ᠰᠠᠭᠠᠯᠢᠴᠢᠳ ᠢᠶᠠᠨ ᠤᠷᠮᠠᠰᠢᠭᠤᠯᠤᠭᠰᠠᠨ ᠰᠠᠶᠢᠬᠠᠨ ᠦᠢᠯᠡ ᠠᠵᠢᠯᠯᠠᠭ᠎ᠠ
ᠨᠡᠶᠢᠲᠡᠯᠡᠭᠰᠡᠨ ᠴᠠᠭ᠄
2024/7/10
                    ᠴᠢᠮᠡᠭᠡᠯᠡᠭᠴᠢ ᠵᠢ᠊ ᠰᠤᠶᠤᠯᠳᠦ      ᠳᠤᠮᠳᠠᠳᠤ ᠤᠯᠤᠰ ᠤᠨ ᠡᠪ ᠬᠠᠮᠳᠤ ᠨᠠᠮ ᠪᠠᠶᠢᠭᠤᠯᠤᠭᠳᠠᠭᠰᠠᠨ 103 ᠵᠢᠯ ᠤᠨ ᠤᠢ ᠶᠢᠨ ᠪᠠᠶᠠᠷ ᠢ ᠪᠡᠯᠭᠡᠯᠡᠵᠦ᠂ ᠰᠢᠯᠤᠭᠤᠨ ᠬᠦᠭᠡ ᠬᠤᠰᠢᠭᠤᠨ ᠤ ᠰᠠᠶᠢᠨᠬᠤᠳᠳᠤᠭ ᠰᠤᠮᠤᠨ ᠤ ᠪᠤᠷᠤᠬᠤᠵᠢᠷ ᠭᠠᠴᠠᠭᠠᠨ ᠤ ᠨᠠᠮ ᠤᠨ ᠡᠭᠦᠷ᠂ ᠡᠮᠡᠭᠳᠡᠶᠢᠴᠤᠳ ᠤᠨ ᠬᠤᠯᠪᠤᠭ᠎ᠠ ᠬᠠᠮᠳᠤᠷᠠᠨ ᠨᠠᠮ ᠤᠨ ᠰᠤᠷᠤᠯᠴᠠᠯᠭ᠎ᠠ ᠪᠠ ᠮᠠᠯᠴᠢᠳ ᠤᠨ ᠬᠦᠳᠦᠯᠪᠤᠷᠢ ᠠᠵᠢᠯᠯᠠᠭ᠎ᠠ ᠦᠷᠨᠢᠬᠦᠯᠦᠯ᠎ᠡ᠃     ᠡᠭᠦᠨ ᠳᠤ᠂ ᠰᠠᠭᠠᠯᠢ ᠶᠢᠨ ᠦᠢᠯᠡᠰ ᠤᠨ ᠬᠦᠭᠵᠢᠯᠳᠡ ᠶᠢ ᠠᠬᠢᠭᠤᠯᠵᠤ᠂ ᠴᠠᠭᠠᠨ ᠢᠳᠡᠭᠡ ᠬᠢᠵᠦ ᠪᠠᠶᠢᠭ᠎ᠠ ᠮᠠᠯᠴᠢᠳ ᠢᠶᠠᠨ ᠵᠤᠷᠢᠭᠵᠢᠭᠤᠯᠤᠨ᠂ ᠮᠠᠯᠴᠢᠳ ᠤᠨ ᠤᠷᠤᠯᠭ᠎ᠠ ᠶᠢ ᠨᠡᠮᠡᠭᠳᠡᠬᠦᠯᠬᠦ ᠵᠤᠷᠢᠯᠳᠠ ᠪᠠᠷ ᠴᠠᠭᠠᠨ ᠢᠳᠡᠭᠡᠨ ᠤ ᠠᠳᠠᠯᠢᠳᠬᠠᠨ ᠰᠢᠯᠭᠠᠷᠠᠭᠤᠯᠤᠯᠳᠠ ᠪᠠ ᠲᠤᠬᠠᠢ ᠶᠢᠨ ᠳᠠᠯᠠᠪᠠᠢ ᠳᠤ ᠲᠦᠳ᠋ ᠬᠢᠬᠦ᠂ ᠱᠠᠭ᠎ᠠ ᠲᠤᠭᠯᠠᠭᠠᠮ᠂ ᠬᠦᠵᠦᠷ ᠨᠠᠭᠠᠳᠬᠤ ᠵᠡᠷᠭᠡ ᠤᠷᠤᠯᠳᠤᠭᠠᠨ ᠢ ᠦᠷᠨᠢᠬᠦᠯᠵᠡᠢ᠃     ᠴᠠᠭᠠᠨ ᠢᠳᠡᠭᠡᠨ ᠤ ᠤᠷᠤᠯᠳᠤᠭᠠᠨ ᠳᠤ 9 ᠨᠡᠷ᠎ᠡ ᠰᠠᠭᠠᠯᠢᠴᠢᠨ ᠤᠷᠤᠯᠴᠠᠵᠤ᠂ ᠲᠤᠰ ᠭᠠᠴᠠᠭᠠᠨ ᠤ ᠳᠠᠭᠤᠯᠠ ᠳᠡᠷᠢᠭᠦᠯᠡᠨ᠂ ᠨᠠᠷᠠᠨᠳᠤᠶᠠᠭ᠎ᠠ᠂ ᠨᠠᠷᠠᠨᠴᠢᠮᠡᠭ ᠳᠡᠳ᠋ᠯᠡᠵᠦ᠂ ᠤᠶᠤᠨᠪᠢᠯᠢᠭ᠌᠂ ᠤᠷᠢᠬᠠᠨ᠂ ᠬᠠᠰᠴᠡᠴᠡᠭ ᠭᠤᠷᠪᠠ ᠳᠤ ᠳᠤᠳᠤᠷᠠᠨ᠂ ᠰᠡᠴᠡᠨᠳᠠᠨ᠎ᠠ᠂ ᠰᠡᠴᠡᠩᠭᠤᠸ᠎ᠠ᠂ ᠤᠳᠤᠩᠭᠤᠸ᠎ᠠ ᠨᠠᠷ ᠵᠤᠷᠢᠭᠵᠢᠭᠤᠯᠤᠯ ᠤᠨ ᠱᠠᠩᠨᠠᠯ ᠬᠦᠷᠳᠡᠵᠦ᠂ ᠨᠠᠷᠠᠨᠴᠢᠮᠡᠭ ᠤᠯᠠᠨ ᠤ ᠳᠠᠭᠠᠰᠢᠶᠠᠯ ᠳᠤ ᠬᠦᠷᠦᠭᠰᠡᠨ ᠰᠠᠭᠠᠯᠢᠴᠢᠨ ᠢᠶᠠᠷ ᠳᠤᠳᠤᠷᠠᠭᠰᠠᠨ ᠪᠠᠶᠢᠨ᠎ᠠ᠃    ᠠᠵᠢᠯᠯᠠᠭ᠎ᠠ ᠳᠤ 80 ᠭᠠᠷᠤᠢ ᠬᠦᠮᠦᠨ ᠤᠷᠤᠯᠴᠠᠵᠤ᠂ ᠬᠦᠳᠡᠭᠡ ᠪᠠᠨ ᠴᠠᠭᠠᠨ ᠢᠳᠡᠭᠡ ᠬᠢᠵᠦ ᠰᠦᠯᠵᠢᠶ᠎ᠡ ᠪᠠᠷ ᠪᠤᠶᠤ ᠰᠢᠭᠤᠳ ᠪᠤᠷᠤᠯᠠᠭᠤᠯᠵᠤ ᠪᠠᠶᠢᠭ᠎ᠠ ᠮᠠᠯᠴᠢᠳ ᠢ ᠤᠷᠮᠠᠰᠢᠭᠤᠯᠤᠨ᠂ ᠴᠡᠪᠡᠷ ᠪᠠᠶᠢᠭᠠᠯᠢᠭ ᠴᠠᠬᠠᠷ ᠨᠤᠳᠤᠭ ᠤᠨ ᠴᠠᠭᠠᠨ ᠢᠳᠡᠭᠡ ᠶᠢ ᠤᠯᠠᠨ ᠳᠤ ᠳᠠᠨᠢᠭᠤᠯᠤᠨ ᠰᠤᠷᠳᠠᠯᠴᠢᠯᠠᠭᠰᠠᠨ ᠪᠠᠶᠢᠨ᠎ᠠ᠃   
 
ᠢᠷᠡᠯᠲᠡ᠄ ᠰᠢᠯᠤᠭᠤᠨ ᠬᠥᠬᠡ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号