᠨ ᠬᠤᠶᠢᠴᠢ ᠥᠶ᠎ᠡ ᠶᠢᠨ ᠬᠢᠨ ᠳᠡᠭᠡᠨ ᠵᠢᠭᠠᠵᠣ ᠣᠯᠠᠮᠵᠢᠯᠠᠨ᠂ ᠴᠠᠭᠠᠨ ᠢᠳᠡᠬᠡᠨ ᠨᠢ ᠥᠪᠣᠷ ᠮᠣᠩᠭᠤᠯ ᠤᠨ ᠣᠨᠴᠠᠯᠢᠬᠳᠣ ᠢᠳᠡᠬᠡᠨ ᠣᠮᠳᠠᠭᠠᠨ ᠪᠣᠯᠬᠤ ᠶᠢ ᠨᠡᠩ ᠣᠯᠠᠨ ᠬᠥᠮᠣᠰ ᠲᠤ ᠲᠠᠨᠢᠭᠤᠯᠬᠤ ᠶᠢᠨ ᠣᠯᠠᠮ ᠢᠶᠠᠷ ᠥᠨᠳᠣᠰᠣᠳᠠᠨ ᠤ ᠣᠨᠴᠠᠯᠢᠬᠳᠣ ᠣᠮᠠᠷᠠᠳᠣ ᠬᠢᠯᠢ ᠶᠢᠨ ᠰᠣᠶᠣᠯ ᠢ ᠪᠥᠬᠦ ᠣᠯᠣᠰ ᠬᠡᠰᠡᠨ ᠥᠬᠡᠢ ᠲᠡᠯᠡᠬᠡᠢ ᠳᠤ ᠲᠠᠨᠢᠭᠤᠯᠬᠤ ᠪᠠᠷ ᠬᠥᠴᠣᠯᠡᠨ ᠴᠢᠷᠮᠠᠶᠢᠨ᠎ᠠ︾ ᠬᠡᠵᠣ ᠲᠣᠭᠤ ᠰᠤᠷᠪᠤᠯᠵᠢᠯᠠᠭ᠎ᠠ ᠬᠦᠯᠢᠶᠡᠬᠦ ᠳᠡᠭᠡᠨ ᠶᠠᠷᠢᠯ᠎ᠠ᠃    ᠣᠳᠣ ᠳᠡᠭᠦᠨ ᠳᠤ ᠠᠪᠴᠤ ᠬᠡᠯᠡᠪᠡᠯ ᠴᠠᠭᠠᠨ ᠢᠳᠡᠭᠡᠨ ᠬᠢᠵᠦ ᠵᠣᠭᠤᠰ ᠮᠥᠩᠬᠦ ᠣᠯᠬᠤ ᠨᠢ ᠴᠢᠬᠤᠯᠠ ᠪᠢᠰᠢ᠂ ᠬᠠᠷᠢᠨ ᠡᠨᠡᠬᠦ ᠰᠣᠶᠣᠯ ᠤᠨ ᠥᠪ ᠢ ᠬᠠᠮᠠᠭᠠᠯᠠᠵᠣ ᠥᠪᠯᠡᠨ ᠣᠯᠠᠮᠵᠢᠯᠠᠬᠤ ᠨᠢ ᠨᠡᠩ ᠴᠢᠬᠤᠯᠠ ᠬᠡᠳᠡᠭ ᠢ ᠶᠠᠷᠢᠯᠴᠠᠭᠠᠨ  ᠤ ᠳᠤᠮᠳᠠ ᠠᠴᠠ ᠤᠶᠢᠯᠠᠭᠠᠯ᠎ᠠ᠃ ᠥᠢᠷ᠎ᠡ ᠶᠢᠨ ᠵᠢᠯ ᠲᠤᠭᠤ ᠶᠢᠨ ᠴᠠᠭᠠᠨ ᠢᠳᠡᠭᠡᠨ ᠤ ᠥᠢᠯᠡᠳᠪᠥᠷᠢ ᠨᠢ ᠬᠡᠳᠣᠨ ᠵᠠᠭᠤᠨ ᠤᠳᠠᠭᠠᠨ ᠤ ᠪᠥᠯᠬᠦᠮ ᠨᠡᠶᠢᠳᠠ ᠶᠢᠨ ᠪᠠᠶᠢᠴᠠᠭᠠᠨ ᠰᠣᠷᠣᠯᠴᠠᠯᠭ᠎ᠠ ᠶᠢ ᠬᠥᠯᠢᠶᠡᠨ ᠠᠪᠴᠣ᠂ ᠪᠠᠰᠠ ᠣᠷᠣᠨ ᠤ ᠲᠣᠳᠣᠨ᠎ᠠ ᠭᠠᠳᠠᠨᠠᠬᠢ ᠥᠢ ᠣᠯᠠᠨ ᠬᠥᠮᠣᠰ ᠲᠤ ᠴᠠᠭᠠᠨ ᠢᠳᠡᠬᠡᠨ ᠬᠢᠬᠦ ᠣᠷ᠎ᠡ ᠮᠡᠷᠬᠡᠵᠢᠯ ᠢ ᠥᠨ᠎ᠠ ᠲᠥᠯᠣᠪᠥᠷᠢ ᠥᠬᠡᠢ ᠵᠢᠭᠠᠵᠣ ᠰᠣᠷᠭᠠᠬᠰᠡᠨ ᠪᠢᠯᠠ᠃ ᠲᠡᠷᠠ ᠥᠪᠣᠷ ᠮᠣᠩᠭᠤᠯ ᠤᠨ ᠡᠯ᠎ᠡ ᠠᠶᠢᠮᠠᠭ ᠬᠤᠳᠠ ᠵᠢᠴᠢ ᠪᠡᠬᠡᠵᠢᠩ᠂ ᠲᠢᠶᠠᠨᠵᠢᠨ᠂ ᠭᠤᠸᠠᠩᠵᠸᠣ᠂ ᠴᠠᠩᠴᠥ᠋ᠨ᠂ ᠴᠧᠩᠳᠥ᠋᠂ ᠥᠬᠠᠨ᠂ ᠰᠢᠶᠠᠩᠭᠠᠩ ᠵᠡᠷᠬᠡ ᠭᠠᠵᠠᠷ ᠣᠷᠣᠨ ᠳᠤ ᠴᠠᠭᠠᠨ ᠢᠳᠡᠭᠡᠨ ᠤ ᠬᠠᠭᠠᠰ ᠪᠤᠯᠪᠠᠰᠤᠷᠠᠭᠤᠯᠤᠭᠰᠠᠨ ᠪᠥᠳᠣᠬᠡᠭᠳᠡᠬᠦᠨ ᠪᠤᠯᠬᠤ ᠡᠭᠡᠳᠡᠮ ᠢᠶᠠᠨ ᠠᠪᠴᠤ ᠣᠴᠢᠭᠠᠳ ᠪᠣᠳᠠᠰ ᠤᠨ ᠪᠣᠰᠣ ᠰᠣᠶᠣᠯ ᠤᠨ ᠥᠪ ᠤᠨ ᠲᠡᠯᠬᠡᠨ ᠥᠵᠡᠬᠦᠯᠣᠬᠡ ᠪᠠ ᠵᠢᠭᠤᠯᠴᠢᠯᠠᠯ ᠤᠨ ᠣᠬᠠᠭᠤᠯᠭ᠎ᠠ ᠰᠣᠷᠳᠠᠯᠴᠠᠭᠠᠨ ᠤ ᠠᠵᠢᠯᠯᠠᠭ᠎ᠠ ᠳᠤ ᠣᠷᠣᠯᠴᠠᠵᠣ᠂ ᠭᠠᠵᠠᠷ ᠭᠠᠵᠠᠷ ᠤᠨ ᠬᠥᠮᠣᠰ ᠲᠤ ᠣᠯᠠᠮᠵᠢᠯᠠᠯᠳᠣ ᠴᠠᠭᠠᠨ ᠢᠳᠡᠬᠡᠨ ᠤ ᠲᠥᠷᠣᠯ ᠵᠥᠢᠯ᠂ ᠥᠨᠣᠷ ᠠᠮᠳᠠ ᠶᠢ ᠮᠡᠳᠡᠬᠦᠯᠬᠦ ᠶᠢᠨ ᠲᠠᠭᠠᠣ ᠪᠠᠰᠠ ᠰᠥ ᠲᠠᠢ ᠴᠠᠢ ᠪᠠᠨ ᠴᠢᠨᠠᠵᠣ ᠣᠣᠭᠤᠯᠭᠠᠵᠣ ᠴᠠᠭᠠᠨ ᠢᠳᠡᠭᠡᠨ ᠤ ᠦᠪᠯᠡᠨ ᠣᠯᠠᠮᠵᠢᠯᠠᠬᠴᠢ ᠶᠢᠨ ᠡᠬᠦᠷᠬᠡ ᠬᠠᠷᠢᠭᠤᠴᠯᠠᠭ᠎ᠠ ᠪᠠᠨ ᠦᠨᠡᠨᠬᠦ ᠪᠡᠶᠡᠯᠡᠭᠦᠯᠦᠭᠰᠡᠭᠡᠷ ᠢᠷᠡᠵᠡᠢ᠃   ᠲᠣᠭᠤ᠄ ︽ᠣᠯᠠᠮᠵᠢᠯᠠᠯᠳᠣ ᠴᠠᠭᠠᠨ ᠢᠳᠡᠭᠡ ᠣᠯᠠᠨ ᠤ ᠲᠠᠭᠠᠰᠢᠶᠠᠯ ᠢ ᠶᠡᠭᠡ ᠣᠯᠣᠬᠰᠠᠭᠠᠷ ᠢᠷᠡᠭᠰᠡᠨ᠂  ᠮᠠᠨ ᠤ ᠬᠤᠰᠢᠭᠤ ᠪᠠᠷ ᠠᠪᠴᠣ ᠬᠡᠯᠡᠪᠡᠯ ᠣᠳᠣ ᠣᠯᠠᠮᠵᠢᠯᠠᠯᠳᠣ ᠴᠠᠭᠠᠨ ᠢᠳᠡᠬᠡᠨ ᠢᠶᠠᠨ ᠬᠢᠵᠣ ᠪᠠᠶᠢᠭ᠎ᠠ ᠬᠥᠮᠣᠨ ᠡᠳᠣᠷ  ᠠᠴᠠ ᠡᠳᠣᠷ ᠨᠡᠮᠡᠭᠳᠡᠵᠣ᠂ ᠬᠠᠷᠢᠯᠴᠠᠨ ᠰᠣᠷᠣᠯᠴᠠᠵᠣ ᠬᠠᠮᠳᠣᠪᠡᠷ ᠳᠠᠪᠰᠢᠨ᠂ ᠴᠠᠭᠠᠨ ᠢᠳᠡᠬᠡᠨ ᠤ ᠵᠠᠬ᠎ᠠ ᠲᠡᠯᠬᠡᠬᠦᠷ ᠪᠣᠷᠣᠯᠠᠭᠤᠯᠭ᠎ᠠ ᠴᠣ᠋ ᠶᠡᠭᠡ ᠰᠠᠶᠢᠨ ᠪᠠᠶᠢᠨ᠎ᠠ ᠬᠡᠵᠣ ᠥᠵᠡᠵᠣ ᠪᠠᠶᠢᠨ᠎ᠠ᠃ ᠣᠳᠣ ᠪᠢ ᠲᠡᠶᠢᠮᠣ ᠶᠡᠭᠡ ᠬᠡᠪᠴᠢᠶ᠎ᠡ ᠪᠠᠷ ᠬᠢᠵᠣ ᠥᠬᠡᠢ᠂ ᠡᠳᠣᠷ ᠤᠨ ᠮᠢᠩᠭ᠎ᠠ ᠭᠠᠷᠣᠢ ᠵᠢᠩ᠂ ᠶᠡᠭᠡ ᠳᠡᠭᠡᠨ ᠬᠤᠶᠠᠷ ᠮᠢᠩᠭ᠎ᠠ ᠭᠠᠷᠣᠢ ᠵᠢᠩ ᠰᠥ ᠪᠣᠯᠪᠠᠰᠣᠷᠠᠭᠤᠯᠣᠭᠠᠳ ᠬᠢᠭᠰᠡᠨ ᠴᠠᠭᠠᠨ ᠢᠳᠡᠬᠡᠨ ᠵᠠᠬᠢᠶᠠᠯᠠᠭ᠎ᠠ ᠪᠠᠷ ᠪᠠᠷᠤᠭ ᠪᠥᠷ ᠪᠣᠷᠣᠯᠠᠭᠤᠯᠣᠬᠳᠠᠴᠢᠬᠠᠨ᠎ᠠ᠃ ᠲᠡᠬᠡᠬᠦᠯᠡᠷ ᠨᠠᠳᠠ ᠠᠴᠠ ᠢᠯᠡᠬᠦᠣ ᠬᠢᠵᠣ ᠪᠠᠶᠢᠭ᠎ᠠ ᠵᠠᠯᠠᠭᠤᠴᠣᠳ᠂ ᠲᠠᠬᠦᠣᠨᠡᠷ ᠤᠨ ᠴᠠᠭᠠᠨ ᠢᠳᠡᠬᠡᠨ ᠪᠣᠯ ᠨᠡᠩ ᠶᠡᠭᠡ ᠪᠣᠷᠣᠯᠠᠭᠤᠯᠠᠬᠳᠠᠵᠣ᠂ ᠡᠨᠡᠬᠦ ᠡᠷᠡᠬᠦᠯ ᠢᠳᠡᠬᠡᠨ ᠢ ᠮᠡᠳᠡᠷᠡᠵᠣ ᠪᠠᠶᠢᠭ᠎ᠠ ᠬᠥᠮᠣᠰ ᠣᠯᠠᠰᠢᠷᠠᠵᠣ ᠪᠠᠶᠢᠭ᠎ᠠ ᠶᠢ ᠬᠠᠷᠠᠭᠤᠯᠵᠣ ᠪᠠᠶᠢᠨ᠎ᠠ᠂ ᠣᠳᠣ ᠣᠯᠠᠮᠵᠢᠯᠠᠯᠳᠣ ᠴᠠᠭᠠᠨ ᠢᠳᠡᠬᠡᠨ ᠤ ᠲᠠᠭᠠᠯᠳᠣᠬᠰᠡᠨ ᠰᠢᠨ᠎ᠠ ᠮᠠᠶ᠋ᠢᠭ ᠤᠨ ᠰᠥᠨ ᠪᠥᠳᠣᠬᠡᠭᠳᠡᠬᠦᠨ ᠢ ᠰᠣᠳᠣᠯᠵᠣ ᠬᠢᠵᠣ ᠪᠠᠶᠢᠨ᠎ᠠ᠂ ᠲᠡᠬᠡᠬᠦ ᠳᠡᠭᠡᠨ ᠪᠣᠭᠤᠯᠳᠠ ᠪᠠᠭᠯᠠᠭ᠎ᠠ ᠶᠢ ᠨᠢ ᠰᠠᠶᠢᠵᠢᠷᠠᠭᠤᠯᠣᠭᠠᠳ ᠣᠯᠠᠮᠵᠢᠯᠠᠯ ᠰᠢᠨᠡᠴᠢᠯᠡᠯ ᠢ ᠣᠶᠠᠯᠳᠣᠭᠤᠯᠵᠣ ᠬᠢᠪᠡᠯ ᠵᠠᠬ᠎ᠠ ᠲᠡᠯᠬᠡᠬᠦᠷ ᠲᠤ ᠬᠥᠯ ᠲᠣᠬᠳᠠᠵᠣ ᠨᠡᠩ ᠬᠡᠬᠡᠨ ᠰᠠᠷᠠᠭᠤᠯ ᠢᠷᠡᠬᠡᠳᠣᠢ  ᠲᠠᠢ ᠬᠡᠵᠣ ᠥᠪᠡᠷ ᠢᠶᠠᠨ ᠪᠣᠳᠣᠳᠠᠭ ᠶᠣᠮ᠃ ᠪᠢ ᠣᠯᠣᠰ ᠤᠨ ᠲᠡᠰ ᠤᠨ ᠴᠠᠭᠠᠨ ᠢᠳᠡᠬᠡᠨ ᠤ ᠥᠪᠯᠡᠨ ᠣᠯᠠᠮᠵᠢᠯᠠᠬᠴᠢ ᠪᠣᠯᠣᠬᠰᠡᠨ ᠤ ᠬᠤᠪᠢ ᠳᠤ ᠡᠨᠡ ᠰᠠᠶᠢᠬᠠᠨ ᠥᠢᠯᠡᠰ ᠢᠶᠠᠨ ᠭᠠᠳᠠᠬᠰᠢ ᠣᠬᠠᠭᠤᠯᠬᠤ ᠪᠠᠷ ᠣᠯᠠᠮ ᠢᠯᠡᠬᠦᠣ ᠴᠢᠷᠮᠠᠶᠢᠵᠣ ᠲᠠᠷᠬᠠᠨ ᠡᠬᠦᠷᠬᠡ ᠬᠠᠷᠢᠭᠤᠴᠠᠯᠭ᠎ᠠ ᠪᠠᠨ ᠬᠢᠯᠠᠯᠵᠠᠳᠠᠯ᠎ᠠ ᠪᠡᠶᠡᠯᠡᠬᠦᠯᠬᠦ ᠪᠠᠷ ᠥᠷᠬᠦᠯᠵᠢᠯᠠᠨ ᠴᠢᠷᠮᠠᠶᠢᠨ᠎ᠠ︾ ᠬᠡᠵᠣ ᠢᠳᠡᠬᠡᠯ ᠲᠥᠬᠦᠷᠡᠩ ᠶᠠᠷᠢᠬᠤ ᠶᠢᠨ ᠲᠠᠭᠠᠣ ᠪᠠᠰᠠ ︽ᠣᠳᠣ ᠮᠢᠨᠣ ᠴᠠᠭᠠᠨ ᠢᠳᠡᠬᠡᠨ ᠳᠤ ᠪᠥᠷ ᠮᠡᠷᠬᠡᠨ ᠴᠣᠬᠤᠷ ᠪᠣᠢ︾  ᠬᠡᠬᠦ ᠪᠠᠷ ᠺᠤᠳ᠋ ᠢ ᠰᠢᠷᠪᠢᠵᠦ ᠦᠵᠡᠬᠦ ᠳᠤ ᠰᠥ ᠶᠢᠨ ᠢᠷᠡᠯᠳᠠ᠂ ᠡᠳᠣᠷ ᠰᠠᠷ᠎ᠡ᠂ ᠠᠭᠤᠯᠣᠬᠳᠠᠵᠣ ᠪᠣᠢ ᠰᠢᠮ᠎ᠠ ᠲᠡᠵᠢᠬᠡᠯ ᠵᠡᠷᠬᠡ ᠨᠠᠷᠢᠨ ᠰᠤᠷᠠᠭ ᠵᠠᠩᠬᠢ ᠨᠢ ᠲᠡᠷᠡᠬᠡᠨ ᠵᠠᠭᠤᠷ᠎ᠡ ᠲᠣᠳᠣᠷᠠᠬᠠᠢ ᠢᠯᠡᠷᠡᠵᠦ᠂ ᠡᠨᠡᠬᠦ ᠰᠦᠨ ᠪᠥᠳᠣᠬᠡᠭᠳᠡᠬᠦᠨ ᠨᠢ ᠴᠤᠯ ᠪᠠᠶᠢᠭᠠᠯᠢᠭ᠂ ᠡᠷᠡᠬᠦᠯ ᠮᠡᠨᠳᠦ ᠳᠤ ᠠᠰᠢᠭᠳᠠᠢ᠂ ᠴᠢᠨᠠᠷ ᠤᠨ ᠲᠠᠯ᠎ᠠ ᠪᠠᠷ ᠪᠠᠳᠤᠯᠠᠭ᠎ᠠ ᠲᠠᠢ ᠬᠡᠳᠡᠭ ᠢ ᠬᠡᠷᠡᠭᠯᠡᠭᠴᠢᠳ ᠲᠤ ᠴᠠᠭ ᠲᠤᠬᠠᠢ ᠳᠤᠨᠢ ᠤᠶᠢᠯᠭᠠᠭᠤᠯᠵᠤ ᠪᠤᠯᠬᠤ ᠪᠠᠶᠢᠯ᠎ᠠ᠃   ᠪᠣᠳᠠᠰ ᠤᠨ ᠪᠣᠰᠣ ᠰᠣᠶᠣᠯ ᠤᠨ ᠥᠪ ᠪᠣᠯ ᠲᠣᠮᠳᠠᠳᠣ ᠶᠢᠨ ᠰᠢᠯᠢᠳᠡᠭ ᠰᠣᠶᠣᠯ ᠤᠨ ᠤᠬᠢ ᠰᠤᠳᠤᠨ᠃ ︽ᠲᠣᠮᠳᠠᠳᠣ ᠣᠯᠣᠰ ᠤᠨ ᠴᠠᠭᠠᠨ ᠢᠳᠡᠬᠡᠨ ᠤ ᠰᠣᠶᠣᠯ ᠤᠨ ᠥᠯᠣᠬᠡᠢ︾ ︽ᠲᠣᠮᠳᠠᠳᠣ ᠣᠯᠣᠰ ᠤᠨ ᠴᠠᠭᠠᠨ ᠢᠳᠡᠬᠡᠨ  ᠤ ᠰᠣᠶᠣᠯ ᠤᠨ ᠣᠯᠠᠮᠵᠢᠯᠠᠬᠴᠢ ᠶᠢᠨ ᠰᠠᠭᠤᠷᠢᠨ︾ ᠪᠣᠯᠣᠬᠰᠡᠨ ᠤ ᠬᠤᠪᠢ ᠳᠤ ᠥᠢᠷ᠎ᠡ ᠶᠢᠨ ᠵᠢᠯ ᠰᠢᠯᠣᠭᠤᠨ ᠬᠥᠬᠡ ᠬᠤᠰᠢᠭᠤ ᠴᠠᠭᠠᠨ ᠢᠳᠡᠬᠡᠨ ᠤ ᠰᠣᠶᠣᠯ ᠢ ᠣᠯᠠᠮᠵᠢᠯᠠᠨ ᠬᠥᠭᠵᠢᠬᠦᠯᠬᠦ ᠠᠵᠢᠯ ᠢ ᠲᠡᠬᠡᠳᠣ ᠬᠡᠮᠵᠢᠶ᠎ᠡ ᠪᠠᠷ ᠴᠢᠬᠤᠯᠠᠴᠢᠯᠠᠨ᠂ ᠰᠣᠶᠣᠯ ᠵᠢᠭᠤᠯᠴᠢᠯᠠᠯ ᠪᠠᠷ ᠠᠴᠢᠶᠠᠯᠠᠪᠥᠷᠢ ᠪᠤᠯᠭᠠᠵᠤ᠂ ᠦᠪᠯᠡᠨ ᠣᠯᠠᠮᠵᠢᠯᠠᠬᠴᠢᠳ ᠢᠶᠠᠷ ᠳᠠᠮᠵᠢᠭᠤᠯᠤᠨ ᠤᠬᠠᠭᠤᠯᠭ᠎ᠠ ᠰᠤᠷᠳᠠᠯᠴᠢᠯᠭ᠎ᠠ ᠶᠢ ᠬᠦᠨᠵᠡᠭᠡᠢ ᠦᠷᠨᠢᠬᠦᠯᠵᠦ ᠰᠢᠯᠣᠭᠤᠨ ᠬᠥᠬᠡ ᠬᠤᠰᠢᠭᠤᠨ ᠤ ᠴᠠᠭᠠᠨ ᠢᠳᠡᠬᠡᠨ᠂ ᠰᠢᠯᠢ ᠶᠢᠨ ᠭᠤᠣᠯ ᠤᠨ ᠴᠠᠭᠠᠨ ᠢᠳᠡᠬᠡᠨ ᠤ ᠨᠡᠷᠡᠳᠣ ᠲᠡᠮᠳᠡᠭ ᠤᠨ ᠨᠡᠷ᠎ᠡ ᠠᠯᠳᠠᠷᠰᠢᠯ ᠢ ᠦᠷᠬᠦᠯᠵᠢᠯᠡᠨ ᠦᠷᠭᠡᠳᠭᠡᠵᠦ ᠪᠤᠢ᠃  
 
ᠢᠷᠡᠯᠲᠡ᠄ ᠰᠢᠯᠤᠭᠤᠨ ᠬᠥᠬᠡ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号