ᠮᠣᠬᠤᠷ ᠪᠣᠯᠠᠭ ᠲᠡᠨᠵᠢᠨ ᠳᠠᠬᠢ ᠬᠡᠣᠬᠡᠳ ᠤᠨ ᠵᠣᠰᠯᠠᠩ ᠬᠥᠭᠵᠢᠶᠡᠨᠳᠠᠢ ᠪᠠᠶᠢᠨ᠎ᠠ
ᠨᠡᠶᠢᠲᠡᠯᠡᠭᠰᠡᠨ ᠴᠠᠭ᠄
2024/8/6
        ᠬᠤᠷ᠎ᠡ ᠲᠠᠢ ᠵᠣᠨ ᠤ ᠴᠡᠴᠡᠭᠳᠣ ᠲᠠᠯ᠎ᠠ ᠳᠤ ᠬᠡᠣᠬᠡᠳ ᠪᠠᠭᠠᠴᠣᠳ ᠬᠥᠭᠵᠢᠯᠳᠣᠨ ᠪᠠᠶᠠᠰᠴᠣ ᠨᠠᠷᠠ ᠰᠠᠯᠬᠢᠨ ᠳᠤ ᠢᠪᠡᠬᠡᠭᠳᠡᠨ᠂ ᠲᠠᠩᠰᠤᠭ ᠪᠠᠶᠢᠭᠠᠯᠢ ᠲᠠᠢ ᠲᠠᠰᠣᠯᠴᠠᠨ᠂ ᠲᠠᠯ᠎ᠠ ᠶᠢᠨ ᠴᠢᠮᠡᠭ ᠪᠣᠯᠣᠬᠰᠡᠨ‌‍ᠰᠢᠯᠣᠭᠤᠨ ᠬᠥᠬᠡ ᠬᠤᠰᠢᠭᠤᠨ ᠤ ᠮᠣᠬᠤᠷ ᠪᠣᠯᠠᠭ ᠤᠨ ᠲᠡᠨᠵᠢᠨ ᠳᠠᠬᠢ ᠬᠡᠣᠬᠡᠳ ᠤᠨ ᠵᠣᠰᠠᠯᠠᠩ ᠬᠥᠭᠵᠢᠶᠡᠨ ᠨᠠᠷᠬᠢᠶᠠᠨ ᠢᠶᠠᠷ ᠪᠢᠯᠬᠠᠨ᠎ᠠ᠃     ᠮᠣᠬᠤᠷ ᠪᠣᠯᠠᠭ ᠬᠡᠵᠣ ᠠᠯᠳᠠᠨ ᠰᠢᠷᠭᠠᠯ ᠡᠯᠡᠰᠣ ᠲᠠᠢ᠂ ᠭᠤᠣᠯ ᠭᠤᠷᠬᠢ ᠣᠢ ᠮᠣᠳᠣ ᠲᠣᠮᠳᠠᠭᠤᠷ ᠣᠭᠠᠯᠵᠠᠯᠠᠨ ᠣᠷᠣᠰᠣᠬᠰᠡᠨ᠂ ᠴᠡᠴᠡᠭ ᠬᠤᠸᠠᠷ ᠨᠢ ᠲᠡᠯᠬᠡᠷᠡᠭᠰᠡᠨ ᠭᠤᠶᠢᠳᠠ ᠰᠠᠶᠢᠬᠠᠨ ᠥᠵᠡᠮᠵᠢᠳᠣ ᠣᠷᠣᠨ ᠪᠢᠯᠠ᠃ ᠲᠠᠨᠠᠨ ᠴᠠᠭᠠᠨ ᠬᠡᠷ ᠵᠢᠭᠳᠡᠷᠡᠵᠣ᠂ ᠲᠠᠪᠣᠨ ᠬᠤᠰᠢᠭᠤ ᠮᠠᠯ ᠢᠶᠠᠷ ᠵᠶ᠋ᠠᠨ‌‍ᠲ᠋ᠠᠯ᠎ᠠ ᠪᠠᠨ ᠴᠢᠮᠡᠭᠰᠡᠨ ᠡᠨᠡᠬᠦ ᠰᠠᠶᠢᠬᠠᠨ ᠥᠵᠡᠮᠵᠢᠳᠣ ᠨᠣᠳᠤᠭ ᠣᠷᠣᠨ ᠤ ᠬᠢᠨ ᠰᠠᠶᠢᠬᠠᠨ ᠢ ᠬᠡᠣᠬᠡᠳ ᠪᠠᠭᠠᠴᠣᠳ ᠳᠠᠭᠠᠨ ᠡᠳᠡᠯᠡᠬᠦᠯᠬᠦ ᠵᠣᠷᠢᠯᠭ᠎ᠠ ᠪᠠᠷ ᠰᠢᠯᠣᠭᠤᠨ ᠬᠥᠬᠡ ᠬᠤᠰᠢᠭᠤᠨ ᠤ ᠰᠠᠩ ᠤᠨ ᠲᠠᠯᠠᠢ ᠪᠠᠯᠭᠠᠰᠣᠨ ᠤ ᠡᠷᠳᠡᠨᠢᠳᠠᠯᠠᠢ ᠭᠠᠴᠠᠭᠠᠨ ᠤ ᠮᠠᠯᠴᠢᠨ ᠵᠠᠯᠠᠭᠤ ᠵᠢᠳᠬᠦᠯᠳᠣ ᠡᠬᠡᠴᠢ ᠬᠥᠰᠡᠯᠡᠩ ᠲᠠᠢ ᠪᠠᠨ ︽ᠬᠡᠣᠬᠡᠳ ᠤᠨ ᠵᠣᠰᠠᠯᠠᠩ︾ ᠵᠣᠭᠠᠴᠠᠯ ᠤᠨ ᠴᠢᠭ ᠡᠷᠬᠢᠯᠡᠵᠣ ᠬᠡᠣᠬᠡᠳ ᠪᠠᠭᠠᠴᠣᠳ ᠢ ᠪᠠᠶᠢᠭᠠᠯᠢ ᠠᠬᠤᠢ ᠲᠠᠢ ᠥᠢᠷᠠᠳᠣᠭᠤᠯᠬᠤ᠂ ᠰᠣᠷᠣᠯᠭ᠎ᠠ ᠶᠢᠨ ᠴᠢᠯᠡᠭᠡ ᠶᠢ ᠲᠠᠶᠢᠯᠵᠣ ᠰᠡᠳᠬᠢᠯ ᠢ ᠨᠢ ᠰᠡᠷᠬᠦᠬᠡᠵᠣ᠂ ᠠᠮᠢᠳᠠᠨ ᠣᠷᠭᠤᠮᠠᠯ᠂ ᠮᠠᠯᠵᠢᠬᠤ ᠠᠮᠢᠳᠣᠷᠠᠯ ᠢ ᠲᠠᠨᠢᠵᠣ ᠥᠢᠯᠭᠠᠬᠤ ᠨᠥᠬᠦᠴᠡᠯ ᠪᠣᠯᠣᠮᠵᠢ ᠶᠢ  ᠪᠥᠷᠢᠯᠳᠣᠬᠦᠯᠣᠭ᠍ᠰᠡᠨ ᠎ ᠨᠢ ᠬᠡᠣᠬᠡᠳ ᠪᠠᠭᠠᠴᠣᠳ ᠤᠨ ᠪᠠᠬ᠎ᠠ ᠶᠢ ᠡᠷᠬᠡ ᠥᠬᠡᠢ ᠲᠠᠳᠠᠵᠣ ᠬᠡᠷ ᠤᠨ ᠠᠬᠠᠮᠠᠳ‌‍ᠤᠨ ᠬᠠᠯᠠᠭᠤᠨ ᠬᠥᠷᠢᠶᠡᠯᠡᠯ ᠢ ᠣᠯᠣᠯ᠎ᠠ᠃      ᠣᠳᠣ ᠪᠣᠯᠬᠤ ᠳᠤ ᠭᠤᠴᠢᠭᠠᠳ ᠬᠡᠣᠬᠡᠳ ᠪᠠᠭᠠᠴᠣᠳ ᠲᠣᠰ ᠵᠣᠰᠠᠯᠩ ᠤᠨ ᠠᠮᠢᠳᠣᠷᠠᠯ ᠳᠤ ᠣᠷᠣᠯᠴᠠᠵᠣ᠂  ᠬᠠᠮᠳᠣᠳᠠᠭᠠᠨ ᠨᠣᠮ ᠪᠢᠴᠭ ᠣᠩᠰᠢᠬᠤ᠂ ᠲᠠᠯ᠎ᠠ ᠲᠡᠬᠡᠷ᠎ᠡ ᠲᠠᠪᠠᠳᠠᠢ ᠲᠣᠬᠯᠠᠬᠤ᠂ ᠪᠠᠶᠢᠭᠠᠯᠢ ᠠᠴᠠ ᠣᠯᠵᠠᠷᠬᠠᠰᠡᠨ ᠪᠣᠷᠣ ᠮᠠᠲ᠋ᠧᠷᠢᠶᠠᠯ ᠢᠶᠠᠷ ᠭᠠᠷ ᠣᠷᠠᠯᠠᠯ ᠬᠢᠬᠦ ᠵᠡᠷᠬᠡ ᠪᠠᠶᠠᠰᠣᠯᠳᠣ ᠴᠠᠭ ᠮᠥᠴᠠ ᠶᠢ ᠥᠩᠬᠡᠷᠡᠬᠦᠯᠵᠣ᠂ ᠡᠬᠡ ᠪᠠᠶᠢᠭᠠᠯᠢ ᠎ ᠠᠴᠠ ᠣᠯᠠᠨ ᠰᠠᠶᠢᠬᠠᠨ ᠮᠡᠳᠡᠯᠬᠡ ᠮᠡᠳᠡᠴᠠ ᠶᠢ ᠰᠣᠷᠴᠣ ᠥᠢᠯᠭᠠᠬᠰᠡᠨ ᠪᠠᠶᠢᠨ᠎ᠠ᠃             ᠡᠬᠡ ᠪᠢᠴᠢᠭ ᠢ ᠴᠢᠮᠡᠬᠡᠯᠡᠭᠴᠢ ᠵᠢ᠊᠂ ᠰᠣᠶᠣᠯᠳᠣ ᠬᠠᠩᠭᠠᠪᠡ 
 
ᠢᠷᠡᠯᠲᠡ᠄ ᠰᠢᠯᠤᠭᠤᠨ ᠬᠥᠬᠡ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号