| | ᠴᠢᠮᠡᠭᠡᠯᠡᠭᠴᠢ ᠳ᠋᠊ ᠰᠡᠴᠡᠨᠪᠠᠳᠤ | ᠵᠢᠯ ᠵᠢᠯ ᠳᠡᠭᠡᠨ ᠪᠤᠰᠤ ᠵᠢᠷᠠᠨ ᠵᠢᠯ ᠳᠡᠭᠡᠨ ᠭᠠᠭᠴᠠ ᠲᠤᠬᠢᠶᠠᠯᠳᠤᠭᠰᠠᠨ ᠬᠦᠬᠡ ᠯᠤᠤ ᠵᠢᠯ ᠤᠨ ᠬᠠᠪᠤᠷ ᠭᠡᠵᠦ | ᠶᠤᠰᠤᠳᠠᠢ ᠬᠤᠯᠠᠨ ᠰᠢᠷᠭ᠎ᠠ ᠳᠠᠭ᠎ᠠ ᠶᠢᠨ ᠡᠯᠡᠰᠦᠨ ᠨᠤᠳᠤᠭ ᠲᠤ ᠬᠤᠷ᠎ᠠ ᠲᠤᠨᠤᠳᠠᠰᠤ ᠡᠯᠪᠡᠭ ᠳᠡᠯᠪᠡᠭ᠂ ᠬᠦᠮᠦᠨ | ᠠᠷᠠᠳ ᠨᠢ ᠰᠡᠳᠬᠢᠯ ᠳᠡᠨᠢᠬᠦᠨ ᠮᠠᠩᠨᠠᠢ ᠳᠡᠨᠢᠢᠯᠭᠡᠭᠰᠡᠨ ᠡᠯᠪᠡᠭ ᠬᠤᠷᠢᠶᠠᠯᠳᠠ ᠲᠠᠢ ᠰᠠᠶᠢᠬᠠᠨ ᠵᠢᠯ ᠪᠤᠯᠬᠤ ᠶᠢᠨ ᠪᠡᠯᠭᠡ | ᠳᠡᠮᠳᠡᠭ ᠢᠯᠡᠭᠡᠨ ᠪᠠᠶᠢᠨ᠎ᠠ᠃ ᠨᠠᠷᠠ ᠬᠤᠷ᠎ᠠ ᠨᠢ ᠳᠡᠩᠴᠡᠵᠦ᠂ ᠨᠠᠪᠴᠢ ᠨᠤᠭᠤᠭ᠎ᠠ ᠨᠢ ᠰᠤᠶᠤᠭᠠᠯᠠᠭᠰᠠᠨ ᠨᠠᠯᠠᠭᠠᠷ | ᠰᠠᠶᠢᠬᠠᠨ ᠳᠠᠪᠤᠳᠤᠭᠠᠷ ᠰᠠᠷ᠎ᠠ ᠶᠢᠨ ᠠᠮᠠᠷᠠᠯᠳᠠ ᠶᠢ ᠲᠤᠬᠢᠶᠠᠯᠳᠤᠭᠤᠯᠤᠨ ᠰᠠᠶᠢᠨᠬᠤᠳᠳᠤᠭ ᠰᠤᠮᠤᠨ ᠤ ᠴᠠᠭᠠᠠᠤᠪᠤᠭ᠎ᠠ | ᠭᠠᠴᠠᠭ᠎ᠠ ᠪᠠᠶᠠᠷ ᠤᠨ ᠡᠳᠦᠷ ᠢᠶᠠᠨ ᠲᠤᠷᠠᠰᠬᠠᠨ ᠪᠡᠯᠭᠡᠯᠡᠬᠦ ᠪᠠᠶᠠᠯᠢᠭ ᠠᠭᠤᠯᠭ᠎ᠠ ᠪᠦᠬᠦᠢ ᠰᠤᠶᠤᠯ ᠲᠠᠮᠢᠷ ᠤᠨ | ᠠᠵᠢᠯᠯᠠᠭ᠎ᠠ ᠦᠷᠨᠢᠬᠦᠯᠦᠯ᠎ᠡ᠃ | ᠭᠠᠴᠠᠭᠠᠨ ᠤ ᠨᠠᠮ ᠤᠨ ᠡᠭᠦᠷ ᠠᠴᠠ ᠭᠤᠤᠯᠴᠢᠯᠠᠨ ᠡᠷᠬᠢᠯᠡᠭᠰᠡᠨ ᠲᠤᠰ ᠤᠳᠠᠭᠠᠨ ᠤ ᠠᠵᠢᠯᠯᠠᠭ᠎ᠠ ᠨᠢ ︽3. | 8︾ ᠤ ᠳᠡᠯᠡᠭᠡᠢ ᠶᠢᠨ ᠡᠮᠡᠭᠳᠡᠶᠢᠴᠣᠳ ᠤᠨ ᠪᠠᠶᠠᠷ᠂ ︽5.1︾ ᠤ ᠬᠦᠳᠡᠯᠮᠦᠷᠢᠴᠢᠳ ᠤᠨ ᠪᠠᠶᠠᠷ᠂ ︽5.4︾ ᠤ | ᠵᠠᠯᠠᠭᠤᠴᠤᠳ ᠤᠨ ᠪᠠᠶᠠᠷ ᠢ ᠬᠠᠮᠳᠤᠷᠠᠭᠤᠯᠤᠭᠰᠠᠨ ᠨᠢᠭᠡᠨ ᠤᠳᠠᠭᠠᠨ ᠤ ᠬᠦᠳᠦᠯᠪᠤᠷᠢ ᠠᠵᠢᠯᠯᠠᠭ᠎ᠠ ᠪᠠᠶᠢᠵᠦ᠂ ᠡᠩ | ᠳᠡᠷᠢᠭᠦᠨ ᠳᠤ ︽3.8︾ ᠤᠯᠠᠭᠠᠨ ᠳᠤᠭᠴᠢ᠂ ᠬᠦᠳᠡᠯᠮᠦᠷᠢ ᠶᠢᠨ ᠵᠢᠱᠢᠶᠡᠴᠢ᠂ ᠳᠡᠷᠢᠭᠦᠨ ᠤ ᠰᠠᠶᠢᠨ ᠳᠤᠷᠠᠴᠤᠤᠯ | ᠵᠠᠯᠠᠭᠤᠰ ᠢᠶᠠᠨ ᠱᠠᠩᠨᠠᠨ ᠬᠦᠬᠢᠬᠦᠯᠦᠭᠰᠡᠨ ᠪᠦᠭᠡᠳ 32 ᠢᠳᠡᠷ ᠵᠠᠯᠠᠭᠤ ᠪᠦᠭᠡ᠂ ᠬᠡᠦᠬᠡᠳ ᠤᠨ ᠪᠦᠭᠡ᠂ ᠬᠤᠷᠳᠤᠨ | ᠮᠤᠷᠢᠨ ᠤ ᠤᠷᠤᠯᠳᠤᠭᠠᠨ᠂ ᠳᠡᠭᠡᠰᠦ ᠳᠠᠳᠠᠬᠤ᠂ ᠭᠦᠵᠦᠷ᠂ ᠱᠠᠭ᠎ᠠ ᠲᠤᠭᠯᠠᠬᠤ᠂ ᠭᠦᠶᠦᠬᠦ ᠵᠡᠷᠭᠡ ᠤᠷᠤᠯᠳᠤᠭᠠᠨ ᠢ | ᠶᠠᠪᠤᠭᠳᠠᠭᠤᠯᠵᠤ᠂ ᠤᠯᠠᠨ ᠢᠶᠠᠷ ᠢᠶᠠᠨ ᠪᠠᠶᠠᠷ ᠤᠨ ᠡᠳᠦᠷ ᠢᠶᠠᠨ ᠬᠠᠮᠳᠤ ᠳᠠᠭᠠᠨ ᠪᠡᠯᠭᠡᠯᠡᠭᠰᠡᠨ ᠪᠠᠶᠢᠨ᠎ᠠ᠃ | |