︽ᠬᠠᠩᠭᠠᠢ ᠶᠢᠨ ᠬᠤᠷᠳᠣ︾ ᠮᠣᠷᠢᠨ ᠣᠷᠣᠯᠳᠣᠭᠠᠨ ᠠᠮᠵᠢᠯᠳᠠ ᠲᠠᠢ ᠶᠠᠪᠣᠬᠳᠠᠯ᠎ᠠ
ᠨᠡᠶᠢᠲᠡᠯᠡᠭᠰᠡᠨ ᠴᠠᠭ᠄
2025/5/22
                    ᠴᠢᠮᠡᠬᠡᠯᠡᠭᠴᠢ ᠪᠠ᠊᠂ ᠪᠠᠯᠵᠣᠣᠷ         ᠲᠡᠯᠬᠡᠷ ᠵᠣᠨ ᠤ ᠲᠡᠷᠢᠬᠦᠨ ᠰᠠᠷ᠎ᠡ ᠶᠢᠨ ᠠᠷᠪᠡᠨ ᠲᠠᠪᠣᠨ ᠤ ᠡᠳᠣᠷ᠂ ᠰᠢᠯᠣᠭᠤᠨ ᠬᠥᠬᠡ ᠬᠤᠰᠢᠭᠤᠨ ᠤ ᠵᠢᠭᠠᠰᠣᠳᠠᠢ ᠰᠣᠮᠣᠨ ᠤ ᠪᠠᠶᠠᠨ ᠬᠠᠩᠭᠠᠢ ᠭᠠᠴᠠᠭᠠᠨ ᠤ ︽ᠬᠠᠩᠭᠠᠢ ᠶᠢᠨ ᠬᠤᠷᠳᠣ︾ ᠭᠠᠯ ᠣᠶᠠᠭᠠᠨ ᠤ ᠲᠥᠷᠪᠡᠳᠡᠬᠢ ᠣᠳᠠᠭᠠᠨ ᠤ ᠮᠣᠷᠢᠨ‌ᠣᠷᠣᠯᠳᠣᠭᠠᠨ ᠣᠷᠳᠣ ᠪᠣᠯᠠᠭ ᠤᠨ ᠰᠢᠳᠣᠬᠡᠨᠳᠣ ᠣᠪᠣᠭ᠎ᠠ ᠶᠢᠨ ᠲᠡᠷᠬᠡᠳᠠ ᠪᠣᠯᠵᠤᠭ᠎ᠠ ᠶᠣᠰᠣᠭᠠᠷ ᠬᠥᠷ ᠬᠥᠭᠵᠢᠶᠡᠨ ᠲᠠᠢ ᠶᠠᠪᠣᠬᠳᠠᠯ᠎ᠠ᠃         ᠡᠨᠠ‌ᠣᠳᠠᠭᠠᠨ ᠤ ᠣᠷᠣᠯᠳᠣᠭᠠᠨ ᠳᠤ ᠰᠢᠯᠣᠭᠤᠨ ᠬᠥᠪᠡᠬᠡᠳᠣ ᠴᠠᠭᠠᠨ ᠬᠤᠰᠢᠭᠤ᠂ ᠰᠥᠨᠢᠳ ᠪᠠᠷᠠᠭᠤᠨ ᠬᠤᠰᠢᠭᠤ᠂ ᠰᠣᠨᠢᠳ ᠵᠡᠬᠦᠨ ᠬᠤᠰᠢᠭᠤ ᠪᠣᠯᠣᠨ ᠰᠢᠯᠣᠭᠤᠨ ᠬᠥᠬᠡ ᠬᠤᠰᠢᠭᠤᠨ ᠤ ᠬᠥᠷᠰᠢ ᠵᠡᠷᠭᠡᠯᠡᠳᠡᠭᠡ ᠰᠣᠮᠣ ᠭᠠᠴᠠᠭᠠᠨ ᠤ ᠶᠡᠭᠡ ᠪᠠᠭ᠎ᠠ ᠨᠠᠰᠣᠨ ᠤ 70 ᠭᠠᠷᠣᠢ ᠬᠤᠷᠳᠣᠨ ᠬᠥᠯᠥᠭ ᠰᠢᠨᠳᠠᠰᠣ ᠰᠢᠯᠭᠠᠬᠰᠡᠨ ᠪᠠᠶᠢᠨ᠎ᠠ᠃ 20 ᠭᠠᠵᠠᠷ ᠤᠨ ᠡᠷᠯᠢᠰᠠ ᠮᠣᠷᠢᠨ ᠤ ᠣᠷᠣᠯᠳᠣᠭᠠᠨ ᠳᠤ 20 ᠬᠤᠷᠳᠣᠨ ᠬᠥᠯᠣᠭ᠌ ᠲᠠᠪᠬᠢᠵᠤ᠂ ᠪᠣᠱᠣᠣᠳᠠᠢ ᠰᠣᠮᠣᠨ ᠤ ᠡᠩᠬᠡᠷ ᠭᠠᠴᠠᠭᠠᠨ ᠤ ︽ᠡᠩᠬᠡᠷ ᠬᠤᠷᠳᠣ︾ ᠭᠠᠯ ᠣᠶᠠᠭᠠᠨ ᠤ ᠪᠢᠯᠢᠭ ᠤᠨ ᠠᠯᠠᠭ ᠮᠣᠷᠢ᠂ ᠰᠥᠨᠢᠳ ᠪᠠᠷᠠᠭᠤᠨ ᠬᠤᠰᠢᠭᠤᠨ ᠤ ᠣᠶᠠᠭᠠᠴᠢ ᠬᠤᠪᠢᠰᠬᠠᠯᠳᠣ ᠶᠢᠨ ᠣᠨᠣᠨ ᠬᠠᠷ᠎ᠡ ᠮᠤᠷᠢ᠂ ᠠᠯᠳᠠᠨ ᠰᠢᠷᠡᠬᠡᠳᠣ ᠭᠠᠴᠠᠭᠠᠨ ᠤ ︽ᠣᠨᠠᠭᠠᠨ ᠬᠤᠷᠳᠣ︾ ᠭᠠᠯ ᠣᠶᠠᠭᠠᠨ ᠤ ᠬᠥᠴᠥᠨᠳᠡᠬᠦᠰ ᠤᠨ ᠬᠥᠷᠡᠩ ᠮᠣᠷᠢ᠂ ᠰᠢᠯᠣᠭᠤᠨ ᠬᠥᠪᠡᠬᠡᠳᠣ ᠴᠠᠭᠠᠨ ᠬᠤᠰᠢᠭᠤᠨ ᠤ ︽ᠰᠢᠯᠣᠭᠤᠨ ᠴᠠᠭᠠᠨ︾ ᠭᠠᠯ ᠣᠶᠠᠭᠠᠨ ᠤ ᠮᠠᠰᠢ ᠶᠢᠨ ᠬᠠᠯᠳᠠᠷ ᠬᠠᠯᠵᠠᠨ ᠮᠣᠷᠢ᠂ ᠰᠥᠨᠢᠳ ᠵᠡᠬᠦᠨ ᠬᠤᠰᠢᠭᠤᠨ ᠤ ᠶᠢᠨ ᠪᠣᠣ ᠶᠢᠨ ᠰᠠᠷᠠᠳᠠᠢ ᠬᠥᠷᠡᠩ ᠮᠣᠷᠢ ᠲᠣᠰ ᠲᠣᠰ ᠠᠶᠢᠷᠠᠭ ᠤᠨ ᠲᠠᠪᠤ ᠳᠤ ᠲᠤᠳᠤᠷᠠᠵᠠᠢ᠃  ᠬᠢᠵᠠᠭᠠᠯᠠᠩ ᠦᠷᠢᠶ᠎ᠡ ᠶᠢᠨ ᠤᠷᠤᠯᠳᠤᠭᠠᠨ ᠳᠤ ᠬᠠᠩᠭᠠᠢ ᠶᠢᠨ ᠬᠤᠷᠳᠣ ᠭᠠᠯ ᠣᠶᠠᠭᠠᠨ ᠤ ᠮᠥᠩᠬᠡᠵᠢᠷᠭᠠᠯ ᠤᠨ ᠪᠣᠷᠣ ᠬᠠᠯᠵᠠᠨ ᠥᠷᠢᠶ᠎ᠡ᠂ ᠥᠯᠵᠡᠶᠢᠪᠠᠳᠣ ᠶᠢᠨ ᠬᠥᠷᠡᠩ ᠬᠠᠯᠵᠠᠨ ᠥᠷᠢᠶ᠎ᠡ᠂ ᠠᠯᠳᠠᠨ ᠰᠢᠷᠡᠬᠡᠳᠣ ᠶᠢᠨ ︽ᠣᠨᠠᠭᠠᠨ ᠬᠤᠷᠳᠣ︾ ᠭᠠᠯ ᠣᠶᠠᠭᠠᠨ ᠤ ᠢᠳᠡᠷᠬᠦᠣ ᠶᠢᠨ ᠬᠡᠬᠡᠷ ᠥᠷᠢᠶ᠎ᠡ᠂ ᠰᠢᠯᠣᠭᠤᠨ ᠬᠥᠪᠡᠬᠡᠳᠣ ᠴᠠᠭᠠᠨ ᠬᠤᠰᠢᠭᠤᠨ ᠤ ᠰᠡᠴᠡᠨᠪᠠᠭᠠᠳᠣᠷ ᠤᠨ ᠬᠥᠷᠡᠩ ᠥᠷᠢᠶ᠎ᠡ᠂ ᠪᠤᠱᠤᠤᠳᠠᠢ ᠰᠣᠮᠣᠨ ᠤ ᠨᠠᠷᠢᠨᠠᠭᠤᠷ ᠤᠨ ︽ᠮᠢᠩᠭᠠᠨ ᠬᠤᠷᠳᠣ︾ ᠭᠠᠯ ᠣᠶᠠᠭᠠᠨ ᠤ ᠲᠥᠮᠡᠨᠪᠠᠶᠠᠷ ᠤᠨ ᠪᠣᠷᠣ ᠥᠷᠢᠶ᠎ᠡ ᠲᠣᠰ ᠲᠣᠰ ᠠᠶᠢᠷᠠᠭ ᠤᠨ ᠲᠠᠪᠤ ᠳᠤ ᠲᠤᠳᠤᠷᠬᠠᠰᠠᠠ ᠪᠠᠶᠢᠨ᠎ᠠ᠃        ᠰᠢᠳᠣᠯᠡᠩ ᠥᠷᠢᠶ᠎ᠡ ᠶᠢᠨ ᠤᠷᠤᠯᠳᠤᠭᠠᠨ ᠳᠤ ᠰᠢᠯᠣᠭᠤᠨ ᠬᠥᠪᠡᠬᠡᠳᠣ ᠴᠠᠭᠠᠨ ᠬᠤᠰᠢᠭᠤᠨ ᠤ ᠮᠥᠩᠬᠡᠪᠠᠭᠠᠳᠣᠷ ᠤᠨ ᠪᠣᠷᠣ ᠬᠠᠯᠵᠠᠨ ᠥᠷᠢᠶ᠎ᠡ᠂ ᠰᠢᠯᠣᠭᠤᠨ ᠬᠥᠪᠡᠬᠡᠳᠣ ᠴᠠᠭᠠᠨ ᠬᠤᠰᠢᠭᠤᠨ ᠤ ︽ᠰᠠᠶᠢᠬᠠᠨᠨᠠᠭᠤᠷ ᠬᠤᠷᠳᠣ︾ ᠭᠠᠯ ᠣᠶᠠᠭᠠᠨ ᠤ ᠬᠥᠪᠴᠢᠨ ᠶᠢᠨ ᠬᠡᠬᠡᠷ ᠥᠷᠢᠶ᠎ᠡ᠂ ᠪᠣᠱᠣᠣᠳᠠᠢ ᠰᠣᠮᠣᠨ ᠤ ᠰᠢᠷ᠎ᠡ ᠨᠠᠭᠤᠷ ᠭᠠᠴᠠᠭᠠᠨ  ᠤ ᠪᠥᠷᠢᠨᠪᠢᠯᠢᠭ ᠤᠨ ᠥᠷᠢᠶ᠎ᠡ᠂ ᠰᠢᠯᠣᠭᠤᠨ ᠬᠥᠪᠡᠬᠡᠳᠣ ᠴᠠᠭᠠᠨ ᠬᠤᠰᠢᠭᠤᠨ ᠤ ︽ᠣᠩᠭᠤᠨ ᠬᠤᠷᠳᠣ︾ ᠭᠠᠯ ᠣᠶᠠᠭᠠᠨ ᠤ ᠬᠠᠩᠬᠠᠯ ᠤᠨ ᠬᠡᠬᠡᠷ ᠥᠷᠢᠶ᠎ᠡ᠂ ᠪᠣᠱᠣᠣᠳᠠᠢ ᠰᠣᠮᠣᠨ ᠤ ᠡᠩᠬᠡᠷ ᠤᠨ ᠶᠣᠨᠳᠣᠨ ᠤ ᠬᠠᠷ᠎ᠠ ᠥᠷᠢᠶ᠎ᠡ ᠲᠣᠰ ᠲᠣᠰ ᠠᠶᠢᠷᠠᠭ ᠤᠨ ᠲᠠᠪᠤ ᠳᠤ ᠲᠤᠳᠤᠷᠠᠵᠠᠢ᠃       ᠲᠠᠭ᠎ᠠ ᠶᠢᠨ ᠣᠷᠣᠯᠳᠣᠭᠠᠨ ᠳᠤ ᠰᠢᠯᠣᠭᠤᠨ ᠬᠥᠪᠡᠬᠡᠳᠣ ᠴᠠᠭᠠᠨ ᠬᠤᠰᠢᠭᠤᠨ ᠤ ᠮᠥᠩᠬᠡᠳᠣᠬᠳᠠᠬᠤ ᠶᠢᠨ ᠬᠥᠷᠡᠩ ᠲᠠᠭ᠎ᠠ᠂ ᠰᠢᠯᠣᠭᠤᠨ ᠬᠥᠪᠡᠬᠡᠳᠣ ᠴᠠᠭᠠᠨ ᠬᠤᠰᠢᠭᠤᠨ ᠤ ᠬᠤᠪᠢᠳᠣ ᠶᠢᠨ ᠪᠣᠷᠣ ᠬᠠᠯᠵᠠᠨ ᠲᠠᠭ᠎ᠠ᠂ ᠪᠣᠱᠣᠣᠳᠠᠢ ᠰᠣᠮᠣᠨ ᠤ ᠴᠣᠬᠵᠢᠯ ᠤᠨ ᠬᠠᠯᠳᠠᠷ ᠲᠠᠭ᠎ᠠ᠂ ᠰᠢᠯᠣᠭᠤᠨ ᠬᠥᠪᠡᠬᠡᠳᠣ ᠴᠠᠭᠠᠨ ᠬᠤᠰᠢᠭᠤᠨ ᠤ ᠬᠠᠩᠬᠠᠯ  ᠤᠨ ᠬᠥᠷᠡᠩ ᠲᠠᠭ᠎ᠠ᠂ ᠪᠣᠱᠣᠣᠳᠠᠢ ᠰᠣᠮᠣᠨ ᠤ ᠪᠠᠭᠠᠳᠣᠷ ᠤᠨ ᠬᠥᠷᠡᠩ ᠲᠠᠭ᠎ᠠ ᠠᠶᠢᠷᠠᠭ ᠤᠨ ᠲᠠᠪᠤ ᠳᠤ ᠲᠣᠰ ᠲᠣᠰ ᠲᠠᠪᠬᠢᠬᠰᠡᠨ ᠪᠠᠶᠢᠨ᠎ᠠ᠃               
 
ᠢᠷᠡᠯᠲᠡ᠄ ᠰᠢᠯᠤᠭᠤᠨ ᠬᠥᠬᠡ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号