1984 ᠤᠨ ᠳᠤ᠂ 18 ᠨᠠᠰᠤᠳᠠᠢ ᠯᠢᠦ ᠵᠠᠨ ᠰᠢᠨ ᠠᠪᠤ ᠠᠴᠠ ᠪᠠᠨ ᠵᠠᠰᠠᠮᠠᠯ ᠵᠠᠮ ᠠᠷᠠᠴᠢᠯᠠᠵᠤ ᠬᠠᠮᠠᠭᠠᠯᠠᠬᠤ | ᠳᠤ ᠬᠡᠷᠡᠭᠯᠡᠳᠡᠭ ᠤᠯᠠᠨ ᠪᠠᠭᠠᠵᠢ ᠭᠡᠷᠡᠭᠰᠡᠯ ᠢ ᠨᠢ ᠲᠤᠰᠴᠤ᠂ ᠵᠠᠰᠠᠮᠠᠯ ᠵᠠᠮ ᠠᠷᠠᠴᠢᠯᠠᠭᠴᠢ ᠶᠢᠨ ᠡᠩᠨᠡᠭᠡᠨ ᠤ ᠨᠢᠭᠡᠨ | ᠬᠡᠰᠢᠬᠦᠨ ᠪᠤᠯᠤᠯ᠎ᠠ᠃ ᠡᠨᠡᠬᠦ ᠤᠨ ᠤᠳᠠᠭᠠᠨ ᠬᠡᠷᠡᠭᠯᠡᠭᠰᠡᠨ ᠪᠠᠭᠠᠵᠢ ᠬᠡᠷᠡᠭᠰᠡᠯ ᠤᠳ ᠪᠤᠯ ᠠᠪᠤ ᠶᠢᠨ ᠬᠢᠨᠢ ᠵᠠᠰᠠᠮᠠᠯ ᠵᠠᠮ | ᠠᠷᠠᠴᠢᠯᠠᠬᠤ ᠠᠵᠢᠯ ᠳᠤ ᠰᠢᠭᠤᠷᠬᠠᠶᠢᠯᠠᠨ ᠵᠢᠳᠬᠦᠭᠰᠡᠨ ᠤᠯᠠ ᠮᠦᠷ ᠢ ᠬᠠᠷᠠᠭᠤᠯᠬᠤ ᠪᠠᠷ ᠪᠠᠷᠠᠬᠤ ᠦᠭᠡᠢ ᠦᠨᠦ | ᠪᠤᠯᠳᠠᠯ᠎ᠠ ᠬᠤᠶᠠᠷ ᠦᠶ᠎ᠡ ᠶᠢᠨ ᠬᠢᠨ ᠤ ᠵᠠᠮ ᠠᠷᠠᠴᠢᠯᠠᠭᠴᠢ ᠶᠢᠨ ᠬᠦᠳᠡᠯᠮᠦᠷᠢ ᠶᠢᠨ ᠬᠡᠷᠡᠯ ᠬᠢᠯᠪᠠᠭ᠎ᠠ ᠶᠢ | ᠰᠠᠴᠤᠷᠠᠭᠤᠯᠤᠭᠰᠠᠭᠠᠷ ᠪᠤᠢ᠃ | ᠯᠢᠦ ᠵᠠᠨ ᠰᠢᠨ ᠬᠠᠮᠤᠭ ᠠᠩᠬ᠎ᠠ ᠬᠠᠳᠠᠨᠬᠤᠰᠢᠭᠤ ᠵᠠᠮ ᠠᠷᠠᠴᠢᠯᠠᠬᠤ ᠠᠩᠬᠢ ᠳᠤ ᠬᠤᠪᠢᠶᠠᠭᠳᠠᠨ ᠠᠵᠢᠯᠯᠠᠵᠤ᠂ | ᠳᠡᠭᠡᠷ᠎ᠡ ᠵᠠᠭᠤᠨ ᠤ 80-90 ᠊ᠭᠡᠳ ᠤᠨ ᠤ ᠵᠠᠮ ᠠᠷᠠᠴᠢᠯᠠᠬᠤ ᠠᠵᠢᠯ ᠤᠨ ᠬᠠᠮᠤᠭ ᠬᠦᠴᠢᠷᠳᠡᠢ᠂ ᠪᠠᠭᠠᠵᠢ | ᠬᠡᠷᠡᠭᠰᠡᠯ ᠳᠤᠳᠠᠮᠠᠭ᠂ ᠨᠦᠬᠦᠴᠡᠯ ᠪᠠᠷᠤᠭᠳᠠᠢ ᠪᠠᠶᠢᠳᠠᠯ ᠳᠤᠤᠷ᠎ᠠ ᠬᠠᠮᠳᠤ ᠠᠵᠢᠯᠯᠠᠭᠴᠢᠳ ᠲᠠᠢ ᠪᠠᠨ ᠴᠤᠭ ᠬᠦᠷᠵᠡ | ᠵᠡᠭᠡᠳᠦᠦ ᠪᠠᠨ ᠡᠭᠦᠷᠦᠨ᠂ ᠡᠳᠦᠷ ᠪᠦᠷᠢ ᠬᠤᠷᠢᠭᠠᠳ ᠺᠢᠯᠤᠮᠧᠲᠷ ᠤᠨ ᠵᠠᠮ ᠠᠯᠬᠤᠵᠤ᠂ ᠵᠠᠮ ᠤᠨ ᠪᠠᠶᠢᠳᠠᠯ ᠢ | ᠪᠠᠶᠢᠴᠠᠭᠠᠬᠤ᠂ ᠬᠤᠷᠠᠭᠰᠠᠨ ᠬᠤᠭ ᠨᠤᠪᠰᠢ ᠶᠢ ᠴᠡᠪᠡᠷᠯᠡᠬᠦ ᠵᠡᠷᠭᠡ ᠠᠷᠠᠴᠢᠯᠠᠵᠤ ᠬᠠᠮᠠᠭᠠᠯᠠᠬᠤ ᠡᠭᠦᠷᠭᠡ ᠪᠠᠨ | ᠳᠠᠪᠠᠭᠤᠯᠤᠨ ᠪᠡᠶᠡᠯᠡᠭᠦᠯᠵᠦ᠂ ᠳᠡᠷᠭᠡ ᠤᠨᠤᠭ᠎ᠠ ᠨᠠᠰᠢ ᠴᠠᠰᠢ ᠶᠠᠪᠤᠬᠤ ᠳᠤ ᠠᠮᠤᠷ ᠲᠦᠪᠰᠢᠨ ᠵᠠᠮ ᠬᠠᠷᠢᠯᠴᠠᠭᠠᠨ ᠤ | ᠤᠷᠴᠢᠨ ᠬᠠᠩᠭᠠᠵᠤ ᠦᠭᠭᠦᠭᠰᠡᠭᠡᠷ ᠢᠷᠡᠵᠡᠢ᠃ ᠬᠡᠳᠦᠨ ᠵᠢᠯ ᠤᠨ ᠰᠠᠯᠬᠢᠨ ᠪᠤᠷᠤᠭᠠᠨ ᠤ ᠳᠠᠪᠳᠠᠯᠳᠠ ᠶᠢ | ᠦᠩᠭᠡᠷᠡᠭᠡᠭᠰᠡᠨ ᠤ ᠳᠠᠷᠠᠭ᠎ᠠ ᠳᠡᠷᠡ ᠥᠪᠡᠷᠳᠡᠭᠡᠨ ᠰᠤᠷᠴᠤ ᠰᠤᠳᠤᠯᠬᠤ ᠪᠠᠷ ᠳᠠᠮᠵᠢᠨ ᠵᠠᠮ ᠬᠠᠷᠢᠯᠴᠠᠭᠠᠨ ᠤ ᠠᠮᠤᠷ | ᠲᠦᠪᠰᠢᠨ ᠤ ᠲᠦᠭᠦᠭᠡᠷᠦᠮᠵᠢ ᠶᠢ ᠬᠠᠮᠠᠭᠠᠯᠠᠬᠤ᠂ ᠮᠠᠰᠢᠨ ᠳᠤᠨᠤᠭ ᠰᠡᠯᠪᠢᠨ ᠵᠠᠰᠠᠬᠤ ᠪᠦᠷᠢᠨ ᠴᠢᠳᠠᠪᠬᠢᠳᠦ | ᠭᠤᠤᠯᠯᠠᠬᠤ ᠮᠡᠷᠭᠡᠵᠢᠯᠳᠡᠨ ᠪᠤᠯᠤᠭᠰᠠᠨ ᠪᠠᠶᠢᠨ᠎ᠠ᠃ ᠤᠳᠤ ᠲᠡᠷᠡᠪᠡᠷ ᠰᠠᠩ ᠤᠨ ᠳᠠᠯᠠᠢ ᠠᠷᠠᠴᠢᠯᠠᠵᠤ ᠬᠠᠮᠠᠭᠠᠯᠠᠬᠤ | ᠠᠩᠬᠢ ᠶᠢᠨ ᠳᠠᠷᠤᠭ᠎ᠠ ᠶᠢᠨ ᠲᠤᠰᠢᠶᠠᠯ ᠢ ᠡᠭᠦᠷᠭᠡᠯᠡᠨ᠂ 82 ᠺᠢᠯᠤᠮᠧᠲᠷ ᠵᠠᠰᠠᠮᠠᠯ ᠵᠠᠮ ᠢ ᠬᠠᠮᠠᠭᠠᠯᠠᠬᠤ ᠠᠵᠢᠯ ᠢ | ᠬᠠᠷᠢᠭᠤᠴᠠᠵᠤ᠂ ᠤᠷᠴᠢᠮ ᠤᠨ ᠵᠢᠯ ᠬᠡᠳᠦᠶᠢᠪᠡᠷ ᠮᠠᠰᠢᠨ ᠮᠧᠬᠠᠨᠢᠭ ᠬᠦᠮᠦᠨ ᠤ ᠬᠦᠴᠦ ᠶᠢ ᠤᠷᠤᠯᠠᠬᠤ ᠪᠤᠯᠤᠭᠰᠠᠨ | ᠴᠦ ᠳᠡᠷᠡ ᠮᠥᠨ ᠯᠡ ᠡᠳᠦᠷ ᠲᠤ ᠬᠤᠶᠠᠷ ᠤᠳᠠᠭ᠎ᠠ ᠪᠡᠶ᠎ᠡ ᠪᠠᠷ ᠢᠶᠠᠨ ᠴᠠᠭᠳᠠᠨ ᠪᠠᠶᠢᠴᠠᠭᠠᠬᠤ ᠪᠠᠨ | ᠪᠠᠷᠢᠮᠳᠠᠯᠠᠭᠰᠠᠭᠠᠷ ᠁ | 2023 ᠤᠨ ᠤ 5 ᠰᠠᠷ᠎ᠠ ᠶᠢᠨ 29 ᠤ ᠡᠳᠦᠷ᠂ ᠯᠢᠦ ᠵᠠᠨ ᠰᠢᠨ ᠠᠵᠢᠯᠴᠢᠳ ᠢᠶᠠᠨ ᠳᠠᠭᠠᠭᠤᠯᠤᠨ 721 | ᠺᠢᠯᠤᠮᠧᠲᠷ ᠤᠨ ᠬᠡᠰᠡᠭ ᠲᠤ ᠮᠤᠳᠤ ᠳᠠᠷᠢᠵᠦ ᠪᠠᠶᠢᠬᠤ ᠳᠤ ᠨᠢᠭᠡᠨ ᠮᠠᠰᠢᠨ ᠳᠡᠷᠭᠡ ᠵᠠᠮ ᠠᠴᠠ ᠪᠠᠭᠤᠵᠤ᠂ ᠵᠢᠯᠤᠭᠤᠴᠢ | ᠨᠢ ᠠᠶᠤᠯ ᠳᠤ ᠳᠤᠯᠭᠠᠷᠠᠭᠰᠠᠨ ᠪᠠᠶᠢᠳᠠᠯ ᠲᠤᠤᠷ᠎ᠠ ᠯᠢᠦ ᠵᠠᠨ ᠰᠢᠨ ᠤᠯᠠᠨ ᠲᠠᠢ ᠬᠠᠮᠳᠤ ᠭᠠᠷ ᠰᠤᠩᠭᠠᠨ ᠠᠪᠤᠷᠠᠨ | ᠳᠤᠰᠠᠯᠠᠵᠠᠢ᠃ ᠡᠭᠦᠨ ᠠᠴᠠ ᠭᠠᠳᠠᠨ᠎ᠠ ᠵᠠᠮ ᠳᠠᠭᠠᠤ ᠬᠤᠷᠠᠭᠰᠠᠨ ᠴᠠᠰᠤ ᠶᠢ ᠠᠷᠢᠯᠭᠠᠵᠤ ᠬᠠᠰᠢᠭᠳᠠᠭᠰᠠᠨ ᠳᠡᠷᠭᠡ | ᠤᠨᠤᠭ᠎ᠠ ᠶᠢ ᠨᠡᠪᠳᠡᠷᠡᠭᠦᠯᠬᠦ᠂ ᠵᠠᠮ ᠳᠡᠭᠡᠷ᠎ᠡ ᠠᠳᠡᠯ ᠭᠠᠷᠪᠠᠯ ᠬᠠᠷᠰᠢ ᠰᠠᠭᠠᠳ ᠢ ᠠᠷᠢᠯᠭᠠᠬᠤ ᠁ ᠦᠷᠬᠦᠯᠵᠢ ᠵᠠᠮ | ᠤᠨ ᠬᠠᠵᠠᠭᠤ ᠪᠠᠷ ᠴᠠᠭᠳᠠᠵᠤ ᠶᠠᠪᠤᠳᠠᠭ ᠳᠡᠳᠡᠨ ᠳᠤ ᠠᠪᠴᠤ ᠬᠡᠯᠡᠪᠡᠯ ᠡᠶᠢᠮᠦᠷᠬᠦ ᠪᠠᠶᠢᠳᠠᠯ ᠴᠦᠭᠡᠨ ᠪᠤᠰᠤ | ᠲᠤᠬᠢᠶᠠᠯᠳᠤᠳᠠᠭ᠃ | ᠤᠷᠴᠢᠮ ᠤᠨ ᠵᠢᠯ ᠠᠵᠤ ᠠᠬᠤᠢ ᠨᠡᠶᠢᠭᠡᠮ ᠤᠨ ᠬᠦᠭᠵᠢᠯᠳᠡ ᠶᠢ ᠳᠠᠭᠠᠯᠳᠤᠨ ᠵᠠᠮ ᠠᠷᠠᠴᠢᠯᠠᠵᠤ ᠬᠠᠮᠠᠭᠠᠯᠠᠬᠤ | ᠠᠵᠢᠯᠴᠢᠳ ᠬᠦᠷᠵᠡ ᠵᠡᠭᠡᠳᠦᠦ ᠬᠡᠷᠡᠭᠯᠡᠳᠡᠭ ᠪᠠᠶᠢᠭᠰᠠᠨ ᠠᠴᠠ ᠪᠠᠨ ᠲᠤᠰᠬᠠᠢ ᠴᠠᠰᠤ ᠠᠷᠢᠯᠭᠠᠬᠤ ᠮᠠᠰᠢᠨ᠂ ᠴᠠᠰᠤ | ᠲᠦᠯᠬᠢᠬᠦ ᠮᠠᠰᠢᠨ ᠲᠠᠢ ᠪᠤᠯᠵᠤ᠂ ᠵᠠᠮ ᠤᠨ ᠭᠠᠳᠠᠷᠭᠤ ᠶᠢ ᠵᠠᠰᠠᠬᠤ ᠳᠤ ᠵᠠᠳᠠᠷᠠᠳᠠᠭ ᠮᠠᠲ᠋ᠧᠷᠢᠶᠠᠯ ᠬᠡᠷᠡᠭᠯᠡᠬᠦ ᠪᠤᠯᠵᠤ᠂ | ᠵᠠᠮ ᠤᠨ ᠬᠦᠪᠡᠭᠡ ᠪᠠᠷ ᠡᠪᠡᠰᠦ ᠮᠤᠳᠤ ᠳᠠᠷᠢᠨ᠂ ᠵᠠᠰᠠᠮᠠᠯ ᠵᠠᠮ ᠤᠨ ᠪᠦᠲᠦᠭᠡᠨ ᠪᠠᠶᠢᠭᠤᠯᠤᠯᠳᠠ ᠪᠤᠯᠤᠨ ᠠᠮᠢ ᠠᠬᠤᠢ | ᠶᠢ ᠬᠠᠮᠠᠭᠠᠯᠠᠬᠤ ᠶᠢ ᠬᠠᠮᠳᠤ ᠳᠤᠨᠢ ᠬᠦᠭᠵᠢᠬᠦᠯᠬᠦ ᠶᠢ ᠳᠡᠷᠢᠭᠦᠨ ᠳᠤ ᠳᠠᠯᠪᠢᠬᠤ ᠪᠤᠯᠵᠠᠢ᠃ ᠯᠢᠦ ᠵᠠᠨ ᠰᠢᠨ ᠪᠤᠯ | ᠡᠳᠡᠭᠡᠷ ᠤᠯᠠᠨ ᠬᠤᠪᠢᠷᠠᠯᠳᠠ ᠶᠢ ᠨᠢᠳᠦ ᠪᠠᠷ ᠢᠶᠠᠨ ᠦᠵᠡᠵᠦ ᠪᠡᠶ᠎ᠡ ᠪᠠᠷ ᠢᠶᠠᠨ ᠳᠤᠭᠤᠯᠤᠭᠰᠠᠨ ᠬᠦᠮᠦᠨ ᠤ ᠨᠢᠭᠡ | ᠶᠤᠮ᠃ ᠳᠡᠷᠡ᠂ ᠵᠠᠮ ᠠᠷᠠᠴᠢᠯᠠᠬᠤ ᠮᠠᠰᠢᠨ ᠢᠶᠠᠨ ᠵᠢᠭᠠᠭᠠᠳ᠄ ︽ᠰᠢᠨ᠎ᠡ ᠮᠠᠶ᠋ᠢᠭ ᠤᠨ ᠮᠠᠰᠢᠨ ᠲᠦᠭᠦᠭᠡᠷᠦᠮᠵᠢ ᠲᠠᠢ | ᠪᠤᠯᠤᠭᠰᠠᠨ ᠠᠴᠠ ᠤᠤᠯ ᠲᠠᠢ ᠬᠠᠷᠢᠴᠠᠭᠤᠯᠪᠠᠯ ᠬᠦᠴᠦᠨ ᠳᠤ ᠠᠷᠪᠢᠳᠠᠢ ᠪᠤᠯᠵᠤ᠂ ᠰᠢᠨ᠎ᠡ ᠮᠠᠰᠢᠨ ᠮᠡᠷᠭᠡᠵᠢᠯ ᠢ | ᠠᠰᠢᠭᠯᠠᠨ ᠵᠠᠰᠠᠮᠠᠯ ᠵᠠᠮ ᠢ ᠰᠢᠨᠵᠢᠯᠡᠬᠦ ᠤᠬᠠᠭᠠᠴᠢ ᠪᠠᠷ ᠠᠷᠠᠴᠢᠯᠠᠵᠤ ᠬᠠᠮᠠᠭᠠᠯᠠᠬᠤ ᠪᠤᠯᠵᠠᠢ︾ ᠭᠡᠵᠦ ᠶᠠᠷᠢᠯ᠎ᠠ᠃ | ᠮᠠᠯᠴᠢᠨ ᠵᠢᠢ ᠱᠤ᠋ ᠱᠧᠩ᠄ ︽ᠤᠤᠯ ᠳᠠᠭᠠᠨ ᠡᠩᠬᠦᠯ ᠳᠤᠩᠬᠤᠯ ᠵᠠᠮ ᠪᠠᠶᠢᠭᠰᠠᠨ᠂ ᠤᠳᠤ ᠵᠠᠰᠠᠮᠠᠯ ᠵᠠᠮ ᠢ | ᠠᠷᠠᠴᠢᠯᠠᠵᠤ ᠬᠠᠮᠠᠭᠠᠯᠠᠬᠤ ᠠᠷᠭ᠎ᠠ ᠮᠡᠷᠭᠡᠵᠢᠯ ᠶᠡᠭᠡ ᠰᠠᠶᠢᠵᠢᠷᠠᠵᠠᠢ᠃ ᠮᠠᠯᠴᠢᠳ ᠡᠪᠡᠰᠦ ᠪᠤᠷᠳᠤᠭ᠎ᠠ ᠳᠡᠭᠡᠭᠡᠵᠦ | ᠵᠦᠭᠡᠭᠡᠪᠦᠷᠢᠯᠡᠬᠦ ᠳᠤ ᠴᠦ ᠴᠠᠰᠤᠨ ᠳᠤ ᠰᠠᠭᠠᠳᠠᠬᠤ ᠵᠡᠷᠭᠡ ᠠᠴᠠ ᠰᠠᠨᠠᠭᠠᠰᠢᠷᠠᠬᠤ ᠦᠭᠡᠢ ᠪᠤᠯᠵᠠᠢ︾ ᠭᠡᠵᠦ ᠬᠡᠯᠡᠭᠰᠡᠨ | ᠨᠢ ᠵᠠᠮ ᠠᠷᠠᠴᠢᠯᠠᠬᠤ ᠠᠩᠬᠢ ᠶᠢᠨ ᠠᠵᠢᠯᠴᠢᠳ ᠠᠵᠢᠯ ᠡᠭᠦᠷᠭᠡ ᠳᠡᠭᠡᠨ ᠬᠡᠷᠬᠢᠨ ᠬᠠᠷᠢᠭᠤᠴᠠᠯᠭ᠎ᠠ ᠲᠠᠢ ᠬᠠᠨᠳᠤᠵᠤ | ᠪᠠᠶᠢᠭ᠎ᠠ ᠶᠢ ᠤᠯᠵᠤ ᠮᠡᠳᠡᠵᠦ ᠪᠤᠯᠬᠤ ᠶᠤᠮ᠃ | 41 ᠵᠢᠯ ᠤᠨ ᠲᠤᠷᠰᠢ ᠯᠢᠦ ᠵᠠᠨ ᠰᠢᠨ ᠮᠠᠰᠢ ᠤᠯᠠᠨ ᠱᠠᠪᠢ ᠠᠵᠢᠯᠴᠢᠨ ᠬᠦᠮᠦᠵᠢᠬᠦᠯᠵᠦ ᠭᠠᠷᠭᠠᠭᠰᠠᠨ ᠴᠦ | ᠥᠪᠡᠷ ᠢᠶᠠᠨ ᠬᠠᠷᠢᠨ ᠦᠨᠳᠦᠰᠦᠨ ᠱᠠᠳᠤᠨ ᠤ ᠵᠠᠮ ᠠᠷᠠᠴᠢᠯᠠᠵᠤ ᠬᠠᠮᠠᠭᠠᠯᠠᠬᠤ ᠠᠩᠬᠢ ᠪᠠᠨ ᠰᠠᠬᠢᠭᠰᠠᠭᠠᠷ᠃ ᠲᠡᠷᠡ | ᠰᠤᠷᠪᠤᠯᠵᠢᠯᠠᠭᠴᠢ ᠳᠤ᠄ ︽ᠡᠲᠡᠭᠡᠷ ᠵᠢᠯ ᠤᠳ ᠲᠤ᠂ ᠤᠯᠤᠰ ᠤᠨ ᠠᠷᠠᠳ ᠲᠤ ᠠᠰᠢᠭᠲᠠᠢ ᠲᠥᠷᠥ ᠶᠢᠨ ᠪᠣᠳᠣᠯᠭ᠎ᠠ | ᠶᠢᠨ ᠠᠴᠢ ᠪᠠᠷ ᠵᠠᠮ ᠠᠷᠠᠴᠢᠯᠠᠵᠤ ᠬᠠᠮᠠᠭᠠᠯᠠᠬᠤ ᠠᠵᠢᠯ ᠤᠨ ᠮᠠᠰᠢᠨ ᠲᠥᠬᠦᠭᠡᠷᠦᠮᠵᠢ ᠲᠠᠰᠤᠷᠠᠯᠲᠠ ᠥᠬᠡᠶ | ᠰᠠᠶᠢᠵᠢᠷᠠᠵᠠᠢ᠃ ᠲᠦᠴᠢᠭᠡᠳ ᠵᠢᠯ ᠤᠨ ᠠᠵᠢᠯ ᠤᠨ ᠶᠠᠪᠤᠴᠠ ᠳᠤ ᠪᠢ ᠮᠠᠰᠢ ᠤᠯᠠᠨ ᠬᠤᠪᠢᠷᠠᠯᠳᠠ ᠬᠦᠭᠵᠢᠯᠳᠡ ᠶᠢ | ᠦᠩᠭᠡᠷᠡᠭᠦᠯᠦᠭᠰᠡᠨ ᠳᠡᠭᠡᠨ ᠥᠪᠡᠷ ᠢ ᠪᠠᠨ ᠠᠵᠠ ᠲᠠᠢ ᠭᠡᠵᠦ ᠪᠤᠳᠤᠳᠠᠭ᠃ ᠬᠤᠶᠢᠰᠢᠳᠠ ᠪᠢᠳᠡ ᠬᠠᠮᠳᠤ ᠪᠠᠷ ᠢᠶᠠᠨ | ᠵᠠᠰᠠᠮᠠᠯ ᠵᠠᠮ ᠢ ᠬᠠᠮᠠᠭᠠᠯᠠᠬᠤ ᠠᠵᠢᠯ ᠢ ᠤᠯᠠᠮ ᠰᠠᠶᠢᠳᠤᠷ ᠪᠡᠶᠡᠯᠡᠭᠦᠯᠵᠦ᠂ ᠠᠷᠠᠳ ᠣᠯᠠᠨ ᠳᠤ ᠨᠡᠩ ᠲᠥᠬᠦᠮ | ᠪᠤᠯᠭᠠᠬᠤ ᠪᠠᠷ ᠴᠢᠷᠮᠠᠶᠢᠨ᠎ᠠ︾ ᠭᠡᠵᠦ ᠶᠠᠷᠢᠯ᠎ᠠ᠃ | ᠯᠢᠦ ᠵᠠᠨ ᠰᠢᠨ ᠲᠠᠢ ᠠᠳᠠᠯᠢ ᠤᠯᠠᠨ ᠵᠢᠯ ᠤᠨ ᠲᠤᠷᠰᠢ ᠵᠠᠰᠠᠮᠠᠯ ᠵᠠᠮ ᠠᠷᠠᠴᠢᠯᠠᠵᠤ ᠬᠠᠮᠠᠭᠠᠯᠠᠬᠤ ᠠᠵᠢᠯ ᠳᠤ | ᠬᠤᠪᠢ ᠨᠡᠮᠡᠷᠢ ᠪᠠᠨ ᠬᠠᠷᠠᠮ ᠦᠭᠡᠢ ᠵᠤᠷᠢᠭᠤᠯᠤᠭᠰᠠᠨ ᠠᠵᠢᠯᠴᠢᠳ ᠰᠢᠯᠤᠭᠤᠨ ᠬᠦᠭᠡ ᠬᠤᠰᠢᠭᠤᠨ ᠳᠤ ᠮᠠᠰᠢ ᠣᠯᠠᠨ | ᠪᠠᠶᠢᠳᠠᠭ᠃ ᠲᠡᠳᠡ ᠵᠠᠯᠠᠭᠤ ᠽᠠᠨᠳᠠᠨ ᠨᠠᠰᠤᠨ ᠠᠴᠠ ᠪᠠᠨ ᠵᠢᠷᠠ ᠶᠢᠨ ᠳᠠᠪᠠᠭ᠎ᠠ ᠶᠢ ᠳᠠᠪᠠᠳᠠᠯ᠎ᠠ ᠨᠢᠭᠡ ᠰᠡᠳᠬᠢᠯ ᠨᠢᠭᠡ | ᠵᠤᠷᠢᠭ ᠢᠶᠠᠷ ᠵᠠᠰᠠᠮᠠᠯ ᠵᠠᠮ ᠢ ᠰᠠᠬᠢᠨ ᠬᠠᠮᠠᠭᠠᠯᠠᠬᠤ ᠦᠢᠯᠡᠰ ᠲᠤ ᠵᠢᠳᠬᠦᠵᠦ᠂ ᠣᠨ ᠵᠢᠯ ᠤᠨ ᠤᠷᠴᠢᠯᠳᠠ ᠳᠤ ᠡᠭᠡᠯ | ᠪᠣᠷᠣᠭᠵᠢᠭᠤᠨ ᠠᠵᠢᠯᠯᠠᠭ᠎ᠠ ᠪᠠᠷ ᠵᠤᠷᠢᠭᠰᠠᠨ ᠦᠢᠯᠡᠰ ᠤᠨ ᠢᠶᠠᠨ ᠲᠦᠯᠦᠭᠡ ᠴᠤᠴᠠᠯᠳᠠ ᠦᠭᠡᠢ ᠵᠢᠳᠭᠦᠵᠦ ᠪᠤᠢ᠃ | |