ᠮᠣᠩᠭᠤᠯ ᠦᠨᠳᠦᠰᠦᠲᠡᠨ ᠤ ᠬᠠᠳᠬᠤᠮᠠᠯ ᠤᠨ ᠤᠷᠠᠯᠢᠭ ᠢ ᠭᠡᠥᠭᠡᠥᠨ ᠤᠳ ᠲᠤ ᠤᠯᠠᠮᠵᠢᠯᠠᠨ ᠵᠢᠭᠠᠵᠤ ᠪᠠᠶᠢᠨ᠎ᠠ
ᠨᠡᠶᠢᠲᠡᠯᠡᠭᠰᠡᠨ ᠴᠠᠭ᠄
2025/4/14
      ᠰᠢᠯᠤᠭᠤᠨ ᠬᠦᠬᠡ ᠬᠤᠰᠢᠭᠤᠨ ᠤ ᠭᠤᠷᠪᠠᠳᠤᠭᠠᠷ ᠬᠡᠦᠬᠡᠳ ᠤᠨ ᠴᠡᠴᠡᠷᠯᠢᠭ ᠲᠤ ᠰᠤᠷᠭᠠᠨ ᠬᠥᠮᠦᠵᠢᠯ ᠤᠨ ᠦᠶᠯᠡᠰ ᠲᠤ 30 ᠵᠢᠯ ᠭᠠᠷᠮᠠᠭᠠᠶᠢᠯᠠᠬᠰᠡᠨ ᠤᠶᠤᠨᠬᠡᠷᠡᠯ ᠪᠠᠭᠰᠢ ᠲᠠᠪᠤᠨ ᠥᠩᠭᠡ ᠶᠢᠨ ᠲᠣᠷᠭᠠᠨ ᠤᠲᠠᠰᠤ ᠪᠠᠷ ᠬᠡᠦᠬᠡᠳ ᠤᠳ ᠲᠤ ᠦᠨᠳᠦᠰᠦᠲᠡᠨ ᠤ ᠰᠣᠶᠣᠯ ᠢ ᠣᠯᠠᠮᠵᠢᠯᠠᠨ ᠵᠢᠭᠠᠵᠣ ᠪᠠᠶᠢᠯ᠎ᠠ᠃     ᠤᠶᠤᠨᠭᠡᠷᠡᠯ ᠪᠠᠭ᠎ᠠ ᠨᠠᠰᠣᠨ ᠳᠠᠭᠠᠨ ᠭᠡᠷ ᠤᠨ ᠠᠬᠠᠮᠠᠳ ᠤᠨ ᠢᠶᠠᠨ ᠮᠣᠩᠭᠤᠯ ᠲᠠᠪᠠᠯ ᠤᠨ ᠡᠮᠵᠢᠶᠡᠷᠢ ᠣᠶᠣᠬᠤ᠂ ᠡᠮᠡᠬᠡᠯ ᠲᠤᠬᠤᠰᠢ ᠣᠷᠠᠯᠠᠬᠤ ᠵᠡᠷᠭᠡ ᠤᠶᠤᠳᠠᠯ ᠮᠡᠷᠭᠡᠵᠢᠯ ᠤᠨ ᠠᠵᠢᠯ ᠶᠢ ᠬᠠᠷᠠᠵᠣ ᠬᠥᠳᠡᠭᠡ ᠮᠠᠯᠵᠢᠬᠤ ᠨᠤᠲᠤᠭ ᠲᠠᠭᠠᠨ ᠥᠰᠥᠭᠰᠡᠡ ᠪᠢᠯᠡ᠃     ᠲᠡᠭᠦᠨ ᠤ ᠭᠡᠷ ᠲᠤ ᠥᠪᠡᠷ ᠤᠨ ᠬᠢᠨᠢ ᠣᠯᠠᠨ ︽ᠪᠦᠲᠦᠭᠡᠯ︾ ᠪᠠᠶᠢᠳᠠᠭ᠃ ᠴᠠᠢ ᠶᠢᠨ ᠴᠣᠮᠣ ᠶᠢᠨ ᠳᠡᠪᠢᠰᠬᠡᠷ᠂ ᠰᠠᠨᠳᠠᠯᠢ ᠶᠢᠨ ᠳᠡᠪᠢᠰᠬᠡᠷ᠂ ᠨᠡᠭᠡᠭᠡᠯᠭᠡ ᠶᠢᠨ ᠨᠠᠭᠠᠯᠲᠠ ᠵᠡᠷᠭᠡ ᠤᠷᠠᠨ ᠬᠠᠳᠬᠤᠮᠠᠯ ᠡᠯᠬᠦᠭᠰᠡᠡ ᠨᠢ ᠲᠠᠬᠦᠨ ᠤ ᠣᠷᠠᠨ ᠭᠠᠷ ᠣᠬᠠᠭᠠᠯᠢᠭ ᠠᠷᠠᠨᠰᠢᠨ ᠢ ᠬᠠᠷᠠᠭᠤᠯᠣᠨ᠎ᠠ᠃     ᠬᠡᠦᠬᠡᠳ ᠤᠨ ᠴᠡᠴᠡᠷᠯᠢᠭ ᠲᠤ᠂ ᠡᠨᠡ ᠬᠦ ︽ᠪᠣᠳᠠᠰ ᠤᠨ ᠪᠤᠰᠤ ᠰᠣᠶᠣᠯ ᠤᠨ ᠥᠪ ᠤᠨ ᠴᠡᠴᠡᠷᠯᠢᠭᠴᠢ︾ ᠣᠶᠣᠨᠬᠡᠷᠡᠯ ᠶᠡᠭᠡ ᠠᠩᠭᠢ ᠶᠢᠨ ᠬᠡᠦᠬᠡᠳ ᠤᠨ ᠬᠤᠸᠠᠷ ᠬᠠᠳᠬᠤᠬᠤ᠂ ᠳᠤᠮᠳᠠ ᠠᠩᠭᠢ ᠶᠢᠨ ᠬᠡᠦᠬᠡᠳ ᠢᠰᠡᠭᠡᠢ ᠳᠡᠭᠡᠷ᠎ᠡ ᠬᠤᠸᠠᠷ ᠣᠷᠠᠯᠠᠬᠤ᠂ ᠪᠠᠭ᠎ᠠ ᠠᠩᠭᠢ ᠶᠢᠨ ᠬᠡᠦᠬᠡᠳ ᠥᠩᠭᠡᠲᠦ ᠨᠣᠣᠰᠣᠨ ᠤᠲᠠᠰᠤ ᠰᠥᠪᠡᠯᠡᠬᠦ ᠶᠢ ᠵᠢᠭᠠᠵᠣ ᠤᠯᠠᠮᠵᠢᠯᠠᠯᠲᠤ ᠮᠣᠩᠭᠤᠯ ᠦᠨᠳᠦᠰᠦᠲᠡᠨ ᠤ ᠬᠠᠳᠬᠤᠮᠠᠯ ᠢ ᠰᠣᠨᠢᠷᠬᠠᠯᠲᠠᠢ ᠬᠢᠴᠢᠶᠡᠯ ᠪᠤᠯᠭᠠᠨ‌‍ᠭᠡᠥᠭᠡᠥᠨ ᠤᠳ ᠲᠤ ᠤᠯᠠᠮᠵᠢᠯᠠᠨ ᠵᠢᠭᠠᠵᠤ ᠪᠠᠶᠢᠨ᠎ᠠ᠃     ᠡᠬᠦᠨ ᠠᠴᠠ ᠭᠠᠳᠠᠨ᠎ᠠ ᠲᠡᠭᠦᠨ ᠤ ᠪᠤᠳᠤᠠᠠᠯᠠᠬᠤ ᠤᠷᠠᠯᠢᠭ ᠮᠡᠷᠭᠡᠵᠢᠯ ᠤᠨ ᠰᠢᠨ᠎ᠡ ᠶᠢ ᠡᠭᠦᠳᠬᠦ ᠬᠢᠴᠢᠶᠡᠯ ᠤᠨ ᠲᠠᠩᠬᠢᠮ ᠨᠢ ᠵᠢᠭᠠᠨ ᠰᠤᠷᠭᠠᠯᠳᠠ ᠳᠤ ᠪᠠᠰᠠ ᠨᠢᠭᠡᠨ ᠰᠢᠨ᠎ᠡ ᠬᠡᠷᠡᠯ ᠭᠢᠯᠪᠠᠭ᠎ᠠ ᠨᠡᠮᠡᠷᠢᠯᠡᠵᠦ᠂ ᠣᠳᠣᠬᠠᠨ ᠳᠤ ᠤᠶᠤᠨᠭᠡᠷᠡᠯ ᠪᠠᠭᠰᠢ ᠶᠢᠨ ᠨᠡᠭᠡᠭᠡᠭᠰᠡᠨ ᠡᠨᠡ ᠬᠦ ᠬᠢᠴᠢᠶᠡᠯ ᠨᠢ ᠶᠠᠭ ᠪᠠᠭᠰᠢ ᠨᠠᠷ  ᠤᠨ ᠪᠣᠯᠪᠠᠰᠤᠷᠠᠯ ᠤᠨ ᠱᠠᠲᠤᠨ ᠳᠤ ᠣᠷᠣᠵᠤ ᠪᠠᠶᠢᠨ᠎ᠠ᠃ ᠬᠢᠴᠢᠶᠡᠯ ᠳᠡᠭᠡᠷ᠎ᠡ᠂ ᠣᠯᠠᠨ ᠳᠤ ᠪᠣᠭᠤᠵᠤ ᠪᠤᠳᠤᠭᠯᠠᠬᠤ ᠶᠢᠨ ᠢᠷᠡᠯᠲᠡ᠂ ᠠᠷᠭ᠎ᠠ ᠪᠠᠷᠢᠯ᠂ ᠶᠠᠭᠠᠬᠢᠵᠤ ᠪᠣᠭᠤᠬᠤ᠂ ᠤᠷᠠᠯᠠᠬᠤ᠂ ᠶᠠᠮᠠᠷ ᠮᠠᠲ᠋ᠧᠷᠢᠶᠠᠯ᠂ ᠪᠠᠭᠠᠵᠢ ᠬᠡᠷᠡᠭᠯᠡᠬᠦ ᠬᠦᠷᠲᠡᠯ᠎ᠡ ᠲᠣᠪ ᠲᠣᠳᠣᠷᠬᠠᠶ ᠵᠢᠭᠠᠳᠠᠭ ᠪᠠᠶᠢᠯ᠎ᠠ᠃     ᠤᠶᠤᠨᠭᠡᠷᠡᠯ ᠬᠡᠯᠡᠬᠦ ᠳᠡᠭᠡᠨ᠄ ︽ᠬᠠᠷᠠᠬᠠᠨ ᠪᠠᠭ᠎ᠠ ᠠᠴᠠ ᠪᠠᠨ ᠭᠠᠷ ᠤᠷᠠᠯᠠᠯ ᠳᠤ ᠪᠠᠭ᠋ᠠᠲᠠᠢ᠂ ᠪᠠᠭ᠎ᠠ ᠳᠠᠭᠠᠨ ᠨᠣᠣᠰᠣᠨ ᠤᠲᠠᠰᠤ ᠪᠠᠷ ᠬᠦᠵᠦᠭᠦᠨ ᠤ ᠣᠷᠢᠶᠠᠯᠲᠠ ᠨᠡᠬᠡᠬᠦ ᠳᠤᠷᠠᠲᠠᠢ ᠪᠥᠭᠡᠳ ᠬᠠᠮᠲᠤ ᠨᠥᠬᠦᠳ ᠪᠣᠯᠤᠨ ᠨᠠᠶᠢᠵᠠ  ᠳᠠᠭᠠᠨ ᠪᠡᠯᠡᠭᠯᠡᠳᠡᠭ᠃ ᠬᠤᠵᠢᠮ ᠨᠢ ᠰᠤᠮᠤᠨ ᠳᠤ ᠠᠵᠢᠯᠯᠠᠵᠤ᠂ ᠨᠥᠬᠦᠴᠡᠯ ᠬᠢᠵᠠᠭᠠᠷ ᠲᠠᠢ ᠠᠴᠠ ᠪᠤᠯᠵᠤ᠂ ᠵᠥᠪᠬᠡᠨ ᠪᠠᠭ᠎ᠠ ᠰᠠᠭ᠎ᠠ ᠡᠳ᠋ ᠬᠡᠷᠡᠭᠰᠡᠯ ᠣᠶᠣᠵᠤ ᠪᠠᠶᠢᠵᠠᠶ᠃ ᠨᠢᠭᠡ ᠤᠳᠠᠭᠠᠨ ᠤ ᠲᠣᠬᠢᠶᠠᠯ ᠢᠶᠠᠷ ᠵᠡᠷᠭᠡᠯᠳᠡᠭᠡ ᠠᠶᠢᠯ ᠤᠨ ᠨᠠᠰᠣᠳᠠᠨ ᠤ ᠱᠠᠬᠠᠢ ᠶᠢᠨ ᠤᠯᠠᠪᠴᠢ ᠳᠡᠭᠡᠷ᠎ᠡ ᠬᠤᠸᠠᠷ ᠬᠠᠳᠬᠤᠬᠤ ᠶᠢ ᠦᠵᠡᠭᠡᠳ᠂ ᠲᠠᠷᠥᠶᠢᠬᠠᠨ ᠰᠣᠷᠴᠣ᠂ ᠮᠠᠰᠢ ᠣᠯᠠᠨ ᠱᠠᠬᠠᠢ ᠶᠢᠨ ᠤᠯᠠᠪᠴᠢ ᠣᠶᠣᠵᠠᠢ᠃ ᠲᠠᠪᠤ ᠵᠢᠷᠭᠤᠭᠠᠨ ᠵᠢᠯ ᠤᠨ ᠳᠠᠷᠠᠭ᠎ᠠ᠂ ᠲᠣᠨᠣᠯᠵᠢᠨ ᠬᠠᠳᠬᠤᠮᠠᠯ ᠬᠠᠳᠬᠤᠵᠦ ᠡᠬᠢᠯᠡᠭᠰᠡᠨ᠃ ᠥᠡᠭᠬᠡᠷᠡᠭᠰᠡᠨ ᠤ ᠣᠯᠠᠮᠵᠢᠯᠠᠯᠳᠣ ᠤᠷ᠎ᠠ ᠮᠡᠷᠭᠡᠵᠢᠯ ᠢ ᠤᠯᠠᠮᠵᠢᠯᠠᠨ ᠵᠠᠯᠭᠠᠮᠵᠢᠯᠠᠬᠤ ᠨᠢ ᠳᠥᠭᠦᠮᠬᠡᠨ ᠲᠠᠭᠤᠷᠢᠶᠠᠵᠣ ᠬᠡᠷᠡᠭᠯᠡᠬᠦ ᠪᠢᠰᠢ ᠬᠠᠷᠢᠨ ᠴᠠᠭ ᠦᠶ᠎ᠡ ᠶᠢ ᠳᠠᠭᠠᠵᠤ᠂ ᠰᠢᠨ᠎ᠠ ᠶᠢ ᠰᠡᠳᠬᠢᠨ ᠬᠥᠭᠵᠢᠬᠦᠯᠵᠣ᠂ ᠬᠡᠦᠬᠡᠳ ᠤᠳ ᠲᠠᠢ ᠢᠶᠠᠨ ᠬᠠᠮᠳᠣ ᠪᠠᠷ ᠰᠣᠷᠴᠣ ᠬᠠᠮᠳᠤ ᠬᠥᠭᠵᠢᠬᠦᠯᠥᠶ᠎ᠡ ᠲᠡᠯᠭᠡᠷᠡᠬᠦᠯᠥᠶ᠎ᠡ ᠭᠡᠵᠤ ᠪᠤᠳᠤᠵᠤ ᠪᠠᠶᠢᠨ᠎ᠠ ᠭᠡᠵᠤ ᠪᠠᠶᠠᠷᠳᠠᠢ ᠶᠠᠷᠢᠵᠤ︾ ᠪᠠᠶᠢᠯ᠎ᠠ᠃  
 
ᠢᠷᠡᠯᠲᠡ᠄ ᠰᠢᠯᠤᠭᠤᠨ ᠬᠥᠬᠡ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号