ᠱᠠᠩᠳᠤ ᠨᠠᠭᠤᠷ ᠠᠮᠢ ᠠᠬᠤᠶ ᠶᠢᠨ ᠵᠢᠭᠤᠯᠴᠢᠯᠠᠯ ᠤᠨ ᠤᠷᠤᠨ ᠤ ᠵᠤᠭᠠᠴᠠᠯ ᠬᠦᠭᠵᠢᠶᠡᠨᠳᠡᠢ ᠪᠠᠶᠢᠨ᠎ᠠ
ᠨᠡᠶᠢᠲᠡᠯᠡᠭᠰᠡᠨ ᠴᠠᠭ᠄
2024/7/11
       ᠬᠤᠯᠠᠨ ᠰᠢᠷᠭ᠎ᠠ ᠳᠠᠭ᠎ᠠ ᠶᠢᠨ ᠡᠯᠡᠰᠦᠨ ᠳᠠᠬᠢ ᠱᠠᠩᠳᠤ ᠨᠠᠭᠤᠷ ᠠᠮᠢ ᠠᠬᠤᠢ ᠶᠢᠨ ᠵᠢᠭᠤᠯᠴᠢᠯᠠᠯ ᠤᠨ ᠦᠵᠡᠮᠵᠢ  ᠶᠢᠨ ᠤᠷᠤᠨ ᠪᠤᠯ ᠰᠢᠯᠤᠭᠤᠨ ᠬᠦᠭᠡ ᠬᠤᠰᠢᠭᠤᠨ ᠤ ᠭᠤᠤᠯ ᠪᠤᠯᠬᠤ ᠵᠤᠭᠠᠴᠠᠯ ᠤᠨ ᠴᠡᠭ ᠤᠨ ᠨᠢᠭᠡ ᠪᠤᠯᠤᠨ᠎ᠠ᠃ ᠨᠠᠭᠤᠷ ᠤᠨ ᠬᠥᠪᠡᠭᠡᠨ ᠤ ᠢᠬᠴᠤ ᠰᠠᠬᠤᠯᠢᠭ ᠡᠪᠡᠰᠦ ᠪᠡᠯᠴᠢᠭᠡᠷ ᠨᠢ ᠬᠤᠪᠤᠷ ᠴᠤᠬᠠᠭ ᠵᠢᠬᠦᠷᠳᠡᠨ ᠰᠢᠪᠠᠭᠤᠳ ᠤᠨ ᠨᠡᠬᠦᠳᠡᠯᠯᠡᠨ ᠪᠠᠭᠤᠳᠠᠯᠯᠠᠬᠤ ᠦᠷᠳᠡᠭᠡ ᠪᠤᠯᠵᠤ᠂ ᠡᠨᠡᠬᠦ ᠨᠠᠮ ᠰᠡᠯᠡᠭᠦᠨ ᠦᠵᠡᠮᠵᠢ ᠶᠢᠨ ᠤᠷᠤᠨ ᠳᠤ ᠬᠡᠳᠦᠨ ᠬᠤᠪᠢ  ᠶᠢᠨ ᠠᠮᠢᠵᠢᠷᠠᠯ ᠤᠨ ᠬᠦᠴᠦᠨ ᠨᠡᠮᠡᠷᠢᠯᠡᠵᠡᠶ᠃     ᠤᠶᠢᠷ᠎ᠠ ᠶᠢᠨ ᠡᠳᠦᠷ ᠠᠳᠡ 50 ᠭᠠᠷᠤᠶ ᠳᠤᠭᠤᠶ ᠤᠨᠤᠬᠤ ᠪᠠᠭ᠋ᠠᠳᠠᠳ ᠴᠤᠭᠯᠠᠷᠠᠵᠤ᠂ ᠲᠠᠯ᠎ᠠ ᠨᠤᠳᠤᠭ ᠤᠨ ᠭᠤᠶᠤ ᠰᠠᠶᠢᠬᠠᠨ ᠦᠩᠭᠡ ᠦᠵᠡᠮᠵᠢ ᠳᠤ ᠰᠤᠭᠳᠤᠭᠤᠷᠠᠨ᠂ ᠨᠠᠭᠤᠷ ᠢ ᠲᠤᠭᠤᠷᠢᠵᠦ ᠳᠤᠭᠤᠢ ᠪᠠᠷ ᠠᠶᠠᠯᠠᠬᠤ ᠵᠤᠭᠠᠴᠠᠯ ᠢ ᠡᠬᠢᠯᠡᠬᠦᠯᠬᠦ ᠪᠠᠷ ᠪᠡᠯᠡᠳᠭᠡᠵᠦ ᠪᠠᠶᠢᠯ᠎ᠠ᠃    ᠱᠠᠩᠳᠤ ᠨᠠᠭᠤᠷ ᠠᠮᠢ ᠠᠬᠤᠶ ᠶᠢᠨ ᠵᠢᠭᠤᠯᠴᠢᠯᠠᠯ ᠤᠨ ᠦᠵᠡᠮᠵᠢ ᠶᠢᠨ ᠣᠷᠣᠨ ᠳᠤ ᠨᠤᠭᠤ ᠭᠠᠵᠠᠷ᠂ ᠨᠠᠭᠤᠷ ᠴᠥᠭᠦᠷᠥᠮ᠂ ᠲᠠᠯ᠎ᠠ ᠭᠠᠵᠠᠷ᠂ ᠤᠢ ᠮᠤᠳᠤ᠂ ᠡᠯᠡᠰᠦ ᠮᠠᠩᠬ᠎ᠠ ᠵᠡᠷᠭᠡ ᠣᠯᠠᠨ ᠵᠦᠶᠯ ᠤᠨ ᠭᠠᠵᠠᠷ ᠤᠨ ᠪᠠᠶᠢᠴᠠ ᠲᠠᠢ ᠪᠠᠶᠢᠵᠦ᠂ ᠦᠪᠡᠷᠮᠢᠴᠡ ᠦᠩᠭᠡ ᠦᠵᠡᠮᠵᠢ᠂ ᠣᠯᠠᠨ ᠲᠦᠷᠦᠯ ᠤᠨ ᠠᠮᠢᠳᠠᠨ ᠤᠷᠭᠤᠮᠠᠯ ᠲᠠᠢ ᠪᠠᠶᠢᠳᠠᠭ ᠢᠶᠠᠷ ᠢᠶᠠᠨ ᠬᠤᠯᠠᠨ ᠰᠢᠷᠭ᠎ᠠ ᠲᠠᠭ᠎ᠠ ᠶᠢᠨ ᠡᠯᠡᠰᠦᠷᠬᠡᠭ ᠭᠠᠵᠠᠷ ᠢ ᠲᠤᠭᠤᠷᠢᠨ ᠵᠤᠭᠠᠴᠠᠬᠤ  ᠳᠤ ᠵᠠᠪᠠᠯ ᠥᠩᠭᠡᠷᠡᠬᠦ ᠭᠠᠵᠠᠷ ᠤᠨ ᠨᠢᠭᠡ ᠪᠤᠯᠤᠭᠰᠠᠨ ᠪᠠᠶᠢᠨ᠎ᠠ᠃     ᠱᠠᠩᠳᠤ ᠨᠠᠭᠤᠷ ᠠᠮᠢ ᠠᠬᠤᠢ ᠶᠢᠨ ᠵᠢᠭᠤᠯᠴᠢᠯᠠᠯ ᠤᠨ ᠦᠵᠡᠮᠵᠢ ᠶᠢᠨ ᠣᠷᠣᠨ ᠤ ᠬᠠᠷᠢᠭᠤᠴᠠᠯᠭᠠᠳᠠᠨ ᠰᠦᠩ ᠰᠦ᠋ ᠬᠡᠯᠡᠬᠦ ᠳᠡᠭᠡᠨ᠄ ︽ᠱᠠᠩᠳᠤ ᠨᠠᠭᠤᠷ ᠠᠮᠢ ᠠᠬᠤᠢ ᠶᠢᠨ ᠵᠢᠭᠤᠯᠴᠢᠯᠠᠯ ᠤᠨ ᠦᠵᠡᠮᠵᠢ ᠶᠢᠨ ᠣᠷᠣᠨ ᠢ 2008 ᠣᠨ ᠠᠴᠠ ᠡᠬᠢᠯᠡᠨ ᠪᠦᠲᠦᠭᠡᠨ ᠪᠠᠶᠢᠭᠤᠯᠵᠤ᠂ 2009 ᠣᠨ ᠠᠴᠠ ᠡᠵᠡᠩᠨᠡᠯᠳᠡ ᠪᠠᠨ ᠡᠬᠢᠯᠡᠭᠦᠯᠵᠡᠢ᠃ ᠦᠵᠡᠮᠵᠢ  ᠶᠢᠨ ᠣᠷᠣᠨ ᠳᠤ ᠤᠯᠠᠮᠵᠢᠯᠠᠯᠳᠤ ᠡᠷ᠎ᠡ ᠶᠢᠨ ᠭᠤᠷᠪᠠᠨ ᠨᠠᠭᠠᠳᠤᠮ ᠮᠣᠷᠢ ᠤᠷᠤᠯᠳᠤᠬᠤ᠂ ᠰᠤᠷ ᠬᠠᠷᠪᠤᠬᠤ᠂ ᠪᠥᠬᠡ ᠪᠠᠷᠢᠯᠳᠤᠬᠤ ᠠᠴᠠ ᠭᠠᠳᠠᠨ᠎ᠠ ᠪᠠᠰᠠ ᠨᠠᠭᠤᠷ ᠢ ᠲᠣᠭᠤᠷᠢᠭᠰᠠᠨ 12 ᠺᠢᠯᠣᠮᠧᠲᠷ ᠤᠨ ᠳᠤᠭᠤᠶ ᠤᠨᠤᠬᠤ᠂ ᠬᠤᠯᠠᠨ ᠰᠢᠷᠭ᠎ᠠ ᠳᠠᠭ᠎ᠠ ᠶᠢᠨ ᠡᠯᠡᠰᠦ ᠶᠢ ᠲᠤᠭᠤᠯᠬᠤ᠂ ᠲᠠᠯ᠎ᠠ ᠨᠤᠲᠤᠭ ᠤᠨ ᠬᠥᠯ ᠪᠥᠮᠪᠦᠭᠡ ᠰᠠᠭᠰᠤᠨ ᠪᠥᠮᠪᠦᠭᠡ᠂ ᠬᠡᠭᠡᠷ᠎ᠡ ᠪᠠᠭᠤᠳᠠᠯᠯᠠᠬᠤ ᠵᠡᠷᠭᠡ ᠦᠨᠳᠦᠰᠦᠲᠡᠨ ᠤ ᠣᠨᠴᠠᠯᠢᠭ ᠲᠠᠢ  ᠵᠤᠭᠠᠴᠠᠯ ᠤᠨ ᠠᠵᠢᠯᠯᠠᠭ᠎ᠠ ᠪᠠᠭᠲᠠᠨ᠎ᠠ︾ ᠭᠡᠯ᠎ᠡ᠃     ᠤᠶᠢᠷ᠎ᠠ ᠶᠢᠨ ᠵᠢᠯ᠂ ᠱᠠᠩᠳᠤ ᠨᠠᠭᠤᠷ ᠠᠮᠢ ᠠᠬᠤᠢ ᠶᠢᠨ ᠵᠢᠭᠤᠯᠴᠢᠯᠠᠯ ᠤᠨ ᠦᠵᠡᠮᠵᠢ ᠶᠢᠨ ᠣᠷᠣᠨ ᠨᠢ  ᠨᠡᠩ ᠤᠯᠠᠨ ᠵᠤᠭᠠᠴᠠᠭᠰᠠᠳ ᠤᠨ ᠰᠣᠨᠢᠷᠬᠠᠯ ᠢ ᠲᠠᠲᠠᠵᠤ᠂ ᠬᠤᠯᠠ ᠤᠶᠢᠷ᠎ᠠ ᠶᠢᠨ ᠬᠦᠮᠦᠰ ᠠᠳᠡ ᠭᠡᠭᠡᠷ᠎ᠡ ᠬᠤᠨᠣᠭᠯᠠᠬᠤ᠂ ᠶᠠᠪᠠᠭᠠᠨ ᠠᠶᠠᠯᠠᠬᠤ᠂ ᠳᠤᠭᠤᠶ ᠤᠨᠤᠬᠤ᠂ ᠤᠳᠤᠨ ᠮᠡᠴᠢᠳ ᠰᠣᠨᠢᠷᠬᠠᠬᠤ᠂ ᠵᠢᠬᠦᠷᠳᠡᠨ ᠰᠢᠪᠠᠭᠤ ᠰᠣᠨᠢᠷᠬᠠᠬᠤ ᠵᠡᠷᠭᠡ ᠣᠯᠠᠨ ᠵᠦᠶᠯ ᠤᠨ ᠬᠥᠳᠡᠯᠭᠡᠭᠡᠨ ᠳᠤ ᠣᠷᠣᠯᠴᠠᠵᠤ᠂ ᠡᠬᠡ ᠪᠠᠶᠢᠭᠠᠯᠢ ᠶᠢᠨ ᠷᠢᠳᠢ ᠰᠢᠳᠢ ᠶᠢ ᠪᠡᠶᠡᠴᠢᠯᠡᠨ ᠤᠶᠢᠯᠠᠭᠠᠬᠤ ᠪᠤᠯᠵᠠᠢ᠃      ᠵᠢᠭᠤᠯᠴᠢᠨ ᠴᠧᠨ ᠠᠪᠠᠭ᠋ᠠᠶ᠄ ︽ᠪᠢᠳᠡ ᠨᠠᠭᠤᠷ ᠤᠨ ᠬᠥᠪᠡᠭᠡᠨ ᠳᠤ ᠰᠢᠪᠠᠭᠤᠳ ᠤᠨ ᠳᠡᠪᠳᠡᠷᠢᠨ ᠪᠥᠵᠢᠭᠯᠡᠬᠦ  ᠶᠢ ᠦᠵᠡᠭᠰᠡᠨ᠂ ᠠᠳᠡ ᠨᠠᠷᠠ ᠵᠢᠷᠭᠠᠬᠤ ᠦᠶᠡᠰ ᠪᠠᠰᠠ ᠮᠠᠰᠢ ᠭᠤᠶᠣ᠃ ᠰᠢᠯᠤᠭᠤᠨ ᠬᠥᠬᠡ ᠬᠤᠰᠢᠭᠤᠨ ᠤ ᠠᠮᠢ ᠠᠬᠤᠶ ᠶᠢᠨ ᠪᠥᠲᠥᠭᠡᠨ ᠪᠠᠶᠢᠭᠤᠯᠤᠯᠲᠠ ᠮᠠᠰᠢ ᠰᠠᠶᠢᠨ᠂ ᠲᠠᠯ᠎ᠠ ᠨᠤᠲᠤᠭ ᠤᠨ ᠠᠮᠢ ᠠᠬᠤᠶ ᠶᠢᠨ ᠣᠷᠴᠢᠨ ᠲᠣᠭᠤᠷᠢᠨ ᠡᠶᠢᠮᠦ ᠭᠤᠶᠣ ᠪᠠᠶᠢᠳᠠᠭ ᠢ ᠤᠯᠵᠤ ᠬᠠᠷᠠᠯ᠎ᠠ︾ ᠭᠡᠰᠡᠨ ᠪᠠᠶᠢᠨ᠎ᠠ᠃     ᠡᠨᠡ ᠵᠢᠯ ᠱᠠᠩᠳᠤ ᠨᠠᠭᠤᠷ ᠠᠮᠢ ᠠᠬᠤᠢ ᠶᠢᠨ ᠵᠢᠭᠤᠯᠴᠢᠯᠠᠯ ᠤᠨ ᠦᠵᠡᠮᠵᠢ ᠶᠢᠨ ᠣᠷᠣᠨ ᠨᠢ ᠨᠢᠭᠡᠨᠲᠡ 2 ᠲᠦᠮᠡ ᠰᠢᠬᠠᠮ ᠵᠤᠭᠠᠴᠠᠭᠰᠠᠳ ᠢ ᠭᠥᠯᠢᠶᠡᠨ ᠠᠪᠤᠭᠰᠠᠨ ᠪᠠᠶᠢᠨ᠎ᠠ᠃ ᠦᠵᠡᠮᠵᠢ ᠶᠢᠨ ᠣᠷᠣᠨ ᠨᠢ ᠴᠡᠭ ᠢᠶᠠᠷ ᠨᠡᠶᠢᠳᠡᠮ ᠢ ᠳᠠᠶᠢᠴᠢᠯᠠᠵᠤ᠂ ᠱᠠᠩᠲᠤ ᠨᠠᠭᠤᠷ ᠢᠶᠠᠷ ᠲᠥᠪ ᠪᠣᠯᠭᠠᠭᠰᠠᠨ ᠵᠢᠭᠤᠯᠴᠢᠯᠠᠯ ᠤᠨ ᠪᠦᠰᠡ ᠶᠢ ᠪᠦᠷᠢᠯᠳᠦᠭᠦᠯᠵᠦ ᠂ ᠣᠯᠠᠨ ᠵᠤᠷᠪᠤᠰ ᠵᠢᠭᠤᠯᠴᠢᠯᠠᠯ ᠤᠨ ᠱᠤᠭᠤᠮ ᠪᠠ ᠡᠷᠬᠢᠨ ᠲᠣᠭᠤᠷᠢᠨ ᠤ ᠵᠢᠭᠤᠯᠴᠢᠯᠠᠯ ᠤᠨ ᠴᠡᠭ ᠢ ᠪᠤᠢ ᠪᠤᠯᠭᠠᠨ᠂ ᠬᠦᠭᠵᠢᠯᠳᠡ ᠶᠢ ᠨᠢ ᠳᠠᠶᠢᠴᠢᠯᠠᠬᠤ ᠶᠢᠨ ᠬᠠᠮᠲᠤ ᠮᠠᠯᠴᠢᠳ ᠲᠤ ᠠᠵᠢᠯ ᠣᠯᠭᠤᠬᠤ ᠰᠢᠨ᠎ᠡ ᠠᠷᠭ᠎ᠠ ᠵᠠᠮ ᠢ ᠬᠠᠩᠭᠠᠵᠤ᠂ ᠮᠠᠯᠴᠢᠳ ᠤᠨ ᠣᠷᠣᠯᠭ᠎ᠠ ᠶᠢᠨ ᠨᠡᠮᠡᠭᠳᠡᠯ ᠢ ᠳᠠᠶᠢᠴᠢᠯᠠᠭᠰᠠᠨ ᠪᠠᠶᠢᠨ᠎ᠠ᠃ ᠦᠵᠡᠮᠵᠢ ᠶᠢᠨ ᠣᠷᠣᠨ ᠤ ᠨᠥᠯᠥᠭᠡᠯᠡᠬᠦ ᠬᠦᠴᠦᠨ ᠵᠢᠯ ᠳᠠᠷᠠᠭᠠᠯᠠᠨ ᠥᠷᠭᠡᠳᠬᠦ ᠶᠢ ᠳᠠᠭᠠᠯᠳᠤᠨ᠂ ᠪᠡᠭᠡᠵᠢᠩ ᠲᠢᠶᠠᠨᠵᠢᠨ ᠾᠧᠪᠧᠶ ᠵᠡᠷᠭᠡ ᠭᠠᠵᠠᠷ ᠠᠴᠠ ᠭᠠᠳᠠᠨ᠎ᠠ ᠬᠥᠬᠡᠮᠥ᠋ᠷᠡᠨ ᠤ ᠭᠤᠷᠪᠠᠯᠵᠢᠨ ᠬᠤᠶᠢᠭ᠂ ᠵᠦᠵᠢᠶᠠᠩ ᠮᠥᠷᠡᠨ ᠤ ᠭᠤᠷᠪᠠᠯᠵᠢᠨ ᠬᠤᠶᠢᠭ ᠵᠢᠴᠢ ᠰᠢᠶᠠᠩᠭᠠᠩ ᠣᠣᠮᠧᠨ ᠲᠠᠶᠢᠸᠠᠨ ᠵᠡᠷᠭᠡ ᠭᠠᠵᠠᠷ ᠴᠢᠨᠠᠭᠰᠢᠯᠠᠪᠠᠯ ᠭᠠᠳᠠᠭᠠᠳᠤ ᠶᠢᠨ ᠵᠢᠭᠤᠯᠴᠢᠯᠠᠭᠰᠠᠳ ᠴᠦ ᠬᠦᠷᠦᠯᠴᠡᠨ ᠢᠷᠡᠬᠦ ᠪᠤᠯᠵᠠᠢ᠃     ᠱᠠᠩᠳᠤ ᠨᠠᠭᠤᠷ ᠠᠮᠢ ᠠᠬᠤᠶ ᠶᠢᠨ ᠵᠢᠭᠤᠯᠴᠢᠯᠠᠯ ᠤᠨ ᠦᠵᠡᠮᠵᠢ ᠶᠢᠨ ᠣᠷᠣᠨ ᠤ ᠬᠠᠷᠢᠭᠤᠴᠠᠯᠭᠠᠳᠠᠨ ᠰᠥᠩ ᠰᠦ᠋᠄ ︽ᠱᠠᠩᠳᠤ ᠨᠠᠭᠤᠷ ᠠᠮᠢ ᠠᠬᠤᠶ ᠶᠢᠨ ᠵᠢᠭᠤᠯᠴᠢᠯᠠᠯ ᠤᠨ ᠦᠵᠡᠮᠵᠢ ᠶᠢᠨ ᠣᠷᠣᠨ ᠨᠢ ᠲᠠᠷᠠᠭᠠᠴᠢ ᠪᠠᠷ ᠵᠣᠨ ᠤ ᠤᠯᠠᠷᠢᠯ ᠤᠨ ᠵᠢᠭᠤᠯᠴᠢᠯᠠᠯ ᠢ ᠤᠯᠠᠮ ᠰᠠᠶᠢᠲᠤᠷ ᠬᠢᠬᠦ ᠶᠢᠨ ᠬᠠᠮᠲᠤ ᠡᠪᠦᠯ ᠤᠨ ᠤᠯᠠᠷᠢᠯ ᠤᠨ ᠵᠢᠭᠤᠯᠴᠢᠯᠠᠯ ᠢ ᠭᠤᠤᠯᠳᠠᠯᠭ᠎ᠠ ᠲᠠᠢ ᠴᠣᠭᠴᠠᠯᠠᠵᠤ᠂ ᠱᠠᠩᠳᠤ ᠨᠠᠭᠤᠷ ᠤᠨ ᠦᠵᠡᠮᠵᠢ ᠶᠢᠨ ᠣᠷᠣᠨ ᠢ ᠳᠥᠷᠪᠡᠨ ᠤᠯᠠᠷᠢᠯ ᠳᠤ ᠴᠥᠮ ᠵᠤᠭᠠᠴᠠᠭᠰᠠᠳ ᠲᠤ ᠨᠡᠭᠡᠭᠡᠵᠦ ᠪᠣᠯᠬᠤ ᠦᠵᠡᠮᠵᠢ ᠶᠢᠨ ᠣᠷᠣᠨ ᠪᠤᠯᠭᠠᠵᠤ᠂ ᠮᠥᠰᠥ ᠴᠠᠰᠤᠨ ᠤ ᠡᠬᠢ ᠪᠠᠶᠠᠯᠢᠭ ᠢ ᠥᠷᠭᠡᠨ ᠣᠯᠠᠨ ᠵᠤᠭᠠᠴᠠᠭᠰᠠᠳ ᠲᠤ ᠭᠤᠤᠯᠳᠠᠯᠭ᠎ᠠ ᠲᠠᠢ ᠲᠠᠨᠢᠯᠴᠠᠭᠤᠯᠬᠤ ᠪᠤᠯᠤᠨ᠎ᠠ︾ ᠭᠡᠯ᠎ᠡ᠃
微信图片_20240711160648.jpg
微信图片_20240711160653.jpg
微信图片_20240711160658.jpg
微信图片_20240711160702.jpg
微信图片_20240711160706.jpg
微信图片_20240711160718.jpg
微信图片_20240711160722.jpg
微信图片_20240711160727.jpg
微信图片_20240711160731.png
 
 
ᠢᠷᠡᠯᠲᠡ᠄ ᠰᠢᠯᠤᠭᠤᠨ ᠬᠥᠬᠡ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号