ᠰᠢᠯᠤᠭᠤᠨ ᠬᠥᠬᠡ ᠬᠤᠰᠢᠭᠤ ᠠᠯᠳᠠᠩᠬᠤᠸ᠎ᠠ ᠴᠡᠴᠡᠭ ᠤᠨ ᠠᠵᠤ ᠦᠢᠯᠡᠰ ᠤᠨ ᠬᠥᠭᠵᠢᠯᠲᠡ ᠶᠢ ᠠᠬᠢᠭᠤᠯᠵᠤ ᠪᠤᠢ
ᠨᠡᠶᠢᠲᠡᠯᠡᠭᠰᠡᠨ ᠴᠠᠭ᠄
2024/8/13
        ᠣᠶᠢᠷ᠎ᠠ ᠶᠢᠨ ᠵᠢᠯ ᠰᠢᠯᠤᠭᠤᠨ ᠬᠦᠭᠡ ᠬᠤᠰᠢᠭᠤ ᠠᠯᠳᠠᠩᠬᠤᠸ᠎ᠠ ᠴᠡᠴᠡᠭ ᠢ ᠰᠢᠨᠵᠢᠯᠡᠬᠦ ᠤᠬᠠᠭᠠᠨᠴᠢ ᠪᠠᠷ ᠲᠠᠷᠢᠵᠦ ᠦᠷᠡᠵᠢᠬᠦᠯᠬᠦ ᠪᠠ ᠬᠠᠮᠠᠭᠠᠯᠠᠬᠤ ᠠᠵᠢᠯ ᠢ ᠰᠠᠶᠢᠳᠤᠷ ᠬᠢᠵᠦ᠂ ᠠᠯᠳᠠᠩᠬᠤᠸ᠎ᠠ ᠴᠡᠴᠡᠭ ᠤᠨ ᠠᠵᠤ ᠦᠶᠯᠡᠰ ᠎ ᠤᠨ ᠬᠥᠭᠵᠢᠯᠲᠡ ᠶᠢ ᠠᠬᠢᠭᠤᠯᠤᠨ᠂ ᠮᠠᠯᠴᠢᠨ ᠲᠠᠷᠢᠶᠠᠴᠢᠨ ᠤ ᠣᠷᠣᠯᠭ᠎ᠠ ᠶᠢ ᠨᠡᠮᠡᠭᠳᠡᠭᠦᠯᠬᠦ ᠰᠢᠨ᠎ᠡ ᠠᠷᠭ᠎ᠠ ᠵᠠᠮ ᠢ ᠦᠷᠭᠡᠳᠭᠡᠵᠦ ᠪᠤᠢ᠃     ᠳᠠᠪᠦ‍ ᠨᠢᠭᠡ ᠮᠠᠯᠵᠢᠯ ᠤᠨ ᠲᠠᠯᠠᠪᠠᠢ ᠳᠠᠬᠢ ᠠᠯᠳᠠᠩᠬᠤᠸ᠎ᠠ ᠴᠡᠴᠡᠭ ᠲᠠᠷᠢᠬᠤ ᠠᠵᠤ ᠦᠢᠯᠡᠰ ᠤᠨ ᠰᠠᠭᠤᠷᠢᠨ ᠳᠤ᠂ ᠠᠵᠢᠯᠴᠢᠳ ᠶᠠᠭ ᠴᠡᠴᠡᠭ ᠠᠷᠠᠴᠢᠯᠠᠨ ᠶᠠᠭᠠᠷᠠᠯᠳᠤᠵᠤ ᠪᠠᠶᠢᠯ᠎ᠠ᠃ ᠲᠣᠰ ᠰᠠᠭᠤᠷᠢᠨ ᠭᠠᠵᠠᠷ ᠨᠢ 160 ᠮᠥ ᠲᠠᠯᠠᠪᠠᠢ ᠎ ᠲᠠᠢ ᠪᠠᠶᠢᠵᠦ᠂ ᠨᠡᠶᠢᠳᠡ 2245 ᠲᠦᠮᠡᠨ ᠲᠥᠭᠦᠷᠢᠭ ᠤᠨ ᠪᠡᠯᠡ ᠤᠷᠤᠭᠤᠯᠵᠤ ᠪᠠᠶᠢᠭᠤᠯᠵᠠᠢ᠃ ᠡᠨᠡᠬᠦ ᠰᠠᠭᠤᠷᠢᠨ ᠭᠠᠵᠠᠷ ᠨᠢ ᠳᠠᠪᠦ‍ ᠨᠢᠭᠡ ᠮᠠᠯᠵᠢᠯ ᠤᠨ ᠲᠠᠯᠠᠪᠠᠶ ᠶᠢᠨ ᠰᠤᠯᠠ ᠪᠠᠶᠢᠭ᠎ᠠ ᠬᠦᠯᠡᠮᠵᠢ ᠵᠢᠴᠢ ᠪᠡᠯᠴᠢᠭᠡᠷ ᠢ ᠠᠰᠢᠭᠯᠠᠨ᠂ ᠠᠯᠳᠠᠩᠬᠤᠸ᠎ᠠ ᠴᠡᠴᠡᠭ ᠲᠠᠷᠢᠬᠤ ᠠᠵᠤ ᠦᠶᠯᠡᠰ ᠤᠨ ᠰᠢᠨᠵᠢᠯᠡᠬᠦ ᠤᠬᠠᠭᠠᠨ ᠮᠡᠷᠭᠡᠵᠢᠯ ᠤᠨ ᠵᠢᠱᠢᠶ᠎ᠡ ᠦᠵᠡᠭᠦᠯᠬᠦ ᠰᠠᠭᠤᠷᠢᠨ ᠭᠠᠵᠠᠷ ᠪᠣᠯᠭᠠᠨ ᠪᠦᠲᠦᠭᠡᠨ ᠪᠠᠶᠢᠭᠤᠯᠤᠭᠰᠠᠨ ᠶᠤᠮ᠃     ᠪᠤᠷᠤᠬᠤᠳᠠ ᠵᠢᠱᠢᠶ᠎ᠡ ᠦᠵᠡᠭᠦᠯᠬᠦ ᠲᠤᠭᠤᠷᠢᠭ ᠲᠠᠬᠢ ᠳ᠋ᠠ ᠶᠤᠸᠠᠨ ᠶᠢᠨ ᠴᠤᠤ ᠲᠠᠷᠢᠶᠠᠯᠠᠩ ᠤᠨ ᠰᠢᠨᠵᠢᠯᠡᠬᠦ ᠤᠬᠠᠭᠠᠨ ᠮᠡᠷᠭᠡᠵᠢᠯ ᠤᠨ ᠺᠣᠮᠫᠠᠨᠢ ᠤᠯᠠᠨ ᠵᠢᠯ ᠤᠨ ᠲᠤᠷᠰᠢ ᠠᠯᠳᠠᠩᠬᠤᠸ᠎ᠠ ᠶᠢᠨ ᠣᠳᠣᠬᠢᠴᠢᠯᠠᠭᠰᠠᠨ ᠠᠵᠤ ᠦᠢᠯᠡᠰ ᠎ ᠢ ᠰᠤᠳᠤᠯᠤᠨ ᠳᠡᠯᠭᠡᠷᠡᠭᠦᠯᠬᠦ ᠶᠢ ᠵᠤᠷᠢᠵᠦ᠂ ᠦᠪᠡᠷᠮᠢᠴᠡ ᠤᠨᠴᠠᠯᠢᠬᠳᠤ ᠦᠨ᠎ᠡ ᠦᠷᠳᠡᠭ ᠢ ᠬᠦᠨᠵᠡᠭᠡᠢ ᠠᠭᠤᠳᠠᠯᠵᠤ᠂ ᠠᠯᠳᠠᠩᠬᠤᠸ᠎ᠠ ᠴᠡᠴᠡᠭ ᠤᠨ ᠡᠬᠢ ᠪᠠᠶᠠᠯᠢᠭ ᠤᠨ ᠳᠠᠪᠠᠭᠤᠯᠢᠭ ᠢ ᠠᠵᠤ ᠦᠢᠯᠡᠰ ᠤᠨ ᠳᠠᠪᠠᠭᠤᠯᠢᠭ ᠪᠠ ᠠᠵᠤ ᠠᠬᠤᠢ ᠎ ᠶᠢᠨ ᠳᠠᠪᠠᠭᠤᠯᠢᠭ ᠪᠣᠯᠭᠠᠨ ᠬᠤᠪᠢᠷᠠᠭᠤᠯᠵᠤ ᠴᠢᠳᠠᠵᠠᠢ᠃ ᠡᠭᠦᠨ ᠤ ᠬᠠᠮᠲᠤ᠂ ᠤᠨᠴᠠᠯᠢᠬᠳᠤ ᠠᠵᠤ ᠦᠶᠯᠡᠰ ᠤᠨ ᠬᠦᠷᠢᠶᠡᠯᠡᠩ ᠳᠤ 1000 ᠲᠡᠭᠰᠢ ᠳᠥᠷᠪᠡᠯᠵᠢᠨ ᠮᠧᠲᠷ ᠤᠨ ᠨᠠᠷᠢᠯᠢᠭ ᠡᠳ᠋ᠰᠢᠭᠦᠯᠬᠦ ᠦᠶᠯᠡᠳᠪᠦᠷᠢ ᠪᠠᠶᠢᠭᠤᠯᠬᠤ ᠪᠠᠷ ᠪᠠᠶᠢᠵᠦ ᠤᠳᠤᠬᠠᠨ ᠳᠤ ᠤᠷᠢᠳᠠᠴᠢ ᠬᠤᠭᠤᠴᠠᠭᠠᠨ ᠤ ᠠᠵᠤ ᠦᠶᠯᠡᠰ ᠤᠨ ᠲᠥᠯᠥᠪᠵᠢᠭᠦᠯᠭᠡ ᠪᠠᠨ ᠨᠢᠭᠡᠨᠲᠡ ᠪᠡᠶᠡᠯᠡᠭᠦᠯᠨ ᠠᠯᠳᠠᠩᠬᠤᠸ᠎ᠠ ᠴᠡᠴᠡᠭ ᠤᠨ ᠰᠤᠳᠤᠯᠭᠠᠨ ᠤ ᠪᠦᠯᠬᠦᠮ ᠢ ᠪᠠᠶᠢᠭᠤᠯᠵᠤ᠂ ᠠᠯᠳᠠᠩᠬᠤᠸ᠎ᠠ ᠴᠡᠴᠡᠭ ᠳᠠᠷᠢᠵᠦ ᠦᠷᠡᠵᠢᠬᠦᠯᠬᠦ᠂ ᠭᠤᠤᠯ ᠰᠡᠳᠦᠪᠲᠦ ᠵᠢᠭᠤᠯᠴᠢᠯᠠᠯ᠂ ᠲᠠᠯ᠎ᠠ ᠨᠤᠲᠤᠭ ᠤᠨ ᠤᠨᠴᠠᠯᠢᠬᠳᠤ ᠭᠠᠷ ᠤᠷᠠᠯᠠᠯ ᠤᠨ ᠪᠦᠲᠦᠭᠡᠭᠳᠡᠬᠦᠨ ᠵᠢᠴᠢ ᠰᠣᠶᠣᠯ ᠤᠨ ᠡᠭᠦᠳᠦᠯᠲᠡ ᠶᠢᠨ ᠪᠦᠲᠦᠭᠡᠭᠳᠡᠬᠦᠨ ᠢ ᠠᠭᠤᠰᠤᠯᠴᠠᠭᠤᠯᠤᠨ᠂ ︽ᠶᠤᠸᠠᠨ ᠤ ᠳᠡᠭᠡᠳᠦ ᠨᠡᠶᠢᠰᠯᠡᠯ︾ ᠵᠡᠷᠭᠡ 20 ᠲᠦᠷᠦᠯ ᠤᠨ ᠲᠠᠸᠠᠷ ᠤᠨ ᠲᠡᠮᠳᠡᠭ ᠤᠨ ᠮᠡᠳᠡᠯᠭᠡ ᠶᠢᠨ ᠥᠮᠴᠢᠯᠡᠯ ᠤᠨ ᠡᠷᠬᠡ ᠶᠢ ᠳᠠᠩᠰᠠᠯᠠᠭᠤᠯᠵᠤ᠂ ᠠᠯᠳᠠᠩᠬᠤᠸ᠎ᠠ ᠴᠡᠴᠡᠭ ᠤᠨ ᠰᠣᠶᠣᠯ ᠤᠨ ᠥᠪᠡᠷᠮᠢᠴᠡ ᠤᠨᠴᠠᠯᠢᠭ ᠢ ᠬᠠᠷᠠᠭᠤᠯᠤᠭᠰᠠᠨ ᠪᠠᠶᠢᠨ᠎ᠠ᠃     ᠰᠢᠯᠤᠭᠤᠨ ᠬᠥᠬᠡ ᠬᠤᠰᠢᠭᠤ ᠪᠣᠯ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠳᠠᠬᠢ ᠠᠯᠳᠠᠩᠬᠤᠸ᠎ᠠ ᠴᠡᠴᠡᠭ ᠤᠷᠭᠤᠬᠤ ᠳᠤ ᠬᠠᠮᠤᠭ ᠲᠤᠬᠢᠷᠠᠮᠵᠢᠳᠠᠢ ᠪᠠᠶᠢᠭᠠᠯᠢ ᠶᠢᠨ ᠣᠷᠴᠢᠨ ᠲᠣᠭᠤᠷᠢᠨ ᠪᠠ ᠡᠬᠢ ᠪᠠᠶᠠᠯᠢᠭ ᠪᠦᠬᠦᠢ ᠭᠠᠵᠠᠷ ᠣᠷᠣᠨ ᠪᠣᠯᠤᠨ᠎ᠠ᠃ ᠬᠠᠪᠢᠷᠭ᠎ᠠ ᠪᠠᠯᠭᠠᠰᠤᠨ ᠤ ᠤᠯᠠᠭᠠᠨ ᠲᠣᠰᠬᠤᠨ ᠤ ᠠᠯᠳᠠᠩᠬᠤᠸ᠎ᠠ ᠴᠡᠴᠡᠭ ᠤᠨ ᠰᠠᠭᠤᠷᠢᠨ ᠭᠠᠵᠠᠷ ᠨᠢ 320 ᠮᠦ ᠳᠠᠯᠠᠪᠠᠢ ᠲᠠᠢ᠂ ᠡᠭᠦᠨ ᠳᠤ ᠨᠡᠷᠡᠨ ᠤ ᠭᠡᠷᠡᠯ ᠤᠨ ᠬᠦᠯᠡᠮᠵᠢ ᠪᠠ ᠬᠠᠪᠤᠷ ᠨᠠᠮᠤᠷ ᠎ ᠤᠨ ᠫᠧᠩ 47 ᠰᠠᠭᠤᠷᠢ ᠪᠠᠶᠵᠤ᠂ ᠨᠡᠶᠢᠳᠡ 45 ᠮᠦ ᠳᠠᠯᠠᠪᠠᠢ ᠡᠵᠡᠯᠡᠨ᠎ᠡ᠃ ᠣᠳᠣᠬᠠᠨ ᠳᠤ᠂ ᠲᠣᠰ ᠰᠠᠭᠤᠷᠢᠨ ᠭᠠᠵᠠᠷ ᠲᠤ ᠠᠯᠳᠠᠩᠬᠤᠸ᠎ᠠ ᠶᠢᠨ ᠦᠷ᠎ᠡ ᠪᠤᠶᠢᠵᠢᠭᠤᠯᠬᠤ ᠲᠠᠷᠢᠮᠠᠯ 270 ᠮᠥ ᠪᠠᠶᠢᠵᠤ᠂ ᠵᠢᠯ ᠳᠤ 4050 ᠵᠢᠩ ᠦᠷ᠎ᠡ ᠬᠤᠷᠢᠶᠠᠵᠤ ᠪᠤᠢ᠃ ᠠᠯᠳᠠᠩᠬᠤᠸ᠎ᠠ ᠴᠡᠴᠡᠭ ᠤᠨ ᠴᠢᠬᠢ ᠪᠣᠶᠢᠵᠢᠭᠤᠯᠬᠤ ᠲᠠᠷᠢᠮᠠᠯ 50 ᠮᠥ ᠪᠠᠶᠢᠵᠤ᠂ 1100 ᠲᠦᠮᠡᠨ ᠰᠠᠭᠤᠷᠢ ᠨᠢᠯᠬ᠎ᠠ ᠴᠢᠬᠢ ᠪᠤᠶᠢᠵᠢᠭᠤᠯᠳᠠᠭ᠃ ᠡᠨᠡ ᠵᠢᠯ ᠤᠨ 10 ᠰᠠᠷ᠎ᠠ ᠶᠢᠨ ᠰᠡᠭᠦᠯᠴᠢ ᠪᠠᠷ ᠰᠠᠭᠤᠷᠢᠨ ᠭᠠᠵᠠᠷ ᠢ ᠪᠦᠬᠦᠨ ᠢ ᠠᠯᠳᠠᠩᠬᠤᠸ᠎ᠠ ᠴᠡᠴᠡᠭ ᠤᠨ ᠦᠷ᠎ᠡ ᠪᠣᠶᠢᠵᠢᠭᠤᠯᠬᠤ ᠰᠠᠭᠤᠷᠢᠨ ᠭᠠᠵᠠᠷ ᠪᠣᠯᠭᠠᠨ ᠪᠠᠶᠢᠭᠤᠯᠵᠤ᠂ ᠠᠯᠳᠠᠩᠬᠤᠸ᠎ᠠ ᠴᠡᠴᠡᠭ ᠤᠨ ᠠᠵᠤ ᠦᠶᠯᠡᠰ ᠤᠨ ᠬᠥᠭᠵᠢᠯᠲᠡ ᠶᠢ ᠤᠯᠠᠮ ᠴᠢᠨᠠᠬᠰᠢᠳᠠ ᠠᠬᠢᠭᠤᠯᠬᠤ ᠎ ᠪᠠᠷ ᠪᠤᠢ᠃     ᠰᠢᠯᠢ ᠶᠢᠨ ᠭᠤᠤᠯ ᠤᠨ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ ᠶᠢᠨ ᠡᠪᠡᠰᠦ ᠪᠡᠯᠴᠢᠭᠡᠷ ᠮᠠᠯ ᠠᠵᠤ ᠠᠬᠤᠶ ᠶᠢᠨ ᠰᠠᠯᠪᠤᠷᠢ ᠶᠢᠨ ᠳ᠋ᠣᠺᠲ᠋ᠣᠷ ᠯᠢᠦ ᠯᠢ ᠬᠤᠩ᠄ ︽ᠠᠯᠳᠠᠩᠬᠤᠸ᠎ᠠ ᠴᠡᠴᠡᠭ ᠤᠨ ᠦᠷ᠎ᠡ ᠨᠢ ᠢᠴᠡᠭᠡᠯᠡᠬᠦ ᠣᠨᠴᠠᠯᠢᠭ ᠲᠠᠢ᠂ ᠣᠶᠢᠷ᠎ᠠ ᠶᠢᠨ ᠬᠡᠳᠦᠨ ᠵᠢᠯ ᠳᠤ ᠪᠢᠳᠡ ᠰᠤᠳᠤᠯᠭᠠᠨ ᠪᠠ ᠦᠶᠯᠡᠳᠦᠯᠭᠡ ᠪᠠᠷ ᠳᠡᠮᠵᠢᠨ᠂ ᠦᠷ᠎ᠡ ᠨᠠᠬᠢᠶᠠᠯᠠᠭᠤᠯᠵᠤ ᠳᠠᠷᠢᠬᠤ ᠠᠯᠢ ᠣᠯᠠᠨ ᠬᠦᠴᠢᠷ ᠠᠰᠠᠭᠤᠳᠠᠯ ᠢ ᠨᠢᠭᠡᠨᠲᠡ ᠰᠢᠢᠳᠪᠦᠷᠢᠯᠡᠵᠡᠢ᠃ ᠤᠷᠴᠢᠮ ᠪᠢᠳᠡ ᠶᠠᠭ ᠵᠣᠨ ᠤ ᠰᠡᠭᠦᠯᠴᠢ ᠨᠠᠮᠤᠷ ᠤᠨ ᠡᠬᠢᠨ ᠤ ᠴᠢᠬᠢ ᠮᠣᠳᠣ ᠳᠠᠷᠢᠬᠤ ᠠᠵᠢᠯ ᠢ ᠬᠢᠵᠦ ᠪᠠᠶᠢᠨ᠎ᠠ︾ ᠭᠡᠯ᠎ᠡ᠃     ᠣᠳᠣᠬᠠᠨ ᠳᠤ᠂ ᠰᠢᠯᠤᠭᠤᠨ ᠬᠦᠬᠡ ᠬᠤᠰᠢᠭᠤᠨ ᠤ ᠬᠥᠮᠦᠨ ᠤ ᠬᠦᠴᠦ ᠪᠠᠷ ᠪᠣᠶᠢᠵᠢᠭᠤᠯᠤᠭᠰᠠᠨ ᠠᠯᠳᠠᠩᠬᠤᠸ᠎ᠠ ᠴᠡᠴᠡᠭ ᠤᠨ ᠲᠠᠷᠢᠮᠠᠯ ᠤᠨ ᠲᠠᠯᠠᠪᠠᠢ ᠨᠢᠭᠡᠨᠲᠡ ᠮᠢᠩᠭ᠎ᠠ ᠭᠠᠷᠤᠢ ᠮᠦ ᠳᠤ ᠬᠦᠷᠴᠦ᠂ ᠠᠯᠳᠠᠩᠬᠤᠸ᠎ᠠ ᠴᠡᠴᠡᠭ ᠢ ᠳᠠᠷᠢᠵᠤ ᠤᠷᠭᠤᠭᠤᠯᠬᠤ᠂ ᠦᠷᠡᠵᠢᠭᠦᠯᠦᠨ ᠪᠣᠶᠢᠵᠢᠭᠤᠯᠬᠤ ᠪᠠ ᠡᠳ᠋ᠰᠢᠭᠦᠯᠬᠦ ᠠᠵᠢᠯ ᠢ ᠬᠡᠪᠴᠢᠶᠠᠵᠢᠬᠦᠯᠦᠨ᠂ ᠳᠠᠷᠢᠵᠤ ᠡᠳ᠋ᠰᠢᠭᠦᠯᠬᠦ ᠮᠡᠷᠭᠡᠵᠢᠯ ᠤᠨ ᠰᠢᠰᠲ᠋ᠧᠮ ᠢ ᠪᠦᠷᠢᠨᠰᠢᠬᠦᠯᠵᠦ᠂ ᠡᠮ ᠤᠨ ᠵᠦᠢᠯᠡᠰ᠂ ᠡᠷᠡᠭᠦᠯᠵᠢᠯ᠂ ᠦᠵᠡᠮᠦᠷᠢ᠂ ᠠᠮᠢ ᠠᠬᠤᠶ ᠪᠠ ᠠᠵᠤ ᠠᠬᠤᠶ ᠵᠡᠷᠭᠡ ᠮᠠᠰᠢ ᠤᠯᠠᠨ ᠦᠨ᠎ᠡ ᠥᠷᠲᠡᠭ ᠢ ᠨᠢ ᠬᠦᠢᠴᠡᠳ ᠠᠰᠢᠭᠯᠠᠬᠤ ᠵᠡᠷᠭᠡ ᠪᠠᠷ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠳᠤ ᠬᠦᠴᠦᠨ ᠨᠡᠮᠡᠷᠢᠯᠡᠬᠦ ᠶᠢᠨ ᠵᠡᠷᠭᠡᠳᠡ ᠬᠤᠯᠠᠨ ᠰᠢᠷᠭ᠎ᠠ ᠳᠠᠭ᠎ᠠ ᠶᠢᠨ ᠡᠯᠡᠰᠦᠷᠭᠡᠭ ᠭᠠᠵᠠᠷ ᠢ ᠲᠤᠶᠢᠯᠪᠤᠷᠢᠳᠠᠢ ᠵᠠᠰᠠᠬᠤ ᠳᠠᠶᠢᠯᠠᠯᠳᠤᠭᠠᠨ ᠤ ᠢᠯᠠᠯᠳᠠ ᠶᠢ ᠤᠯᠬᠤ ᠳᠤ ᠬᠦᠴᠦᠳᠡᠢ ᠪᠠᠳᠤᠯᠠᠭ᠎ᠠ ᠬᠠᠩᠭᠠᠵᠤ ᠪᠤᠢ᠃ 
 
ᠢᠷᠡᠯᠲᠡ᠄ ᠰᠢᠯᠤᠭᠤᠨ ᠬᠥᠬᠡ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号