| | | ᠨᠡᠶᠢᠭᠡᠮ ᠲᠣᠭᠤᠷᠢᠭ ᠤᠨ ᠰᠣᠶᠣᠯ ᠤᠨ ᠪᠠᠶᠢᠭᠤᠯᠤᠯᠲᠠ ᠶᠢ ᠤᠯᠠᠮ ᠨᠢᠭᠡ ᠠᠯᠬᠤᠮ ᠴᠢᠩᠭᠠᠳᠬᠠᠵᠤ᠂ ᠨᠡᠶᠢᠭᠡᠮ | ᠲᠣᠭᠤᠷᠢᠭ ᠤᠨ ᠰᠣᠶᠣᠯ ᠤᠨ ᠬᠠᠩᠭᠠᠯᠭ᠎ᠠ ᠶᠢ ᠲᠠᠰᠤᠷᠠᠯᠲᠠ ᠥᠬᠡᠶ ᠨᠡᠮᠡᠭᠳᠡᠭᠦᠯᠦᠨ᠂ ᠰᠠᠭᠤᠭᠠᠯᠢ ᠠᠷᠠᠳ ᠤᠨ ᠣᠯᠠᠨ | ᠡᠰᠢᠲᠦ ᠰᠣᠶᠣᠯ ᠤᠨ ᠬᠡᠷᠡᠭᠴᠡᠭᠡ ᠶᠢ ᠪᠠᠶᠠᠯᠢᠭᠵᠢᠭᠤᠯᠬᠤ ᠶᠢᠨ ᠲᠥᠯᠥᠭᠡ ᠱᠠᠩᠲᠤ ᠪᠠᠯᠭᠠᠰᠤᠨ ᠤ ᠤᠪᠤᠭᠠᠨ ᠰᠢᠷᠡᠭᠡ | ᠨᠡᠶᠢᠭᠡᠮ ᠲᠤᠭᠤᠷᠢᠭ 8 ᠰᠠᠷ᠎ᠠ ᠶᠢᠨ 5 ᠤ ᠤᠷᠤᠢ ᠬᠤᠪᠢᠯᠠᠢ ᠳᠠᠯᠠᠪᠠᠢ ᠳᠤ ᠤᠷᠠᠨ ᠰᠠᠶᠢᠬᠠᠨ ᠤ ᠲᠤᠰᠬᠠᠢ | ᠲᠣᠭᠯᠠᠯᠲᠠ ᠭᠠᠷᠭᠠᠯ᠎ᠠ᠃ | ᠲᠣᠭᠯᠠᠯᠲᠠ ᠨᠢ ︽ᠪᠢ ᠡᠬᠡ ᠤᠯᠤᠰ ᠲᠠᠢ ᠪᠠᠨ︾ ᠭᠡᠬᠦ ᠢᠷᠠᠭᠤ ᠰᠠᠶᠢᠬᠠᠨ ᠬᠠᠮᠲᠤ ᠶᠢᠨ ᠪᠥᠵᠢᠭ ᠢᠶᠠᠷ | ᠬᠥᠰᠢᠭᠡ ᠪᠠᠨ ᠰᠡᠬᠦᠵᠦ᠂ ᠲᠤᠭᠯᠠᠭᠴᠢᠳ ︽ᠠᠯᠳᠠᠩᠬᠤᠸ᠎ᠠ ᠶᠢᠨ ᠲᠠᠯ᠎ᠠ︾ ︽ᠡᠭᠡ ᠤᠯᠤᠰ ᠲᠠᠭᠠᠨ ᠵᠥᠩᠨᠡᠯ | ᠳᠡᠪᠰᠢᠭᠦᠯᠦᠶ᠎ᠡ︾ ︽ᠪᠤᠯᠠᠭᠠᠨ ᠲᠤᠬᠤᠢ︾ ︽ᠪᠠᠭᠠᠲᠤᠷ ᠤᠨ ᠮᠠᠭᠲᠠᠭᠠᠯ︾ ᠵᠡᠷᠭᠡ ᠰᠣᠩᠭᠤᠳᠠᠭ ᠪᠦᠲᠦᠭᠡᠯ ᠢᠶᠠᠷ | ᠢᠶᠠᠨ ᠡᠭᠡ ᠤᠯᠤᠰ ᠤᠨ ᠢᠶᠠᠨ ᠲᠤᠬᠠᠢ ᠬᠠᠶᠢᠷ᠎ᠠ ᠰᠡᠳᠬᠢᠯᠭᠡ ᠪᠣᠯᠤᠨ ᠰᠠᠶᠢᠨ ᠰᠠᠶᠢᠬᠠᠨ ᠢᠷᠡᠭᠡᠳᠦᠢ ᠶᠢᠨ ᠲᠤᠬᠠᠢ | ᠬᠦᠰᠡᠯ ᠡᠷᠡᠮᠡᠯᠵᠡᠯ ᠢᠶᠠᠨ ᠬᠠᠷᠠᠭᠤᠯᠵᠤ᠂ ︽ᠠᠮᠤᠷ ᠰᠠᠶᠢᠬᠠᠨ︾᠂ ︽ᠨᠠᠶᠢᠷ ᠤᠨ ᠳᠠᠭᠤᠤ︾᠂ ︽ᠪᠠᠶᠠᠰᠤᠯᠳᠤ | ᠨᠠᠭᠠᠳᠤᠮ︾ ᠵᠡᠷᠭᠡ ᠪᠦᠵᠢᠭ ᠢᠶᠠᠷ ᠵᠣᠯ ᠵᠢᠷᠭᠠᠯᠲᠤ ᠠᠮᠢᠳᠤᠷᠠᠯ ᠪᠠ ᠭᠡᠷ ᠨᠤᠳᠤᠭ ᠢᠶᠠᠨ ᠮᠠᠭᠲᠠᠨ ᠳᠠᠭᠤᠯᠠᠭᠰᠠᠨ | ᠰᠡᠳᠬᠢᠯᠭᠡ ᠪᠠᠨ ᠢᠯᠡᠷᠡᠭᠦᠯᠦᠭᠰᠡᠨ ᠪᠠᠶᠢᠨ᠎ᠠ᠃ | ᠲᠣᠰ ᠤᠳᠠᠭᠠᠨ ᠤ ᠲᠣᠭᠯᠠᠯᠲᠠ ᠨᠢ ᠰᠠᠭᠤᠭᠠᠯᠢ ᠠᠷᠠᠳ ᠲᠤ ᠪᠡᠶ᠎ᠡ ᠰᠡᠳᠬᠢᠯ ᠤᠨ ᠠᠯᠵᠢᠶᠠᠯ ᠢᠶᠠᠨ ᠳᠠᠶᠢᠯᠬᠤ | ᠲᠣᠬᠢᠶᠠᠯ ᠤᠯᠭᠤᠵᠤ᠂ ᠰᠤᠶᠤᠯ ᠤᠷᠠᠯᠢᠭ ᠤᠨ ᠠᠮᠢᠳᠤᠷᠠᠯ ᠢ ᠪᠠᠶᠠᠯᠢᠭᠵᠢᠭᠤᠯᠤᠭᠰᠠᠨ ᠢᠶᠠᠷ ᠪᠠᠷᠠᠬᠤ ᠦᠭᠡᠢ ᠨᠡᠩ ᠴᠦ | ᠡᠯ᠎ᠡ ᠦᠨᠳᠦᠰᠦᠲᠡᠨ ᠤ ᠨᠢᠭᠲᠠᠷᠠᠯ ᠪᠦᠯᠬᠦᠮᠳᠡᠯ ᠢ ᠴᠢᠩᠭᠠᠳᠬᠠᠬᠤ ᠶᠢ ᠠᠬᠢᠭᠤᠯᠵᠠᠢ᠃ ᠲᠠᠷᠠᠭᠠᠴᠢ ᠶᠢᠨ ᠠᠯᠬᠤᠮ ᠳᠤ᠂ | ᠤᠪᠤᠭᠠᠨ ᠰᠢᠷᠡᠭᠡ ᠨᠡᠶᠢᠭᠡᠮ ᠲᠣᠭᠤᠷᠢᠭ ᠦᠷᠭᠦᠯᠵᠢᠯᠡᠨ ︽ᠰᠣᠶᠣᠯ ᠢᠶᠠᠷ ᠠᠷᠠᠳ ᠲᠤ ᠠᠰᠢᠭ ᠬᠦᠷᠲᠡᠭᠡᠬᠦ︾ ᠶᠢ | ᠪᠣᠳᠠᠲᠠᠢ ᠳᠤ ᠨᠠᠶᠢᠳᠠᠪᠤᠷᠢᠵᠢᠭᠤᠯᠵᠤ᠂ ᠰᠠᠭᠤᠭᠠᠯᠢ ᠠᠷᠠᠳ ᠤᠨ ᠵᠣᠯ ᠵᠢᠷᠭᠠᠯᠲᠤ ᠠᠮᠢᠳᠤᠷᠠᠯ ᠳᠤ ︽ᠦᠩᠭᠡ | ᠨᠡᠮᠡᠷᠢᠯᠡᠵᠦ︾᠂ ᠤᠯᠠᠨ ᠨᠡᠶᠢᠲᠡ ᠶᠢᠨ ᠰᠣᠶᠣᠯ ᠤᠨ ᠦᠢᠯᠡᠴᠢᠯᠡᠭᠡ ᠳᠤ ᠠᠮᠢᠵᠢᠷᠠᠯ ᠤᠨ ᠬᠦᠴᠦᠨ ᠨᠡᠮᠡᠷᠢᠯᠡᠬᠦ ᠪᠠᠷ | ᠪᠤᠢ᠃ | |