ᠠᠯᠪᠠᠨ ᠪᠠᠶᠢᠭᠤᠯᠭ᠎ᠠ ᠠᠵᠢᠯ ᠦᠢᠯᠡᠰ ᠤᠨ ᠨᠢᠭᠡᠴᠢ ᠶᠢᠨ ᠠᠵᠢᠯᠲᠠᠨ ᠠᠵᠢᠯᠴᠢᠳ ᠶᠠᠮᠠᠷ ᠶᠠᠮᠠᠷ ᠲᠠᠯᠠᠪᠤᠷ | ᠭᠠᠵᠠᠷ ᠲᠤ ᠣᠴᠢᠵᠤ ᠪᠣᠯᠬᠤ ᠦᠭᠡᠢ ᠪᠤᠢ︖ | 1. ᠠᠵᠤ ᠠᠬᠤᠶᠢᠯᠠᠯ ᠤᠨ ᠵᠣᠴᠢᠯᠠᠵᠤ ᠳᠠᠶᠢᠯᠠᠬᠤ ᠲᠠᠯᠠᠪᠤᠷ ᠭᠠᠵᠠᠷ ᠲᠤ ᠣᠴᠢᠵᠤ ᠥᠭᠡᠷᠡᠲᠦᠭᠦᠯᠦᠭᠰᠡᠨ | ᠬᠡᠯᠪᠡᠷᠢ ᠪᠠᠷ ᠢᠳᠡᠵᠦ ᠤᠤᠭᠤᠬᠤ ᠪᠠ ᠨᠠᠷᠭᠢᠨ ᠴᠡᠩᠬᠡᠵᠦ ᠪᠣᠯᠬᠤ ᠦᠭᠡᠢ | ᠬᠤᠶᠠᠷ ᠤᠳᠤᠷᠢᠳᠤᠯᠭ᠎ᠠ ᠡ᠂ ᠦᠳᠡ ᠳᠤ ᠪᠢᠳᠡ ᠲᠠᠪᠤᠨ ᠣᠳᠣᠨ ᠳᠡᠰ ᠤᠨ ᠪᠠᠭᠤᠳᠠᠯ ᠳᠤ ᠬᠤᠭᠤᠯᠠ | ᠵᠣᠭᠤᠭᠯᠠᠬᠤ ᠪᠠᠷ ᠣᠴᠢᠶ᠎ᠠ᠃ | ᠪᠢᠳᠡᠨ ᠳᠤ ᠲᠣᠭᠲᠠᠭᠠᠭᠰᠠᠨ ᠲᠣᠭᠲᠠᠭᠠᠯ ᠢᠶᠠᠷ ᠵᠣᠴᠢᠳ ᠤᠨ ᠪᠠᠭᠤᠳᠠᠯ ᠤᠨ ᠰᠣᠩᠭᠤᠪᠤᠷᠢᠲᠤ ᠬᠤᠭᠤᠯᠠ᠂ | ᠳᠥᠭᠦᠮ ᠬᠤᠭᠤᠯᠠ ᠪᠤᠶᠤ ᠬᠤᠪᠢᠳᠠᠭᠰᠠᠨ ᠬᠤᠭᠤᠯᠠ ᠲᠣᠬᠢᠷᠠᠭᠤᠯᠤᠭᠠᠷᠠᠢ᠃ | ᠰᠠᠨᠠᠭᠤᠯᠤᠮᠵᠢ᠄ ᠨᠠᠮ ᠤᠨ ᠭᠡᠰᠢᠭᠦᠨ ᠺᠠᠳ᠋ᠷᠴᠤᠳ ᠠᠵᠤ ᠠᠬᠤᠶᠢᠯᠠᠯ ᠤᠨ ᠵᠣᠴᠢᠯᠠᠵᠤ ᠳᠠᠶᠢᠯᠠᠬᠤ | ᠲᠠᠯᠠᠪᠤᠷ ᠭᠠᠵᠠᠷ ᠲᠤ ᠣᠴᠢᠵᠤ ᠥᠭᠡᠷᠡᠲᠦᠭᠦᠯᠦᠭᠰᠡᠨ ᠬᠡᠯᠪᠡᠷᠢ ᠪᠠᠷ ᠢᠳᠡᠵᠦ ᠤᠤᠭᠤᠬᠤ ᠪᠠ ᠨᠠᠷᠭᠢᠨ ᠴᠡᠩᠬᠡᠵᠦ | ᠪᠣᠯᠬᠤ ᠦᠭᠡᠢ᠂ ᠠᠯᠪᠠᠨ ᠶᠠᠪᠤᠳᠠᠯ ᠢᠶᠠᠷ ᠬᠤᠭᠤᠯᠠᠯᠠᠬᠤ ᠪᠣᠯ ᠪᠠᠶᠢᠭᠤᠯᠭ᠎ᠠ ᠶᠢᠨ ᠳᠣᠲᠣᠭᠠᠳᠤ ᠳᠠᠬᠢ ᠵᠣᠴᠢᠯᠠᠵᠤ | ᠳᠠᠶᠢᠯᠠᠬᠤ ᠲᠠᠯᠠᠪᠤᠷ ᠭᠠᠵᠠᠷ ᠪᠤᠶᠤ ᠵᠠᠰᠠᠭ ᠤᠨ ᠣᠷᠳᠣᠨ ᠤ ᠬᠤᠳᠠᠯᠳᠤᠨ ᠠᠪᠬᠤ ᠠᠷᠭ᠎ᠠ ᠮᠠᠶ᠋ᠢᠭ ᠢᠶᠠᠷ | ᠲᠣᠭᠲᠠᠭᠠᠭᠰᠠᠨ ᠲᠣᠭᠲᠠᠮᠠᠯ ᠴᠡᠭ ᠤᠨ ᠵᠣᠴᠢᠳ ᠤᠨ ᠪᠠᠭᠤᠳᠠᠯ ᠳᠤ ᠲᠣᠬᠢᠷᠠᠭᠤᠯᠬᠤ ᠬᠡᠷᠡᠭᠲᠡᠢ᠃ | 2. ᠶᠡᠭᠡ ᠪᠠᠷ ᠪᠠᠵᠠᠭᠠᠵᠤ ᠶᠡᠭᠡ ᠪᠠᠷ ᠡᠷᠬᠢᠯᠡᠭᠰᠡᠨ ᠬᠤᠷᠢᠮ ᠪᠡᠯᠪᠡᠰᠦᠷᠡᠯ ᠤᠨ ᠲᠠᠯᠠᠪᠤᠷ ᠭᠠᠵᠠᠷ ᠲᠤ | ᠣᠴᠢᠵᠤ ᠪᠣᠯᠬᠤ ᠦᠭᠡᠢ | ᠤᠳᠤᠷᠢᠳᠤᠯᠭ᠎ᠠ ᠡ᠂ ᠬᠡᠦᠬᠡᠳ ᠤᠨ ᠢᠶᠠᠨ ᠬᠤᠷᠢᠮ ᠢ ᠮᠠᠨ ᠤ ᠬᠡᠭᠡᠨᠴᠢᠷ ᠪᠠᠭᠤᠳᠠᠯ ᠳᠤ ᠲᠣᠭᠲᠠᠭᠠᠴᠢᠬ᠎ᠠ᠂ | ᠲᠡᠷᠡ ᠦᠶ᠎ᠡ ᠳᠤ ᠪᠢ ᠲᠠᠨ ᠳᠤ ᠪᠠᠵᠠᠭᠠᠵᠤ ᠪᠡᠯᠡᠳᠬᠡᠵᠦ ᠥᠭᠭᠦᠶ᠎ᠡ᠃ | ᠯᠢ ᠳᠠᠭᠠᠭᠠᠮᠠᠯ ᠤᠨ ᠰᠠᠶᠢᠬᠠᠨ ᠰᠠᠨᠠᠭᠠᠨ ᠳᠤ ᠪᠠᠶᠠᠷᠯᠠᠯ᠎ᠠ᠂ ᠨᠠᠮ ᠤᠨ ᠭᠡᠰᠢᠭᠦᠨ ᠺᠠᠳ᠋ᠷ ᠪᠣᠯᠤᠭᠰᠠᠨ ᠤ | ᠬᠤᠪᠢ ᠳᠤ ᠪᠠᠶᠠᠷ ᠬᠤᠷᠢᠮ ᠤᠨ ᠶᠠᠪᠤᠳᠠᠯ ᠢ ᠶᠡᠭᠡ ᠪᠠᠷ ᠪᠠᠵᠠᠭᠠᠵᠤ᠂ ᠪᠦᠷᠢᠯᠭᠡᠨ ᠰᠦᠢᠳᠬᠡᠵᠦ ᠪᠣᠯᠬᠤ ᠦᠭᠡᠢ᠂ ᠪᠢ | ᠡᠷᠬᠡᠪᠰᠢ ᠪᠡᠶ᠎ᠡ ᠪᠠᠷ ᠢᠶᠠᠨ ᠬᠡᠪ ᠳᠠᠭᠤᠷᠢᠶᠠᠯ ᠪᠣᠯᠵᠤ᠂ ᠠᠷᠪᠢᠯᠠᠨ ᠭᠠᠮᠨᠠᠬᠤ ᠬᠡᠷᠡᠭᠲᠡᠢ᠃ | ᠰᠠᠨᠠᠭᠤᠯᠤᠮᠵᠢ᠄ ᠨᠠᠮ ᠤᠨ ᠭᠡᠰᠢᠭᠦᠨ ᠺᠠᠳ᠋ᠷᠴᠤᠳ ᠲᠦᠷᠦᠭᠦᠯᠡᠨ ᠵᠠᠩ ᠳᠠᠳᠬᠠᠯ ᠢ ᠥᠭᠡᠷᠡᠴᠢᠯᠡᠵᠦ᠂ | ᠮᠠᠭᠤ ᠰᠤᠷᠲᠠᠯ ᠢ ᠡᠰᠡᠷᠭᠦᠴᠡᠬᠦ ᠬᠡᠷᠡᠭᠲᠡᠢ᠂ ᠵᠠᠩ ᠳᠠᠳᠬᠠᠯ ᠢ ᠰᠠᠬᠢᠬᠤ᠂ ᠨᠠᠶᠢᠷ ᠲᠠᠯ᠎ᠠ ᠳᠤ ᠨᠡᠶᠢᠴᠡᠭᠦᠯᠬᠦ ᠵᠡᠷᠭᠡ | ᠰᠢᠯᠲᠠᠭ ᠢᠶᠠᠷ ᠡᠷᠬᠡ ᠲᠤᠰᠢᠶᠠᠯ ᠪᠤᠶᠤ ᠡᠭᠦᠷᠭᠡ ᠲᠤᠰᠢᠶᠠᠯ ᠤᠨ ᠨᠥᠯᠥᠭᠡ ᠪᠠᠨ ᠠᠰᠢᠭᠯᠠᠨ᠂ ᠲᠣᠭᠲᠠᠭᠠᠯ ᠠᠴᠠ | ᠵᠥᠷᠢᠴᠡᠨ ᠬᠤᠷᠢᠮ ᠪᠡᠯᠪᠡᠰᠦᠷᠡᠯ ᠤᠨ ᠶᠠᠪᠤᠳᠠᠯ ᠬᠢᠵᠦ ᠪᠣᠯᠬᠤ ᠦᠭᠡᠢ᠃ | 3. ᠬᠤᠪᠢ ᠬᠦᠮᠦᠨ ᠤ ᠺᠯᠦ᠋ᠪ ᠲᠤ ᠣᠴᠢᠵᠤ ᠪᠣᠯᠬᠤ ᠦᠭᠡᠢ | ᠡᠷᠬᠢᠯᠡᠭᠴᠢ ᠠ᠋᠂ ᠪᠠᠰᠠ ᠠᠵᠢᠯᠯᠠᠬᠤ ᠴᠠᠭ ᠢᠶᠠᠨ ᠨᠡᠮᠡᠵᠦ ᠠᠵᠢᠯᠯᠠᠭᠰᠠᠭᠠᠷ ᠪᠠᠶᠢᠨ᠎ᠡ ᠦᠦ᠂ ᠡᠨᠡ | ᠬᠠᠪᠢ ᠳᠤ ᠨᠢᠭᠡᠨ ᠳᠡᠭᠡᠳᠦ ᠳᠡᠰ ᠤᠨ ᠬᠤᠪᠢ ᠬᠦᠮᠦᠨ ᠤ ᠺᠯᠦ᠋ᠪ ᠡᠷᠦᠬᠡ ᠪᠠᠨ ᠰᠡᠬᠦᠵᠡᠢ᠂ ᠴᠢᠯᠡᠭᠡ ᠪᠠᠨ | ᠲᠠᠶᠢᠯᠬᠤ ᠪᠠᠷ ᠶᠠᠪᠤᠬᠤ ᠦᠦ︖ | ᠣᠴᠢᠵᠤ ᠪᠣᠯᠬᠤ ᠦᠭᠡᠢ᠂ ᠤᠳᠤᠷᠢᠳᠬᠤ ᠺᠠᠳ᠋ᠷ ᠪᠣᠯᠤᠭᠰᠠᠨ ᠤ ᠬᠤᠪᠢ ᠳᠤ ᠰᠠᠬᠢᠯᠭ᠎ᠠ ᠪᠠᠲᠤ ᠶᠢ | ᠴᠢᠩᠭ᠎ᠠ ᠰᠠᠬᠢᠵᠤ᠂ ᠬᠤᠷᠢᠭ᠎ᠠ ᠱᠤᠭᠤᠮ ᠠᠴᠠ ᠳᠡᠪᠠᠵᠤ ᠪᠣᠯᠬᠤ ᠦᠭᠡᠢ᠂ ᠳᠡᠭᠡᠳᠦ ᠲᠡᠰ ᠤᠨ ᠺᠯᠦ᠋ᠪ ᠤᠨ | ᠭᠠᠵᠠᠷ ᠢᠶᠠᠷ ᠣᠴᠢᠵᠤ ᠪᠣᠯᠬᠤ ᠦᠭᠡᠢ᠃ | ᠰᠠᠨᠠᠭᠤᠯᠤᠮᠵᠢ᠄ ᠨᠠᠮ ᠤᠨ ᠭᠡᠰᠢᠭᠦᠨ ᠺᠠᠳ᠋ᠷᠴᠤᠳ ᠬᠤᠯᠪᠣᠭᠳᠠᠯ ᠪᠦᠬᠦᠢ ᠲᠣᠭᠲᠠᠭᠠᠯ ᠠᠴᠠ ᠵᠥᠷᠢᠴᠡᠨ | ᠬᠤᠪᠢ ᠬᠥᠮᠥᠨ ᠤ ᠺᠯᠦ᠋ᠪ ᠲᠤ ᠣᠴᠢᠵᠤ ᠪᠣᠯᠬᠤ ᠦᠭᠡᠢ᠂ ᠦᠢᠯᠡ ᠪᠠᠶᠢᠳᠠᠯ ᠨᠢ ᠨᠡᠯᠢᠶᠡᠳ ᠬᠦᠨᠳᠦ ᠨᠣᠴᠢᠲᠠᠢ | ᠪᠠᠶᠢᠪᠠᠯ ᠳᠣᠩᠭᠤᠳᠬᠤ ᠪᠤᠶᠤ ᠴᠢᠩᠭ᠎ᠠ ᠳᠣᠩᠭᠤᠳᠬᠤ ᠰᠢᠢᠳᠬᠡᠯ ᠥᠭᠭᠦᠨ᠎ᠡ︔ ᠤᠢᠢᠯᠠ ᠪᠠᠶᠢᠳᠠᠯ ᠢᠶᠠᠷ ᠬᠦᠨᠳᠦ | ᠨᠣᠴᠢᠲᠠᠢ ᠪᠣᠯᠪᠠᠯ᠂ ᠨᠠᠮ ᠤᠨ ᠳᠣᠲᠣᠭᠠᠳᠤ ᠳᠠᠬᠢ ᠲᠤᠰᠢᠶᠠᠯ ᠢᠶᠠᠨ ᠤᠭᠴᠠᠷᠠᠭᠳᠠᠬᠤ ᠪᠤᠶᠤ ᠨᠠᠮ ᠳᠤ ᠦᠯᠡᠳᠡᠭᠡᠵᠦ | ᠬᠢᠨᠠᠨ ᠦᠵᠡᠬᠦ ᠰᠢᠢᠳᠬᠡᠯ ᠣᠯᠬᠤ ᠪᠣᠯᠣᠨ᠎ᠠ᠃ | 4. ᠥᠨᠳᠥᠷ ᠦᠨ᠎ᠡ ᠲᠠᠢ ᠵᠤᠭ᠎ᠠ ᠴᠡᠩᠭᠡᠯ ᠤᠨ ᠭᠠᠵᠠᠷ ᠲᠤ ᠣᠴᠢᠵᠤ ᠪᠣᠯᠬᠤ ᠦᠭᠡᠢ᠂ ᠬᠠᠮᠢᠶᠠᠷᠤᠭᠳᠠᠨ | ᠦᠢᠯᠡᠴᠢᠯᠡᠭᠦᠯᠬᠦ ᠲᠠᠯ᠎ᠠ ᠶᠢᠨ ᠲᠣᠬᠢᠷᠠᠭᠤᠯᠤᠭᠰᠠᠨ ᠳᠠᠶᠢᠯᠠᠯᠭ᠎ᠠ ᠪᠠ ᠵᠤᠭ᠎ᠠ ᠴᠡᠩᠭᠡᠯ ᠤᠨ ᠠᠵᠢᠯᠯᠠᠭ᠎ᠠ ᠳᠤ ᠣᠴᠢᠵᠤ | ᠪᠣᠯᠬᠤ ᠦᠭᠡᠢ | ᠤᠳᠤᠷᠢᠳᠤᠯᠭ᠎ᠠ ᠡ᠂ ᠮᠠᠨ ᠤ ᠺᠣᠮᠫᠠᠨᠢ ᠳᠡᠭᠡᠳᠦ ᠳᠡᠰ ᠤᠨ ᠺᠯᠦ᠋ᠪ ᠲᠠᠢ ᠪᠣᠯᠵᠠᠢ᠂ ᠲᠠ ᠣᠴᠢᠵᠤ | ᠦᠵᠡᠭᠡᠷᠡᠢ᠂ ᠵᠠᠷᠤᠳᠠᠯ ᠢ ᠨᠢ ᠪᠢᠳᠡ ᠪᠦᠬᠦᠨ ᠢ ᠳᠠᠭᠠᠭᠠᠶᠠ᠃ | ᠪᠢᠳᠡᠨ ᠳᠤ ᠲᠣᠭᠲᠠᠭᠠᠭᠰᠠᠨ ᠲᠣᠭᠲᠠᠭᠠᠯ ᠢᠶᠠᠷ ᠪᠣᠯ᠂ ᠨᠠᠮ ᠤᠨ ᠭᠡᠰᠢᠭᠦᠨ ᠺᠠᠳ᠋ᠷᠴᠤᠳ ᠥᠨᠳᠥᠷ | ᠦᠨ᠎ᠡ ᠲᠠᠢ ᠵᠤᠭ᠎ᠠ ᠴᠡᠩᠭᠡᠯ ᠤᠨ ᠭᠠᠵᠠᠷ ᠲᠤ ᠣᠴᠢᠵᠤ ᠪᠣᠯᠬᠤ ᠦᠭᠡᠢ᠂ ᠬᠠᠮᠢᠶᠠᠷᠤᠭᠳᠠᠨ ᠦᠢᠯᠡᠴᠢᠯᠡᠭᠦᠯᠬᠦ | ᠲᠠᠯ᠎ᠠ ᠶᠢᠨ ᠲᠣᠬᠢᠷᠠᠭᠤᠯᠤᠭᠰᠠᠨ ᠳᠠᠶᠢᠯᠠᠯᠭ᠎ᠠ ᠳᠤ ᠣᠴᠢᠵᠤ ᠪᠣᠯᠬᠤ ᠦᠭᠡᠢ᠃ | ᠰᠠᠨᠠᠭᠤᠯᠤᠮᠵᠢ᠄ ᠨᠠᠮ ᠤᠨ ᠭᠡᠰᠢᠭᠦᠨ ᠺᠠᠳ᠋ᠷᠴᠤᠳ ᠤᠨ ᠲᠣᠭᠲᠠᠭᠠᠯ ᠠᠴᠠ ᠵᠦᠷᠢᠴᠡᠨ ᠥᠨᠳᠥᠷ | ᠦᠨ᠎ᠡ ᠲᠠᠢ ᠵᠤᠭ᠎ᠠ ᠴᠡᠩᠭᠡᠯ᠂ ᠪᠡᠶ᠎ᠡ ᠴᠢᠭᠢᠷᠠᠭᠵᠢᠭᠤᠯᠬᠤ ᠠᠵᠢᠯᠯᠠᠭ᠎ᠠ ᠳᠤ ᠣᠷᠣᠯᠴᠠᠬᠤ ᠪᠠ ᠲᠥᠪ ᠭᠤᠥᠯᠴᠢ ᠪᠠᠷ | ᠠᠯᠪᠠᠨ ᠶᠠᠪᠤᠳᠠᠯ ᠭᠦᠢᠴᠡᠳᠬᠡᠬᠦ ᠶᠢ ᠨᠥᠯᠥᠭᠡᠯᠡᠬᠦ ᠳᠠᠶᠢᠯᠠᠯᠭ᠎ᠠ᠂ ᠵᠤᠭ᠎ᠠ ᠴᠡᠩᠭᠡᠯ ᠤᠨ ᠠᠵᠢᠯᠯᠠᠭ᠎ᠠ ᠶᠢᠨ | ᠲᠣᠬᠢᠷᠠᠭᠤᠯᠤᠯᠲᠠ ᠳᠤ ᠲᠣᠭᠲᠠᠭᠠᠯ ᠠᠴᠠ ᠵᠥᠷᠢᠴᠡᠨ ᠣᠷᠣᠯᠴᠠᠬᠤ ᠶᠢ ᠴᠢᠩᠭ᠎ᠠ ᠴᠠᠭᠠᠵᠠᠯᠠᠨ᠎ᠠ᠂ ᠦᠶ᠋ᠯᠡ ᠪᠠᠶᠢᠳᠠᠯ ᠨᠢ | ᠨᠡᠯᠢᠶᠡᠳ ᠬᠦᠨᠳᠦ ᠨᠣᠴᠢᠲᠠᠢ ᠪᠠᠶᠢᠪᠠᠯ ᠨᠠᠮ ᠤᠨ ᠳᠣᠲᠣᠭᠠᠳᠤ ᠳᠠᠬᠢ ᠲᠤᠰᠢᠶᠠᠯ ᠠᠴᠠ ᠨᠢ ᠤᠭᠴᠠᠷᠠᠭᠤᠯᠬᠤ ᠵᠡᠷᠭᠡ | ᠰᠢᠢᠳᠬᠡᠯ ᠥᠭᠴᠦ ᠪᠣᠯᠣᠨ᠎ᠠ᠃ | 5. ᠮᠤᠬᠤᠷ ᠪᠢᠰᠢᠷᠡᠯ ᠤᠨ ᠠᠵᠢᠯᠯᠠᠭ᠎ᠠ ᠬᠢᠬᠦ ᠲᠠᠯᠠᠪᠤᠷ ᠭᠠᠵᠠᠷ ᠲᠤ ᠣᠴᠢᠵᠤ ᠪᠣᠯᠬᠤ ᠦᠭᠡᠢ᠂ ᠮᠤᠬᠤᠷ | ᠪᠢᠰᠢᠷᠡᠯ ᠤᠨ ᠠᠵᠢᠯᠯᠠᠭ᠎ᠠ ᠳᠤ ᠣᠷᠣᠯᠴᠠᠬᠤ ᠪᠤᠶᠤ ᠲᠡᠭᠦᠨ ᠢ ᠳᠡᠮᠵᠢᠵᠦ ᠪᠣᠯᠬᠤ ᠦᠭᠡᠢ | ᠤᠳᠤᠷᠢᠳᠤᠯᠭ᠎ᠠ ᠡ᠂ ᠮᠠᠨ ᠤ ᠠᠳᠡᠬᠢ ᠨᠢᠭᠡ ᠰᠦᠮ᠎ᠡ ᠳᠤ ᠠᠵᠢᠯ ᠦᠢᠯᠡᠰ ᠤᠨ ᠤᠷᠤᠭᠰᠢᠲᠠᠢ ᠪᠠᠶᠢᠬᠤ | ᠪᠠ ᠵᠡᠷᠭᠡ ᠲᠤᠰᠢᠶᠠᠯ ᠳᠡᠪᠰᠢᠬᠦ ᠶᠢ ᠬᠦᠰᠡᠪᠡᠯ ᠮᠠᠰᠢ ᠲᠤᠰᠠᠲᠠᠢ᠂ ᠣᠴᠢᠵᠤ ᠲᠤᠷᠰᠢᠵᠤ ᠦᠵᠡᠨ᠎ᠡ ᠦᠦ︖ | ᠪᠠᠶᠠᠷᠯᠠᠯ᠎ᠠ᠂ ᠨᠠᠮ ᠤᠨ ᠭᠡᠰᠢᠭᠦᠨ ᠺᠠᠳ᠋ᠷ ᠪᠣᠯᠤᠭᠰᠠᠨ ᠤ ᠬᠤᠪᠢ ᠳᠤ ᠹᠧᠣᠳᠠᠯ ᠤᠨ ᠮᠤᠬᠤᠷ ᠪᠢᠰᠢᠷᠡᠯ ᠢ | ᠡᠰᠡᠷᠭᠦᠴᠡᠵᠦ᠂ ᠪᠣᠯᠪᠠᠰᠤᠨ ᠰᠢᠨ᠎ᠡ ᠰᠤᠷᠲᠠᠯ ᠢ ᠪᠤᠢ ᠪᠣᠯᠭᠠᠬᠤ ᠬᠡᠷᠡᠭᠲᠡᠢ᠃ | ᠰᠠᠨᠠᠭᠤᠯᠤᠮᠵᠢ᠄ ᠨᠠᠮ ᠤᠨ ᠭᠡᠰᠢᠭᠦᠨ ᠺᠠᠳ᠋ᠷᠴᠤᠳ ᠮᠤᠬᠤᠷ ᠪᠢᠰᠢᠷᠡᠯ ᠤᠨ ᠠᠵᠢᠯᠯᠠᠭ᠎ᠠ ᠬᠢᠬᠦ ᠲᠠᠯᠠᠪᠤᠷ | ᠭᠠᠵᠠᠷ ᠲᠤ ᠬᠦᠷᠴᠦ ᠮᠤᠬᠤᠷ ᠪᠢᠰᠢᠷᠡᠯ ᠤᠨ ᠠᠵᠢᠯᠯᠠᠭ᠎ᠠ ᠳᠤ ᠣᠷᠣᠯᠴᠠᠬᠤ ᠪᠤᠶᠤ ᠲᠡᠭᠦᠨ ᠢ ᠳᠡᠮᠵᠢᠵᠦ ᠪᠣᠯᠬᠤ ᠦᠭᠡᠢ᠂ | ᠨᠠᠮ ᠤᠨ ᠰᠠᠬᠢᠯᠭ᠎ᠠ ᠤᠯᠤᠰ ᠤᠨ ᠬᠠᠤᠯᠢ ᠶᠢ ᠴᠢᠩᠭ᠎ᠠ ᠵᠢᠷᠤᠮᠯᠠᠨ᠂ ᠵᠥᠪ ᠶᠢᠷᠲᠢᠨᠴᠦ ᠶᠢᠨ ᠦᠵᠡᠯᠲᠡ᠂ | ᠠᠮᠢᠳᠤᠷᠠᠬᠤᠢ ᠶᠢᠨ ᠦᠵᠡᠯᠲᠡ᠂ ᠥᠷᠲᠡᠭ ᠤᠨ ᠦᠵᠡᠯᠲᠡ ᠶᠢ ᠪᠤᠶ ᠪᠣᠯᠭᠠᠵᠤ᠂ ᠹᠧᠣᠳᠠᠯ ᠤᠨ ᠮᠤᠬᠤᠷ ᠪᠢᠰᠢᠷᠡᠯ ᠤᠨ | ᠦᠵᠡᠯ ᠰᠠᠨᠠᠭᠠᠨ ᠤ ᠨᠡᠪᠴᠢᠯᠲᠡ ᠶᠢ ᠥᠪᠡᠷ ᠤᠨ ᠤᠬᠠᠮᠰᠠᠷ ᠠᠴᠠ ᠪᠠᠨ ᠡᠰᠡᠷᠭᠦᠴᠡᠬᠦ ᠬᠡᠷᠡᠭᠲᠡᠢ᠂ ᠲᠣᠭᠲᠠᠭᠠᠯ ᠠᠴᠠ | ᠵᠥᠷᠢᠴᠡᠨ ᠮᠤᠬᠤᠷ ᠪᠢᠰᠢᠷᠡᠯ ᠤᠨ ᠠᠵᠢᠯᠯᠠᠭ᠎ᠠ ᠳᠤ ᠣᠷᠣᠯᠴᠠᠪᠠᠯ ᠳᠣᠩᠭᠤᠳᠬᠤ᠂ ᠴᠢᠩᠭ᠎ᠠ ᠳᠣᠩᠭᠤᠳᠬᠤ᠂ | ᠴᠢᠨᠠᠭᠰᠢᠯᠠᠪᠠᠯ ᠨᠠᠮ ᠠᠴᠠ ᠬᠥᠭᠡᠭᠡᠭᠳᠡᠬᠦ ᠵᠡᠷᠭᠡ ᠰᠢᠢᠳᠬᠡᠯ ᠣᠯᠵᠤ ᠮᠡᠳᠡᠨ᠎ᠡ᠃ | 6. ᠬᠠᠮᠲᠤ ᠰᠤᠷᠤᠯᠭᠠᠲᠠᠨ ᠤ ᠴᠤᠭᠯᠠᠭᠠᠨ ᠪᠠ ᠨᠤᠲᠤᠭ ᠨᠢᠭᠡᠲᠡᠳ ᠤᠨ ᠴᠤᠭᠯᠠᠭᠠᠨ ᠵᠡᠷᠭᠡ ᠲᠠᠯᠠᠪᠤᠷ | ᠭᠠᠵᠠᠷ ᠲᠤ ᠲᠣᠭᠲᠠᠭᠠᠯ ᠠᠴᠠ ᠵᠦᠷᠢᠴᠡᠨ ᠣᠷᠣᠯᠴᠠᠵᠤ ᠪᠣᠯᠬᠤ ᠦᠭᠡᠢ | ᠪᠢ ᠮᠠᠨ ᠤ ᠬᠡᠳᠦᠨ ᠨᠤᠲᠤᠭ ᠨᠢᠭᠡᠲᠡᠳ ᠢᠶᠠᠨ ᠵᠣᠬᠢᠶᠠᠨ ᠪᠠᠶᠢᠭᠤᠯᠵᠤ ᠨᠠᠶᠢᠷᠯᠠᠬᠤ ᠪᠠᠷ ᠪᠡᠯᠡᠳᠬᠡᠵᠦ | ᠪᠠᠶᠢᠨ᠎ᠠ᠃ | ᠵᠠᠩ ᠭᠤᠸᠠᠢ᠂ ᠲᠡᠭᠡᠵᠦ ᠪᠣᠯᠬᠤ ᠦᠭᠡᠢ᠂ ᠨᠠᠮ ᠤᠨ ᠭᠡᠰᠢᠭᠦᠨ ᠺᠠᠳ᠋ᠷ ᠪᠣᠯᠤᠭᠰᠠᠨ ᠤ ᠬᠤᠪᠢ ᠳᠤ | ᠢᠯᠡᠳᠲᠡ ᠵᠢᠵᠢᠭ ᠪᠦᠯᠬᠦᠮ ᠤᠨ ᠴᠢᠨᠠᠷᠲᠠᠢ ᠠᠵᠢᠯᠯᠠᠭ᠎ᠠ ᠳᠤ ᠣᠷᠣᠯᠴᠠᠬᠤ ᠠᠴᠠ ᠥᠪᠡᠷ ᠤᠨ ᠤᠬᠠᠮᠰᠠᠷ ᠠᠴᠠ ᠪᠠᠨ | ᠵᠠᠶᠢᠯᠠᠰᠬᠢᠬᠦ ᠬᠡᠷᠡᠭᠲᠡᠢ᠃ | ᠰᠠᠨᠠᠭᠤᠯᠤᠮᠵᠢ᠄ ᠨᠠᠮ ᠤᠨ ᠭᠡᠰᠢᠭᠦᠨ ᠺᠠᠳ᠋ᠷᠴᠤᠳ ᠬᠠᠮᠲᠤ ᠰᠤᠷᠤᠯᠭᠠᠲᠠᠨ ᠤ ᠴᠤᠭᠯᠠᠭᠠᠨ ᠨᠤᠲᠤᠭ | ᠨᠢᠭᠡᠲᠡᠳ ᠤᠨ ᠴᠤᠭᠯᠠᠭᠠᠨ ᠵᠡᠷᠭᠡ ᠨᠡᠷ᠎ᠡ ᠪᠠᠷ ᠡᠷᠭᠢᠯᠡᠭᠰᠡᠨ ᠵᠢᠵᠢᠭ ᠪᠦᠯᠬᠦᠮ ᠤᠨ ᠴᠢᠨᠠᠷᠲᠠᠢ ᠠᠵᠢᠯᠯᠠᠭ᠎ᠠ ᠠᠴᠠ | ᠥᠪᠡᠷ ᠤᠨ ᠤᠬᠠᠮᠰᠠᠷ ᠠᠴᠠ ᠪᠠᠨ ᠵᠠᠶᠢᠯᠠᠬᠤ ᠬᠡᠷᠡᠭᠲᠡᠢ᠂ ᠠᠶᠠᠨᠳᠠᠭᠠᠨ ᠪᠠᠶᠢᠭᠤᠯᠤᠭᠳᠠᠭᠰᠠᠨ ᠨᠤᠲᠤᠭ ᠨᠢᠭᠡᠲᠡᠳ ᠤᠨ | ᠴᠤᠭᠯᠠᠭᠠᠨ᠂ ᠰᠤᠷᠭᠠᠭᠤᠯᠢ ᠶᠢᠨ ᠬᠠᠨᠢᠲᠠᠳ ᠤᠨ ᠴᠤᠭᠯᠠᠭᠠᠨ᠂ ᠳᠠᠶᠢᠴᠢᠨ ᠨᠥᠬᠦᠳ ᠤᠨ ᠴᠤᠭᠯᠠᠭᠠᠨ ᠵᠡᠷᠭᠡ ᠶᠢ | ᠬᠤᠯᠪᠣᠭᠳᠠᠯ ᠪᠦᠬᠦᠢ ᠲᠣᠭᠲᠠᠭᠠᠯ ᠠᠴᠠ ᠵᠥᠷᠢᠴᠡᠨ ᠵᠣᠬᠢᠶᠠᠨ ᠪᠠᠶᠢᠭᠤᠯᠵᠤ ᠣᠷᠣᠯᠴᠠᠭᠰᠠᠨ ᠳᠤ᠂ ᠦᠢᠯᠡ | ᠪᠠᠶᠢᠳᠠᠯ ᠨᠢ ᠬᠦᠨᠳᠦ ᠨᠣᠴᠢᠲᠠᠢ ᠪᠠᠶᠢᠪᠠᠯ ᠳᠣᠩᠭᠤᠳᠬᠤ᠂ ᠴᠢᠩᠭ᠎ᠠ ᠳᠣᠩᠭᠤᠳᠬᠤ ᠪᠤᠶᠤ ᠨᠠᠮ ᠤᠨ | ᠳᠣᠲᠣᠭᠠᠳᠤ ᠳᠠᠬᠢ ᠲᠤᠰᠢᠶᠠᠯ ᠠᠴᠠ ᠨᠢ ᠤᠭᠴᠠᠷᠠᠭᠤᠯᠬᠤ ᠰᠢᠢᠳᠬᠡᠯ ᠥᠭᠭᠦᠨ᠎ᠡ᠃ | 7. ᠵᠣᠭᠤᠰ ᠮᠦᠷᠦ᠋ᠢᠴᠡᠬᠦ ᠲᠠᠯᠠᠪᠤᠷ ᠭᠠᠵᠠᠷ ᠲᠤ ᠣᠴᠢᠵᠤ ᠪᠣᠯᠬᠤ ᠦᠭᠡᠢ | ᠠᠬ᠎ᠠ᠂ ᠥᠴᠥᠭᠡᠳᠦᠷ ᠣᠷᠣᠢ ᠪᠢ ᠬᠥᠵᠥᠷ ᠲᠣᠭᠯᠠᠭᠠᠳ ᠨᠡᠯᠢᠶᠡᠳ ᠵᠣᠭᠤᠰ ᠬᠤᠨᠵᠢᠵᠠᠢ᠂ ᠥᠨᠥ | ᠣᠷᠣᠢ ᠲᠠᠨ ᠢ ᠳᠠᠭᠠᠭᠤᠯᠵᠤ ᠶᠡᠭᠡ ᠮᠥᠩᠭᠦ ᠬᠤᠨᠵᠢᠬᠤ ᠪᠠᠷ ᠶᠠᠪᠤᠶ᠎ᠠ᠃ | ᠲᠡᠭᠡᠵᠦ ᠪᠣᠯᠬᠤ ᠦᠭᠡᠢ᠂ ᠵᠣᠭᠤᠰ ᠮᠦᠷᠦ᠋ᠢᠴᠡᠬᠦ ᠪᠣᠯ ᠬᠠᠤᠯᠢ ᠶᠢ ᠵᠥᠷᠢᠴᠡᠭᠰᠡᠨ ᠠᠵᠢᠯᠯᠠᠭ᠎ᠠ ᠪᠣᠯᠣᠨ᠎ᠠ᠂ | ᠨᠠᠮ ᠤᠨ ᠭᠡᠰᠢᠭᠦᠨ ᠺᠠᠳ᠋ᠷ ᠪᠣᠯᠤᠭᠰᠠᠨ ᠤ ᠬᠤᠪᠢ ᠳᠤ ᠡᠷᠡᠰ ᠡᠰᠡᠷᠭᠦᠴᠡᠬᠦ ᠬᠡᠷᠡᠭᠲᠡᠢ᠃ | ᠰᠠᠨᠠᠭᠤᠯᠤᠮᠵᠢ᠄ ᠨᠠᠮ ᠤᠨ ᠭᠡᠰᠢᠭᠦᠨ ᠺᠠᠳ᠋ᠷᠴᠤᠳ ᠶᠠᠮᠠᠷᠪᠠ ᠬᠡᠯᠪᠡᠷᠢ ᠶᠢᠨ ᠵᠣᠭᠤᠰ ᠮᠦᠷᠦ᠋ᠢᠴᠡᠬᠦ | ᠠᠵᠢᠯᠯᠠᠭ᠎ᠠ ᠶᠢ ᠴᠦᠮ ᠡᠷᠡᠰ ᠡᠰᠡᠷᠭᠦᠴᠡᠵᠦ᠂ ᠨᠠᠮ ᠤᠨ ᠰᠠᠬᠢᠯᠭ᠎ᠠ ᠤᠯᠤᠰ ᠤᠨ ᠬᠠᠤᠯᠢ ᠶᠢ ᠴᠢᠩᠭ᠎ᠠ ᠵᠢᠷᠤᠮᠯᠠᠨ᠂ | ᠠᠷᠢᠭᠤᠨ ᠴᠢᠬᠡᠴᠢ ᠪᠠᠷ ᠪᠡᠶ᠎ᠡ ᠪᠠᠨ ᠪᠠᠷᠢᠵᠤ᠂ ᠠᠯᠪᠠᠨ ᠲᠤᠰᠢᠶᠠᠯᠲᠠᠨ ᠤ ᠳᠦᠷᠢ ᠲᠥᠷᠬᠦ ᠪᠠᠨ ᠰᠠᠶᠢᠲᠤᠷ ᠬᠠᠮᠠᠭᠠᠯᠠᠬᠤ | ᠬᠡᠷᠡᠭᠲᠡᠢ᠃ ᠵᠣᠭᠤᠰ ᠮᠦᠷᠦ᠋ᠢᠴᠡᠬᠦ ᠨᠢ ᠬᠠᠤᠯᠢ ᠶᠢ ᠵᠥᠷᠢᠴᠡᠵᠦ ᠪᠠᠶᠢᠭ᠎ᠠ ᠶᠠᠪᠤᠳᠠᠯ᠂ ᠮᠦᠷᠦ᠋ᠢᠴᠡᠬᠦ ᠵᠣᠭᠤᠰ ᠤᠨ | ᠲᠤᠭ᠎ᠠ ᠨᠢ ᠨᠡᠯᠢᠶᠡᠳ ᠬᠡᠮᠵᠢᠶᠡᠨ ᠳᠤ ᠬᠦᠷᠪᠡᠯ ᠡᠷᠡᠭᠦᠦ ᠶᠢᠨ ᠬᠠᠤᠯᠢ ᠳᠤ ᠬᠠᠯᠳᠠᠭᠰᠠᠨ ᠬᠡᠷᠡᠭ ᠪᠣᠯᠣᠨ᠎ᠠ᠃ | 8. ᠪᠤᠰᠤᠳ ᠬᠠᠤᠯᠢ ᠶᠢ ᠵᠥᠷᠢᠴᠡᠭᠰᠡᠨ ᠠᠵᠢᠯᠯᠠᠭ᠎ᠠ ᠶᠢᠨ ᠲᠠᠯᠠᠪᠤᠷ ᠭᠠᠵᠠᠷ ᠲᠤ ᠣᠴᠢᠵᠤ ᠪᠣᠯᠬᠤ ᠦᠭᠡᠢ | ᠤᠳᠤᠷᠢᠳᠤᠯᠭ᠎ᠠ ᠡ᠂ ᠮᠠᠨ ᠤ ᠺᠣᠮᠫᠠᠨᠢ ᠰᠢᠨ᠎ᠡ ᠦᠢᠯᠡᠳᠬᠦᠨ ᠢᠶᠠᠨ ᠨᠡᠶᠢᠲᠡᠯᠡᠬᠦ ᠪᠠᠷ ᠲᠥᠯᠥᠪᠯᠡᠵᠦ | ᠪᠠᠶᠢᠨ᠎ᠠ᠂ ᠲᠠ ᠮᠠᠨ ᠤ ᠨᠡᠶᠢᠲᠡᠯᠡᠬᠦ ᠬᠤᠷᠠᠯ ᠤᠨ ᠲᠠᠪᠴᠠᠩ ᠳᠤ ᠣᠷᠣᠯᠴᠠᠵᠤ ᠦᠢᠯᠡᠳᠬᠦᠨ ᠢ ᠲᠠᠨᠢᠯᠴᠠᠭᠤᠯᠤᠭᠠᠳ | ᠥᠭᠭᠦᠭᠡᠴᠢ᠂ ᠲᠡᠭᠡᠭᠡᠳ ᠲᠠᠨ ᠳᠤ ᠣᠷᠣᠯᠴᠠᠭᠰᠠᠨ ᠬᠠᠷᠠᠮᠵᠢ ᠥᠭᠭᠦᠶ᠎ᠡ᠃ | ᠪᠢᠳᠡᠨ ᠳᠤ ᠲᠣᠭᠲᠠᠭᠠᠭᠰᠠᠨ ᠲᠣᠭᠲᠠᠭᠠᠯ ᠢᠶᠠᠷ ᠪᠣᠯ᠂ ᠨᠠᠮ ᠤᠨ ᠭᠡᠰᠢᠭᠦᠨ ᠺᠠᠳ᠋ᠷᠴᠤᠳ ᠬᠠᠤᠯᠢ ᠪᠤᠰᠤ | ᠨᠡᠶᠢᠭᠡᠮ ᠤᠨ ᠵᠣᠬᠢᠶᠠᠨ ᠪᠠᠶᠢᠭᠤᠯᠤᠯᠲᠠ ᠶᠢᠨ ᠠᠵᠢᠯᠯᠠᠭ᠎ᠠ ᠳᠤ ᠣᠷᠣᠯᠴᠠᠵᠤ ᠪᠣᠯᠬᠤ ᠦᠭᠡᠢ᠂ ᠬᠠᠤᠯᠢ ᠪᠤᠰᠤ | ᠨᠡᠶᠢᠭᠡᠮ ᠤᠨ ᠵᠣᠬᠢᠶᠠᠨ ᠪᠠᠶᠢᠭᠤᠯᠤᠯᠲᠠ ᠶᠢ ︽ᠳᠡᠮᠵᠢᠬᠦ︾ ᠪᠤᠶᠤ ᠲᠡᠳᠡᠨ ᠢ ︽ᠣᠷᠣᠯᠠᠨ ᠥᠭᠦᠯᠡᠵᠦ︾ ᠪᠣᠯᠬᠤ | ᠦᠭᠡᠢ᠃ | ᠰᠠᠨᠠᠭᠤᠯᠤᠮᠵᠢ᠄ ᠨᠠᠮ ᠤᠨ ᠭᠡᠰᠢᠭᠦᠨ ᠺᠠᠳ᠋ᠷᠴᠤᠳ ᠬᠠᠤᠯᠢ ᠪᠤᠰᠤ ᠨᠡᠶᠢᠭᠡᠮ ᠤᠨ ᠵᠣᠬᠢᠶᠠᠨ | ᠪᠠᠶᠢᠭᠤᠯᠤᠯᠲᠠ ᠶᠢᠨ ᠥᠷᠨᠢᠭᠦᠯᠦᠭᠰᠡᠨ ᠡᠯᠳᠡᠪ ᠵᠦᠢᠯ ᠤᠨ ᠠᠵᠢᠯᠯᠠᠭ᠎ᠠ ᠳᠤ ᠣᠷᠣᠯᠴᠠᠵᠤ ᠪᠣᠯᠬᠤ ᠦᠭᠡᠢ᠂ ᠲᠠᠷᠢᠬᠢ | ᠲᠣᠯᠣᠭᠠᠢ ᠪᠠᠨ ᠡᠷᠬᠡᠪᠰᠢ ᠴᠠᠭ ᠢᠮᠠᠭᠲᠠ ᠰᠡᠷᠭᠡᠭ ᠪᠠᠶᠢᠯᠭᠠᠵᠤ᠂ ᠦᠳᠦᠭᠡᠨ ᠲᠠᠲᠠᠬᠤ ᠶᠢ ᠲᠡᠪᠴᠢᠵᠦ᠂ ᠨᠠᠮ ᠤᠨ | ᠰᠠᠬᠢᠯᠭ᠎ᠠ ᠤᠯᠤᠰ ᠤᠨ ᠬᠠᠤᠯᠢ ᠶᠢ ᠴᠢᠩᠭ᠎ᠠ ᠰᠠᠬᠢᠬᠤ ᠬᠡᠷᠡᠭᠲᠡᠢ᠃ |