ᠮᠠᠩᠬᠠᠨ ᠨᠤᠳᠤᠭ ᠢᠶᠠᠨ ᠨᠤᠭᠤᠭᠠᠷᠠᠭᠤᠯᠤᠭᠰᠠ ᠮᠠᠯᠴᠢᠨ ᠪᠦᠰᠡᠬᠦᠢ ᠰᠤᠶᠤᠯᠴᠡᠴᠡᠭ
ᠨᠡᠶᠢᠲᠡᠯᠡᠭᠰᠡᠨ ᠴᠠᠭ᠄
2024/7/10
                                     ᠴᠢᠮᠡᠭᠡᠯᠡᠭᠴᠢ ᠳ᠋᠊ ᠰᠡᠴᠡᠨᠪᠠᠳᠤ        ᠨᠤᠳᠤᠭ ᠡᠵᠡᠨ ᠬᠤᠶᠠᠷ ᠬᠠᠮᠳᠤ ᠤᠷᠤᠰᠢᠳᠠᠭ ᠤᠨ ᠤᠴᠢᠷ ᠨᠤᠳᠤᠭ ᠲᠠᠭᠠᠨ ᠬᠠᠶᠢᠷᠠᠳᠠᠢ ᠬᠦᠮᠦᠨ ᠤ ᠠᠮᠢᠵᠢᠷᠠᠯ ᠤᠨ ᠬᠦᠴᠦᠨ ᠨᠢ ᠦᠷᠭᠡᠨ ᠠᠭᠤᠳᠠᠮ᠂ ᠠᠯᠤᠰ ᠢᠷᠡᠭᠡᠳᠦᠢ ᠨᠢ ᠬᠡᠬᠡᠨ ᠰᠠᠷᠠᠭᠤᠯ ᠪᠠᠶᠢᠳᠠᠭ᠃ ᠤᠨᠠᠭᠰᠠᠨ ᠰᠢᠷᠤᠢ ᠠᠯᠳᠠ᠂ ᠤᠤᠭᠤᠭᠰᠠᠨ ᠤᠰᠤ ᠷᠠᠰᠢᠶᠠᠨ ᠬᠡᠳᠡᠭ ᠢᠶᠠᠷ ᠦᠰᠴᠦ ᠲᠦᠷᠦᠭᠰᠡᠨ ᠦᠯᠦᠭᠡᠢ ᠨᠤᠳᠤᠭ ᠢᠶᠠᠨ ᠥᠪᠡᠷ ᠤᠨ ᠠᠮᠢᠨ ᠠᠴᠠ ᠪᠠᠨ ᠢᠯᠡᠭᠦᠦ ᠬᠠᠶᠢᠷᠠᠯᠠᠨ ᠬᠠᠮᠠᠭᠠᠯᠠᠵᠤ᠂ ᠡᠯᠡᠰᠦᠷᠭᠡᠭᠵᠢᠵᠦ ᠳᠠᠴᠢᠷᠳᠠᠭᠰᠠᠨ ᠪᠡᠯᠴᠢᠭᠡᠷ ᠨᠤᠳᠤᠭ ᠢᠶᠠᠨ ᠪᠦᠬᠦᠨ ᠢ ᠪᠢᠳᠡᠭᠦᠮᠵᠢᠯᠡᠨ ᠦᠭᠡᠷᠡᠴᠢᠯᠡᠭᠡᠳ ᠦᠨᠳᠦᠷ ᠠᠮᠵᠢᠯᠳᠠ ᠳᠤ ᠬᠦᠷᠦᠭᠰᠡᠨ ᠬᠦᠮᠦᠨ ᠤ ᠨᠢᠭᠡᠨ ᠪᠤᠯ ᠮᠠᠯᠴᠢᠨ ᠪᠦᠰᠡᠬᠦᠢ ᠰᠤᠶᠤᠯᠴᠡᠴᠡᠭ ᠪᠤᠯᠤᠨ᠎ᠠ᠃     ᠰᠤᠶᠤᠯᠴᠡᠴᠡᠭ ᠪᠤᠯ ᠰᠢᠯᠤᠭᠤᠨ ᠬᠦᠭᠡ ᠬᠤᠰᠢᠭᠤᠨ ᠤ ᠰᠠᠶᠢᠨᠬᠤᠳᠳᠤᠭ ᠰᠤᠮᠤᠨ ᠤ ᠪᠠᠶᠠᠨᠬᠤᠰᠢᠭᠤ ᠭᠠᠴᠠᠭᠠᠨ  ᠤ ᠵᠢᠷ ᠤᠨ ᠨᠢᠭᠡᠨ ᠮᠠᠯᠴᠢᠨ ᠨᠠᠮ ᠤᠨ ᠬᠡᠰᠢᠬᠦᠨ᠃ ᠭᠠᠵᠠᠷ ᠨᠤᠳᠤᠭ ᠢ ᠡᠷᠦᠭᠡ ᠳᠤ ᠳᠠᠭᠠᠭᠠᠴᠢᠯᠠᠭᠤᠯᠬᠤ ᠦᠶ᠎ᠡ ᠳᠤ ᠡᠳᠡᠨᠡᠶᠢᠬᠢᠨ ᠡᠪᠦᠯᠵᠢᠶ᠎ᠡ ᠵᠤᠰᠠᠯᠠᠩ ᠤᠨ ᠭᠠᠵᠠᠷ ᠭᠡᠵᠦ ᠨᠡᠶᠢᠳᠡ 1500 ᠭᠠᠷᠤᠢ ᠮᠤ᠋ ᠪᠡᠯᠴᠢᠭᠡᠷ ᠳᠠᠭᠠᠭᠠᠴᠢᠯᠠᠨ ᠠᠪᠴᠠᠢ᠃ ᠰᠡᠯᠭᠦᠨ ᠮᠠᠯᠵᠢᠬᠤ ᠭᠠᠵᠠᠷ ᠦᠭᠡᠢ᠂ ᠬᠡᠮᠵᠢᠶ᠎ᠡ ᠲᠠᠢ ᠵᠢᠭᠠᠬᠠᠨ ᠨᠤᠳᠤᠭ ᠳᠡᠭᠡᠷ᠎ᠡ ᠤᠷᠳᠤ ᠬᠤᠭᠤᠴᠠᠭ᠎ᠠ ᠮᠠᠯ ᠮᠠᠯᠵᠢᠬᠤ ᠨᠢ ᠪᠡᠯᠴᠢᠭᠡᠷ ᠲᠤ ᠬᠠᠯᠠ ᠲᠠᠢ ᠨᠢ ᠵᠦᠢ ᠶᠤᠰᠤᠨ ᠤ ᠤᠴᠢᠷ ᠪᠢᠯᠡ᠃ ᠠᠷᠪᠠᠭᠠᠳ ᠵᠢᠯ ᠪᠤᠯᠬᠤ ᠳᠤ ᠪᠡᠯᠴᠢᠭᠡᠷ ᠨᠢ ᠰᠡᠶᠢᠷᠡᠭᠵᠢᠨ᠂ ᠨᠡᠶᠢᠳᠡᠮ ᠳᠡᠭᠡᠨ ᠡᠯᠡᠰᠦᠷᠭᠡᠭᠵᠢᠬᠦ ᠪᠠᠶᠢᠳᠠᠯ ᠲᠠᠢ ᠪᠤᠯᠤᠭᠰᠠᠨ ᠢᠶᠠᠷ 2007 ᠤᠨ ᠳᠤ ᠰᠤᠶᠤᠯᠴᠡᠴᠡᠭ ᠤᠯᠠᠩᠬᠢ ᠮᠠᠯ ᠢᠶᠠᠨ ᠬᠤᠳᠠᠯᠳᠤᠨ᠂ ᠴᠦᠭᠡᠪᠦᠷᠢ ᠬᠡᠳᠦ ᠶᠢ ᠳᠡᠭᠦᠦ ᠳᠡᠭᠡᠨ ᠨᠠᠶᠢᠳᠠᠵᠤ ᠮᠠᠯᠵᠢᠭᠤᠯᠤᠨ᠂ ᠨᠤᠳᠤᠭ ᠢᠶᠠᠨ ᠪᠢᠳᠡᠭᠦᠮᠵᠢᠯᠡᠵᠦ᠂ ᠭᠡᠷ ᠢᠶᠠᠷ ᠢᠶᠠᠨ ᠭᠠᠳᠠᠭᠰᠢ ᠭᠠᠷᠴᠤ ᠪᠤᠰᠤᠳ ᠤᠨ ᠮᠠᠯ ᠢ ᠮᠠᠯᠵᠢᠬᠤ ᠠᠵᠢᠯ ᠬᠢᠭᠰᠡᠨ ᠪᠠᠶᠢᠨ᠎ᠠ᠃ 2021 ᠳᠤ ᠳᠠᠬᠢᠨ ᠪᠤᠴᠠᠵᠤ ᠢᠷᠡᠬᠦ ᠳᠤ ᠪᠡᠯᠴᠢᠭᠡᠷ ᠨᠤᠳᠤᠭ ᠨᠢ ᠨᠡᠶᠢᠳᠡᠮ ᠳᠡᠭᠡᠨ ᠨᠤᠭᠤᠭᠠᠨ ᠳᠠᠪᠠᠯᠭ᠎ᠠ ᠬᠠᠶᠠᠯᠠᠨ᠂ ᠤᠷᠭᠤᠮᠠᠯ ᠤᠨ ᠲᠦᠷᠦᠯ ᠵᠦᠢᠯ ᠨᠢ ᠨᠡᠮᠡᠭᠳᠡᠵᠦ ᠰᠡᠷᠭᠦᠭᠰᠡᠨ ᠪᠠᠶᠢᠯ᠎ᠠ᠃        ᠰᠤᠶᠤᠯᠴᠡᠴᠡᠭ᠄ ︽ᠨᠤᠳᠤᠭ ᠪᠡᠯᠴᠢᠭᠡᠷ ᠪᠤᠯ ᠮᠠᠯᠴᠢᠨ ᠬᠦᠮᠦᠨ ᠤ ᠤᠷᠤᠰᠢᠨ ᠠᠮᠢᠳᠤᠷᠠᠬᠤ ᠶᠢᠨ ᠰᠠᠭᠤᠷᠢ ᠶᠤᠮ᠃ ᠨᠤᠳᠤᠭ ᠲᠠᠢ ᠬᠦᠮᠦᠨ ᠬᠡᠵᠢᠶᠡᠳᠡ ᠪᠠᠶᠠᠨ ᠪᠠᠶᠢᠳᠠᠭ᠃ ᠮᠠᠨ ᠤ ᠨᠤᠳᠤᠭ ᠤᠨ ᠰᠡᠷᠭᠦᠯᠳᠡ ᠶᠢᠨ ᠪᠠᠶᠢᠳᠠᠯ ᠬᠡᠳᠦᠶᠢᠪᠡᠷ ᠨᠡᠯᠢᠶᠡᠳ ᠰᠠᠶᠢᠨ ᠪᠤᠯᠪᠠᠴᠤ 2023 ᠤᠨ ᠳᠤ ᠬᠤᠰᠢᠭᠤᠨ ᠤ ᠪᠠᠨ ᠲᠠᠷᠢᠶᠠᠯᠠᠩ ᠮᠠᠯ ᠠᠵᠤ ᠠᠬᠤᠢ  ᠶᠢᠨ ᠲᠤᠪᠴᠢᠶᠠᠨ ᠠᠴᠠ ᠭᠤᠷᠪᠠᠨ ᠵᠢᠯ ᠤᠨ ᠡᠯᠡᠰᠦ ᠶᠢ ᠵᠠᠰᠠᠬᠤ ᠲᠦᠷᠦᠯ ᠵᠦᠢᠯ ᠡᠷᠡᠮᠵᠡᠯᠡᠨ ᠤᠯᠵᠤ᠂ ᠠᠮᠢ ᠠᠬᠤᠢ  ᠶᠢᠨ ᠰᠡᠷᠬᠦᠯᠳᠡ ᠶᠢ 100% ᠳᠤ ᠬᠦᠷᠭᠡᠭᠡᠳ ᠳᠠᠬᠢᠨ ᠮᠠᠯ ᠪᠡᠯᠴᠢᠭᠡᠷᠯᠡᠭᠦᠯᠬᠦ ᠪᠠᠷ ᠲᠦᠯᠦᠪᠯᠡᠵᠦ ᠪᠠᠶᠢᠨ᠎ᠠ᠃ ᠤᠳᠤᠬᠠᠨ ᠳᠠᠭᠠᠨ ᠨᠠᠮᠤᠷ ᠨᠢ ᠡᠪᠡᠰᠦ ᠪᠠᠨ ᠬᠠᠳᠤᠵᠤ ᠬᠤᠳᠠᠯᠳᠤᠭᠠᠳ ᠵᠢᠯ ᠳᠡᠭᠡᠨ 4-5 ᠲᠦᠮᠡᠨ ᠲᠦᠭᠦᠷᠢᠭ ᠤᠨ ᠤᠷᠤᠯᠭ᠎ᠠ ᠤᠯᠵᠤ ᠪᠠᠶᠢᠨ᠎ᠠ︾ ᠭᠡᠵᠦ ᠶᠠᠷᠢᠯ᠎ᠠ᠃ 
 
ᠢᠷᠡᠯᠲᠡ᠄ ᠰᠢᠯᠤᠭᠤᠨ ᠬᠥᠬᠡ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号