ᠤᠮᠠᠷᠠᠲᠤ ᠬᠢᠯᠢ ᠶᠢᠨ ᠠᠮᠢ ᠠᠬᠤᠶ ᠶᠢᠨ ᠬᠠᠯᠬᠠᠪᠴᠢ ᠶᠢ ᠰᠠᠬᠢᠨ ᠬᠠᠮᠠᠭᠠᠯᠠᠬᠤ᠂ ᠣᠷᠣᠨ ᠪᠦᠰᠡ ᠶᠢᠨ | ᠦᠷᠬᠦᠯᠵᠢᠯᠡᠭᠰᠡᠨ ᠬᠥᠭᠵᠢᠯᠲᠡ ᠶᠢ ᠠᠬᠢᠭᠤᠯᠬᠤ ᠵᠠᠩᠭᠢᠯᠠᠭ᠎ᠠ ᠶᠢᠨ ᠠᠷᠭ᠎ᠠ ᠬᠡᠮᠵᠢᠶ᠎ᠡ ᠪᠣᠯᠤᠭᠰᠠᠨ ᠤ ᠬᠤᠪᠢ ᠳᠤ᠂ ︽ | ᠤᠮᠠᠷᠠᠳᠤ ᠶᠢᠨ ᠭᠤᠷᠪᠠᠨ ᠤᠷᠤᠨ︾ ᠤ ᠵᠢᠷᠭᠤᠳᠤᠭᠠᠷ ᠬᠤᠭᠤᠴᠠᠭᠠᠨ ᠤ ᠢᠨᠵᠧᠨᠧᠷᠢᠩ ᠰᠢᠯᠤᠭᠤᠨ ᠬᠥᠬᠡ | ᠬᠤᠰᠢᠭᠤᠨ ᠳᠤ ᠡᠷᠴᠢᠮ ᠲᠠᠢ ᠶᠠᠪᠤᠭᠳᠠᠵᠤ ᠪᠠᠶᠢᠨ᠎ᠠ᠃ ᠣᠳᠣᠬᠠᠨ ᠳᠤ᠂ ᠬᠤᠯᠠᠨ ᠰᠢᠷᠭ᠎ᠠ ᠲᠠᠭ᠎ᠠ ᠶᠢᠨ ᠡᠯᠡᠰᠦᠷᠬᠡᠭ | ᠭᠠᠵᠠᠷ ᠤᠨ ᠵᠠᠰᠠᠯᠲᠠ ᠶᠢᠨ ᠲᠦᠷᠦᠯ ᠵᠦᠢᠯ ᠳᠤ ᠤᠶᠤᠨᠳᠤ ᠲᠤᠨᠤᠭ ᠲᠥᠬᠦᠭᠡᠷᠦᠮᠵᠢ ᠶᠢ ᠦᠷᠭᠡᠨ ᠢᠶᠠᠷ ᠬᠡᠷᠡᠭᠯᠡᠵᠦ | ᠠᠮᠢ ᠠᠬᠤᠢ ᠶᠢᠨ ᠵᠠᠰᠠᠯᠲᠠ ᠶᠢ ᠥᠨᠳᠥᠷ ᠪᠦᠲᠦᠮᠵᠢᠲᠡᠢ ᠨᠠᠷᠢᠯᠢᠭ ᠣᠨᠣᠪᠴᠢᠲᠠᠢ ᠪᠣᠯᠭᠠᠵᠤ᠂ ᠰᠢᠨᠵᠢᠯᠡᠬᠦ ᠤᠬᠠᠭᠠᠨ | ᠲᠧᠭᠨᠢᠭ ᠮᠡᠷᠭᠡᠵᠢᠯ ᠢ ᠠᠰᠢᠭᠯᠠᠨ ᠡᠯᠡᠰᠦ ᠶᠢ ᠵᠠᠰᠠᠬᠤ ᠠᠯᠬᠤᠴᠠ ᠪᠠᠨ ᠲᠦᠷᠭᠡᠳᠭᠡᠵᠦ ᠪᠤᠢ᠃ | ᠥᠩᠭᠡᠷᠡᠭᠰᠡᠨ ᠳᠤ ᠪᠤᠷᠳᠤᠭᠤᠷ ᠰᠠᠴᠤᠬᠤ ᠳᠡᠷᠭᠡ ᠪᠠᠷ ᠪᠡᠯᠴᠢᠭᠡᠷ ᠲᠤ ᠪᠤᠷᠳᠤᠭᠤᠷ ᠤᠷᠤᠭᠤᠯᠬᠤ ᠳᠤ 40 | - 50 ᠬᠥᠮᠦᠨ ᠭᠡᠷᠡᠭᠰᠡᠵᠦ ᠪᠠᠶᠢᠭᠰᠠᠨ ᠪᠤᠯ ᠤᠳᠤ ᠳ᠋ᠠ ᠵᠢᠶᠠᠩ T100 ᠬᠡᠯᠪᠡᠷᠢ ᠶᠢᠨ ᠲᠠᠷᠢᠶᠠᠯᠠᠩ ᠳᠤ ᠬᠡᠷᠡᠭᠯᠡᠬᠦ | ᠵᠢᠯᠣᠭᠤᠴᠢ ᠥᠬᠡᠶ ᠨᠢᠰᠬᠡᠯ ᠢ ᠬᠡᠷᠡᠭᠯᠡᠬᠦ ᠪᠤᠯᠤᠭᠰᠠᠨ ᠢᠶᠠᠷ ᠵᠦᠪᠬᠡᠨ 10 ᠬᠦᠮᠦᠨ ᠠᠳᠠᠯᠢ ᠡᠭᠦᠷᠭᠡ ᠶᠢ ᠥᠨᠳᠥᠷ | ᠪᠦᠲᠦᠮᠵᠢᠲᠡᠶ ᠪᠠᠷ ᠪᠡᠶᠡᠯᠡᠭᠦᠯᠵᠦ ᠴᠢᠳᠠᠬᠤ ᠪᠤᠯᠵᠠᠢ᠃ ᠢᠯᠠᠩᠭᠤᠶ᠎ᠠ ᠭᠠᠵᠠᠷ ᠤᠨ ᠪᠠᠶᠢᠴᠠ ᠪᠤᠳᠤᠯᠢᠶᠠᠨᠲᠠᠶ᠂ ᠲᠡᠷᠭᠡ | ᠤᠨᠤᠭ᠎ᠠ ᠤᠷᠤᠬᠤ ᠳᠤ ᠲᠦᠭᠦᠮ ᠦᠭᠡᠢ ᠠᠭᠤᠯᠠᠨ ᠬᠦᠳᠦᠯ᠂ ᠡᠯᠡᠰᠦᠷᠬᠡᠭ ᠭᠠᠵᠠᠷ ᠵᠢᠯᠣᠭᠤᠴᠢ ᠥᠬᠡᠶ ᠨᠢᠰᠬᠡᠯ ᠢᠶᠠᠷ | ᠪᠤᠷᠳᠤᠭᠤᠷ ᠰᠠᠴᠤᠬᠤ ᠨᠢ ᠠᠵᠢᠯ ᠤᠨ ᠦᠷ᠎ᠡ ᠪᠦᠲᠦᠮᠵᠢ ᠪᠠ ᠣᠨᠣᠪᠴᠢ ᠶᠢᠨ ᠬᠡᠮᠵᠢᠶ᠎ᠡ ᠶᠢ ᠶᠡᠭᠡ ᠪᠠᠷ | ᠳᠡᠭᠡᠭᠰᠢᠯᠡᠭᠦᠯᠦᠭᠰᠡᠨ ᠪᠠᠶᠢᠨ᠎ᠠ᠃ ᠮᠧᠩ ᠼᠤᠤ ᠠᠮᠢ ᠠᠬᠤᠶ ᠣᠷᠴᠢᠨ ᠠᠬᠤᠶ ᠶᠢᠨ ᠪᠦᠯᠦᠭᠯᠡᠯ ᠤᠨ ᠬᠤᠪᠢ | ᠣᠷᠣᠭᠤᠯᠤᠭᠰᠠᠨ ᠬᠢᠵᠠᠭᠠᠷᠲᠤ ᠺᠣᠮᠫᠠᠨᠢ ᠶᠢᠨ ᠠᠵᠢᠯᠳᠠᠨ ᠸᠠᠩ ᠪᠤᠤ ᠸᠧᠢ ᠬᠡᠯᠡᠬᠦ ᠳᠡᠭᠡᠨ᠄ ︽ᠵᠢᠯᠣᠭᠤᠴᠢ ᠥᠬᠡᠶ | ᠨᠢᠰᠬᠡᠯ ᠢ ᠬᠡᠷᠡᠭᠯᠡᠭᠰᠡᠨ ᠠᠴᠠ ᠥᠩᠭᠡᠷᠡᠭᠰᠡᠨ ᠳᠤ ᠮᠠᠰᠢᠨ ᠲᠥᠬᠦᠭᠡᠷᠦᠮᠵᠢ ᠨᠡᠪᠲᠡᠷᠡᠬᠦ ᠶᠢᠨ ᠠᠷᠭ᠎ᠠ ᠥᠬᠡᠶ ᠪᠤᠶᠤ | ᠬᠦᠮᠦᠨ ᠤ ᠬᠦᠴᠦ ᠪᠠᠷ ᠪᠤᠷᠳᠤᠭᠤᠷ ᠰᠠᠴᠤᠬᠤ ᠳᠤ ᠲᠦᠭᠦᠮ ᠦᠭᠡᠢ ᠬᠦᠴᠢᠷ ᠠᠰᠠᠭᠤᠳᠠᠯ ᠢ ᠰᠢᠶᠳᠪᠦᠷᠢᠯᠡᠭᠰᠡᠨ | ᠪᠥᠭᠡᠳ ᠤᠯᠠᠮᠵᠢᠯᠠᠯᠲᠤ ᠠᠷᠭ᠎ᠠ ᠪᠠᠷ ᠪᠤᠷᠳᠤᠭᠤᠷ ᠰᠠᠴᠤᠬᠤ ᠨᠢ ᠨᠤᠲᠤᠭ ᠪᠡᠯᠴᠢᠭᠡᠷ ᠢ ᠲᠠᠯᠬᠢᠳᠠᠨ ᠡᠪᠳᠡᠬᠦ ᠠᠴᠠ | ᠵᠠᠶᠢᠯᠠᠰᠬᠢᠵᠦ ᠴᠢᠳᠠᠵᠠᠢ᠃ ᠤᠳᠤᠬᠠᠨ ᠳᠤ ᠨᠡᠶᠢᠲᠡ ᠠᠷᠪᠠᠨ ᠵᠢᠯᠣᠭᠤᠴᠢ ᠥᠬᠡᠶ ᠨᠢᠰᠬᠡᠯ ᠪᠠᠶᠢᠵᠦ᠂ ᠨᠢᠰᠬᠡᠯ ᠪᠦᠷᠢ | ᠡᠳᠦᠷ ᠲᠤ ᠳᠤᠮᠳᠠᠴᠢ ᠪᠠᠷ 20 ᠲᠣᠨ ᠣᠷᠴᠢᠮ ᠪᠤᠷᠳᠤᠭᠤᠷ ᠤᠷᠤᠭᠤᠯᠵᠤ ᠪᠤᠢ᠃ ᠣᠶᠢᠷ᠎ᠠ ᠶᠢᠨ ᠨᠢᠭᠡ ᠰᠠᠷ᠎ᠠ ᠶᠢᠨ | ᠬᠤᠭᠤᠴᠠᠭᠠᠨ ᠳᠤ᠂ ᠨᠡᠶᠢᠲᠡ ᠬᠤᠶᠠᠷ ᠲᠦᠮᠡ ᠭᠠᠷᠤᠶ ᠮᠥ ᠪᠡᠯᠴᠢᠭᠡᠷ ᠲᠤ ᠪᠣᠷᠲᠣᠭᠤᠷ ᠤᠷᠤᠭᠤᠯᠤᠭᠰᠠᠨ ᠪᠠᠶᠢᠨ᠎ᠠ︾ | ᠭᠡᠯᠡ᠃ | ᠡᠨᠡᠬᠦ ᠲᠥᠷᠥᠯ ᠵᠦᠶᠯ ᠨᠢ ᠲᠤᠬᠠᠶ ᠶᠢᠨ ᠭᠠᠵᠠᠷ ᠤᠨ ᠮᠠᠯᠴᠢᠨ ᠲᠠᠷᠢᠶᠠᠴᠢᠨ ᠢ ᠪᠤᠷᠳᠤᠭᠤᠷ ᠰᠠᠴᠤᠬᠤ᠂ | ᠮᠠᠰᠢᠨ ᠲᠥᠬᠦᠭᠡᠷᠦᠮᠵᠢ ᠶᠢ ᠠᠵᠢᠯᠯᠠᠭᠤᠯᠬᠤ ᠵᠡᠷᠭᠡ ᠠᠵᠢᠯ ᠳᠤ ᠣᠷᠣᠯᠴᠠᠭᠤᠯᠵᠤ᠂ ᠲᠡᠳᠡᠨ ᠢ ᠠᠮᠢ ᠠᠬᠤᠢ ᠶᠢᠨ | ᠰᠠᠶᠢᠵᠢᠷᠠᠯᠳᠠ ᠳᠤ ᠬᠦᠴᠦᠨ ᠨᠡᠮᠡᠷᠢᠯᠡᠬᠦ ᠶᠢ ᠵᠤᠷᠢᠭᠵᠢᠭᠤᠯᠤᠨ᠂ ᠬᠡᠷ ᠠᠴᠠ ᠪᠠᠨ ᠤᠶᠢᠷ᠎ᠠ ᠠᠵᠢᠯ ᠬᠢᠵᠦ ᠤᠷᠤᠯᠭ᠎ᠠ | ᠪᠠᠨ ᠨᠡᠮᠡᠭᠳᠡᠭᠦᠯᠬᠦ ᠶᠢ ᠪᠡᠶᠡᠯᠡᠭᠦᠯᠵᠡᠢ᠃ ᠮᠠᠯᠴᠢᠨ ᠪᠦᠬᠡᠴᠢᠯᠠᠭᠤ ᠬᠡᠯᠡᠬᠦ ᠳᠡᠭᠡᠨ᠄ ︽ᠪᠢ ᠠᠳᠡ ᠠᠵᠢᠯᠯᠠᠭᠠᠳ ᠬᠡᠰᠡᠭ | ᠬᠤᠭᠤᠴᠠᠭ᠎ᠠ ᠪᠤᠯᠵᠤ ᠪᠠᠶᠢᠨ᠎ᠠ᠃ ᠰᠠᠶᠢᠨ ᠠᠵᠢᠯᠯᠠᠪᠠᠯ ᠡᠳᠦᠷ ᠪᠦᠷᠢ ᠳᠤᠮᠳᠠᠴᠢ ᠪᠠᠷ 200 ᠠᠴᠠ 300 | ᠲᠥᠭᠦᠷᠢᠭ ᠤᠯᠳᠠᠭ︾ ᠭᠡᠵᠦ ᠪᠠᠶᠢᠯ᠎ᠠ᠃ | ᠠᠯᠲᠠᠲᠠᠢ ᠭᠠᠴᠠᠭᠠᠨ ᠤ ᠵᠤᠰᠠᠯᠠᠩ ᠤᠨ ᠬᠡᠰᠡᠭ ᠪᠡᠯᠴᠢᠭᠡᠷ ᠤᠨ ᠬᠥᠷᠥᠰᠥ ᠨᠢ ᠲᠠᠴᠢᠷ ᠨᠢᠮᠭᠡᠨ ᠪᠠᠶᠢᠳᠠᠯ ᠳᠤ | ᠴᠢᠭᠯᠡᠭᠦᠯᠦᠨ᠂ ᠲᠦᠷᠦᠯ ᠵᠦᠢᠯ ᠤᠨ ᠳᠤᠭᠤᠶᠢᠯᠠᠩ ᠤᠨ ᠬᠢᠨ ᠭᠤᠷᠪᠠᠨ ᠰᠠᠭᠤᠷᠢ ᠲᠣᠮᠣ ᠬᠡᠯᠪᠡᠷᠢ ᠶᠢᠨ ᠪᠣᠷᠳᠣᠭᠤᠷ | ᠰᠠᠴᠤᠬᠤ ᠮᠠᠰᠢᠨ ᠢᠶᠠᠷ ᠡᠳᠦᠷ ᠪᠦᠷᠢ 300 - 400 ᠮᠦ ᠭᠠᠵᠠᠷ ᠪᠡᠯᠴᠢᠭᠡᠷ ᠲᠤ ᠨᠤᠨᠳᠠᠬᠯᠠᠬᠰᠡᠨ ᠣᠷᠭᠠᠨᠢᠭ | ᠪᠣᠷᠳᠣᠭᠤᠷ ᠰᠠᠴᠤᠵᠤ ᠪᠤᠢ᠃ ᠲᠦᠰᠦᠪᠯᠡᠬᠦ ᠪᠠᠷ 6 ᠰᠠᠷ᠎ᠠ ᠶᠢᠨ ᠳᠤᠮᠳᠠᠴᠢ ᠠᠴᠠ 7 ᠰᠠᠷ᠎ᠠ ᠶᠢᠨ ᠡᠬᠢᠨ ᠪᠤᠯᠳᠠᠯᠠᠬᠢ | ᠪᠤᠷᠤᠭᠠᠨ ᠤ ᠬᠤᠭᠤᠴᠠᠭᠠᠨ ᠳᠤ ᠮᠥ ᠪᠦᠷᠢ ᠳᠤ 800 ᠺᠢᠯᠣᠭ᠍ᠷᠠᠮ ᠪᠣᠷᠲᠣᠭᠤᠷ ᠣᠷᠣᠭᠤᠯᠬᠤ ᠪᠤᠯᠤᠨ᠎ᠠ᠃ ᠡᠭᠦᠨ | ᠠᠴᠠ ᠭᠠᠳᠠᠨ᠎ᠠ᠂ ᠱᠠᠩᠳᠤ ᠪᠠᠯᠭᠠᠰᠤ᠂ ᠰᠠᠩ ᠤᠨ ᠲᠡᠯᠡᠶ ᠪᠠᠯᠭᠠᠰᠤ᠂ ᠰᠠᠶᠢᠨᠬᠤᠳᠳᠤᠭ ᠰᠤᠮᠤ ᠵᠢᠴᠢ ᠳᠠᠪᠦ ᠨᠢᠭᠡ | ᠮᠠᠯᠵᠢᠯ ᠤᠨ ᠲᠠᠯᠠᠪᠠᠶ ᠶᠢᠨ ᠬᠡᠰᠡᠭ ᠭᠠᠵᠠᠷ ᠲᠤ ᠪᠡᠯᠴᠢᠭᠡᠷ ᠤᠨ ᠲᠠᠯᠠᠪᠠᠶ ᠶᠢᠨ 22% ᠲᠤ ᠪᠣᠷᠲᠣᠭᠤᠷ ᠣᠷᠣᠭᠤᠯᠵᠤ᠂ | ᠨᠡᠶᠢᠲᠡ 49496 ᠮᠥ ᠪᠡᠯᠴᠢᠭᠡᠷ ᠲᠤ 3959.7 ᠲᠦᠮᠡᠨ ᠺᠢᠯᠣᠭ᠍ᠷᠠᠮ ᠪᠤᠷᠳᠤᠭᠤᠷ ᠤᠷᠤᠭᠤᠯᠬᠤ ᠪᠠᠷ ᠪᠠᠶᠢᠵᠦ᠂ | ᠬᠦᠷᠦᠰᠦᠨ ᠤ ᠰᠢᠮ᠎ᠡ ᠶᠢ ᠰᠠᠶᠢᠵᠢᠷᠠᠭᠤᠯᠤᠨ᠂ ᠤᠷᠭᠤᠮᠠᠯ ᠤᠨ ᠬᠤᠴᠢᠯᠭ᠎ᠠ ᠶᠢ ᠰᠡᠷᠭᠦᠭᠡᠬᠦ ᠳᠤ ᠠᠰᠢᠭᠲᠠᠶ ᠨᠥᠬᠦᠴᠡᠯ | ᠪᠦᠷᠢᠯᠳᠦᠭᠦᠯᠦᠨ ᠦᠭᠴᠦ ᠪᠤᠢ᠃ | ᠡᠭᠦᠨ ᠠᠴᠠ ᠭᠠᠳᠠᠨ᠎ᠠ᠂ 2025 ᠣᠨ ᠤ ᠰᠢᠯᠤᠭᠤᠨ ᠬᠥᠬᠡ ᠬᠤᠰᠢᠭᠤᠨ ᠤ ᠨᠢᠰᠬᠡᠯ ᠢᠶᠠᠷ ᠡᠪᠡᠰᠦ | ᠳᠠᠷᠢᠬᠤ ᠲᠥᠷᠥᠯ ᠵᠦᠶᠯ ᠮᠥᠨ ᠡᠷᠴᠢᠮ ᠲᠠᠢ ᠶᠠᠪᠤᠭᠳᠠᠵᠤ ᠪᠠᠶᠢᠯ᠎ᠠ᠃ ᠣᠳᠣᠬᠠᠨ ᠳᠤ ᠲᠠᠪᠤᠨ ᠰᠠᠭᠤᠷᠢ | ᠲᠥᠬᠦᠭᠡᠷᠦᠮᠵᠢ ᠶᠢ ᠠᠰᠢᠭᠯᠠᠯᠲᠠ ᠳᠤ ᠣᠷᠣᠭᠤᠯᠵᠤ᠂ ᠮᠠᠰᠢᠨ ᠪᠦᠷᠢ ᠡᠳᠦᠷ ᠲᠤ 1000 ᠮᠥ ᠳᠠᠯᠠᠪᠠᠢ ᠡᠪᠡᠰᠦ | ᠳᠠᠷᠢᠨ᠂ ᠮᠥ ᠪᠦᠷᠢ ᠳᠤ ᠭᠤᠷᠪᠠᠨ ᠵᠢᠩ ᠦᠷ᠎ᠡ ᠰᠠᠴᠤᠬᠤ ᠪᠠᠷ ᠲᠤᠬᠢᠷᠠᠭᠤᠯᠵᠠᠢ᠃ ᠠᠯᠲᠠᠲᠠᠶ ᠭᠠᠴᠠᠭ᠎ᠠ 3389 | ᠮᠥ ᠪᠡᠯᠴᠢᠭᠡᠷ ᠲᠤ ᠡᠪᠡᠰᠦ ᠳᠠᠷᠢᠬᠤ ᠠᠵᠢᠯ ᠢ ᠪᠡᠶᠡᠯᠡᠭᠦᠯᠬᠦ ᠪᠠᠷ ᠲᠥᠯᠥᠪᠯᠡᠵᠦ᠂ ᠵᠢᠯᠣᠭᠤᠴᠢ ᠥᠬᠡᠶ ᠨᠢᠰᠬᠡᠯ | ᠤᠳᠠᠭ᠎ᠠ ᠪᠦᠷᠢ ᠶᠡᠷᠡᠨ ᠮᠥ ᠳᠤ ᠳᠠᠷᠢᠵᠦ ᠴᠢᠳᠠᠨ᠎ᠠ᠃ ᠨᠢᠰᠬᠡᠯ ᠢᠶᠠᠷ ᠡᠪᠡᠰᠦ ᠲᠠᠷᠢᠬᠤ ᠠᠵᠢᠯ ᠢ 6 ᠰᠠᠷ᠎ᠠ ᠶᠢᠨ | ᠰᠢᠨᠡᠳ ᠠᠴᠠ 7 ᠰᠠᠷ᠎ᠠ ᠶᠢᠨ ᠰᠢᠨᠡᠳ ᠬᠦᠷᠲᠡᠯᠡᠬᠢ ᠪᠣᠷᠣᠭᠠᠨ ᠤ ᠤᠯᠠᠷᠢᠯ ᠳᠤ ᠳᠠᠭᠠᠷᠠᠭᠤᠯᠵᠤ᠂ ᠵᠢᠯᠣᠭᠤᠴᠢ ᠥᠬᠡᠶ | ᠨᠢᠰᠬᠡᠯ ᠰᠦᠯᠵᠢᠨ ᠨᠢᠰᠴᠦ ᠳᠠᠷᠢᠬᠤ ᠬᠡᠯᠪᠡᠷᠢ ᠪᠠᠷ ᠨᠢᠰᠬᠦ ᠴᠠᠭ ᠢ ᠠᠷᠪᠢᠯᠠᠵᠤ᠂ ᠠᠵᠢᠯ ᠤᠨ ᠶᠠᠰᠤ ᠴᠢᠨᠠᠷ ᠪᠠ ᠦᠷ᠎ᠡ | ᠪᠦᠲᠦᠮᠵᠢ ᠶᠢ ᠢᠯᠡᠳᠳᠡ ᠳᠡᠭᠡᠭᠰᠢᠯᠡᠭᠦᠯᠦᠨ᠂ ᠲᠠᠷᠢᠬᠤ ᠦᠷᠳᠡᠭ ᠢ ᠪᠠᠭᠤᠷᠠᠭᠤᠯᠤᠭᠰᠠᠨ ᠪᠠᠶᠢᠨ᠎ᠠ᠃ | ᠨᠢᠰᠬᠡᠯ ᠢᠶᠠᠷ ᠡᠪᠡᠰᠦ ᠳᠠᠷᠢᠬᠤ ᠨᠢ ᠤᠷᠭᠤᠮᠠᠯ ᠤᠨ ᠬᠤᠴᠢᠯᠭ᠎ᠠ ᠶᠢ ᠨᠡᠮᠡᠭᠳᠡᠭᠦᠯᠵᠦ᠂ ᠡᠯᠡᠰᠦᠷᠬᠡᠭ ᠭᠠᠵᠠᠷ ᠤᠨ | ᠦᠷᠬᠦᠯᠵᠢᠯᠡᠨ ᠦᠷᠭᠡᠵᠢᠬᠦ ᠶᠢ ᠪᠦᠲᠦᠮᠵᠢᠲᠡᠶ ᠬᠤᠷᠢᠭᠯᠠᠵᠤ ᠴᠢᠳᠠᠨ᠎ᠠ᠃ ᠮᠧᠩ ᠼᠤᠤ ᠠᠮᠢ ᠠᠬᠤᠶ ᠣᠷᠴᠢᠨ ᠠᠬᠤᠶ | ᠶᠢᠨ ᠪᠦᠯᠦᠭᠯᠡᠯ ᠤᠨ ᠬᠤᠪᠢ ᠣᠷᠣᠭᠤᠯᠤᠭᠰᠠᠨ ᠬᠢᠵᠠᠭᠠᠷᠲᠤ ᠺᠣᠮᠫᠠᠨᠢ ᠶᠢᠨ ᠬᠠᠷᠢᠭᠤᠴᠠᠯᠭᠠᠳᠠᠨ ᠲᠢᠶᠠᠨ ᠵᠢᠩ ᠢᠦᠢ | ᠬᠡᠯᠡᠬᠦ ᠳᠡᠭᠡᠨ᠄ ︽ᠪᠤᠲᠠᠯᠢᠭ ᠡᠪᠡᠰᠦᠨ ᠠᠴᠠ ᠮᠠᠩᠬᠠᠨ ᠤ ᠬᠠᠶᠢᠯᠠᠰᠤ᠂ ᠠᠯᠳᠠᠨ ᠬᠠᠷᠭᠠᠨ᠎ᠠ᠂ ᠲᠤᠷᠯᠤᠭ᠂ ᠮᠤᠷᠢᠨ | ᠬᠤᠨᠴᠢᠷ ᠵᠡᠷᠭᠡ ᠤᠷᠭᠤᠮᠠᠯ ᠤᠨ ᠦᠷ᠎ᠡ ᠶᠢ ᠰᠤᠩᠭᠤᠳᠠᠭ᠃ ᠡᠲᠡᠭᠡᠷ ᠨᠢ ᠦᠨᠳᠦᠰᠦᠨ ᠤ ᠰᠢᠰᠲ᠋ᠧᠮ ᠨᠢ | ᠬᠥᠭᠵᠢᠭᠰᠡᠨ᠂ ᠭᠠᠩ ᠬᠠᠭᠤᠷᠠᠢ ᠳᠤ ᠵᠣᠬᠢᠴᠠᠬᠤ ᠴᠢᠨᠠᠷ ᠢᠶᠠᠷ ᠴᠢᠩᠭ᠎ᠠ᠂ ᠡᠯᠡᠰᠦ ᠶᠢ ᠲᠣᠭᠲᠠᠪᠤᠷᠢᠵᠢᠭᠤᠯᠬᠤ ᠦᠷ᠎ᠡ | ᠪᠦᠲᠦᠮᠵᠢ ᠨᠢ ᠰᠠᠶᠢᠨ ᠪᠠᠶᠢᠳᠠᠭ᠃ ᠤᠷᠭᠤᠮᠠᠯ ᠤᠨ ᠦᠷ᠎ᠡ ᠶᠢ ᠰᠣᠩᠭᠤᠬᠤ᠂ ᠠᠷᠢᠭᠤᠳᠬᠠᠬᠤ ᠪᠠᠷ ᠳᠠᠮᠵᠢᠭᠤᠯᠤᠨ | ᠬᠤᠯᠤᠭᠠᠨ᠎ᠠ ᠰᠢᠪᠠᠭᠤ ᠵᠡᠷᠭᠡ ᠵᠢᠵᠢᠭ ᠠᠮᠢᠳᠠᠳ ᠳᠡᠭᠦᠬᠦ ᠠᠴᠠ ᠰᠡᠷᠭᠡᠶᠢᠯᠡᠬᠦ ᠠᠷᠭ᠎ᠠ ᠠᠪᠴᠠᠯ ᠠᠪᠴᠤ᠂ ᠳᠠᠷᠢᠬᠤ | ᠶᠠᠰᠤ ᠴᠢᠨᠠᠷ ᠢ ᠦᠨᠡᠨ ᠬᠦ ᠪᠠᠳᠤᠯᠠᠵᠤ ᠪᠤᠢ︾ ᠭᠡᠯᠡ᠃ | ᠰᠢᠯᠤᠭᠤᠨ ᠬᠦᠭᠡ ᠬᠤᠰᠢᠭᠤ ᠳ᠋ᠠᠩ ᠭᠠᠭᠴᠠ ᠬᠦᠮᠦᠨ ᠤ ᠬᠦᠴᠦᠨ ᠳᠤ ᠲᠦᠰᠢᠭᠯᠡᠭᠰᠡᠨ ᠤᠯᠠᠮᠵᠢᠯᠠᠯᠳᠤ | ᠡᠪᠡᠰᠦ ᠳᠠᠷᠢᠬᠤ ᠠᠷᠭ᠎ᠠ ᠶᠢ ᠦᠭᠡᠷᠡᠴᠢᠯᠡᠵᠦ᠂ ᠰᠢᠨᠵᠢᠯᠡᠬᠦ ᠤᠬᠠᠭᠠᠨ ᠮᠡᠷᠭᠡᠵᠢᠯ ᠢ ᠠᠰᠢᠭᠯᠠᠨ ᠠᠮᠢ ᠠᠬᠤᠢ ᠶᠢᠨ | ᠵᠠᠰᠠᠯᠲᠠ ᠶᠢᠨ ᠰᠢᠨ᠎ᠡ ᠬᠠᠭᠤᠳᠠᠰᠤ ᠶᠢ ᠪᠢᠴᠢᠭᠯᠡᠵᠦ ᠪᠤᠢ᠃ ᠥᠨᠥ ᠵᠢᠯ᠂ ᠥᠪᠥᠷ ᠮᠣᠩᠭᠤᠯ ᠾᠧᠪᠧᠢ ᠶᠢᠨ ᠵᠠᠭᠠᠭ | ᠲᠠᠬᠢ ᠬᠤᠯᠠᠨ ᠰᠢᠷᠭ᠎ᠠ ᠲᠠᠭ᠎ᠠ ᠶᠢᠨ ᠡᠯᠡᠰᠦᠷᠬᠡᠭ ᠭᠠᠵᠠᠷ ᠢ ᠶᠡᠷᠦᠩᠬᠡᠶᠢᠯᠡᠨ ᠵᠠᠰᠠᠬᠤ ᠲᠥᠷᠥᠯ ᠵᠦᠶᠯ ᠪᠠ ᠣᠢ | ᠰᠢᠭᠤᠶ ᠡᠪᠡᠰᠦ ᠪᠡᠯᠴᠢᠭᠡᠷ ᠨᠤᠭᠤ ᠭᠠᠵᠠᠷ ᠠᠲᠠᠷ ᠭᠠᠵᠠᠷ ᠢ ᠨᠢᠭᠡ ᠴᠣᠭᠴᠠᠵᠢᠭᠤᠯᠤᠨ ᠬᠠᠮᠠᠭᠠᠯᠠᠵᠤ ᠰᠡᠷᠭᠦᠭᠡᠬᠦ | ᠲᠥᠷᠥᠯ ᠵᠦᠶᠯ ᠳᠤ ᠲᠦᠰᠢᠭᠯᠡᠨ᠂ ᠰᠢᠯᠤᠭᠤᠨ ᠬᠦᠭᠡ ᠬᠤᠰᠢᠭᠤ ᠢᠨᠵᠧᠨᠧᠷᠢᠩ ᠢᠶᠠᠷ ᠡᠯᠡᠰᠦ ᠶᠢ | ᠲᠣᠭᠲᠠᠪᠤᠷᠢᠵᠢᠭᠤᠯᠬᠤ᠂ ᠬᠥᠮᠦᠨ ᠤ ᠬᠦᠴᠦ ᠪᠠᠷ ᠡᠪᠡᠰᠦ ᠲᠠᠷᠢᠬᠤ᠂ ᠨᠢᠰᠬᠡᠯ ᠢᠶᠠᠷ ᠡᠪᠡᠰᠦ ᠳᠠᠷᠢᠬᠤ᠂ ᠡᠯᠡᠰᠦ ᠶᠢ | ᠪᠢᠲᠡᠭᠦᠮᠵᠢᠯᠡᠨ ᠡᠪᠡᠰᠦ ᠳᠠᠷᠢᠬᠤ᠂ ᠨᠤᠲᠤᠭ ᠪᠡᠯᠴᠢᠭᠡᠷ ᠢ ᠵᠠᠰᠠᠨ ᠰᠡᠷᠭᠦᠭᠡᠬᠦ ᠵᠡᠷᠭᠡ ᠠᠷᠭ᠎ᠠ ᠠᠪᠴᠠᠯ ᠢ ᠬᠡᠷᠡᠭᠵᠢᠬᠦᠯᠵᠦ᠂ | 113.87 ᠲᠦᠮᠡᠨ ᠮᠥ ᠨᠤᠳᠤᠭ ᠪᠡᠯᠴᠢᠭᠡᠷ ᠢ ᠵᠠᠰᠠᠬᠤ ᠪᠠᠷ ᠲᠥᠯᠥᠪᠯᠡᠵᠦ᠂ ᠣᠳᠣᠬᠠᠨ ᠳᠤ ᠡᠯ᠎ᠡ ᠵᠦᠢᠯ ᠤᠨ | ᠠᠵᠢᠯ ᠢ ᠡᠮᠬᠢ ᠴᠡᠭᠴᠡ ᠲᠠᠢ ᠶᠠᠪᠤᠭᠳᠠᠭᠤᠯᠵᠤ ᠪᠤᠢ᠃ ᠳᠠᠷᠠᠭᠠᠴᠢ ᠶᠢᠨ ᠠᠯᠬᠤᠮ ᠳᠤ ᠰᠢᠯᠤᠭᠤᠨ ᠬᠥᠬᠡ ᠬᠤᠰᠢᠭᠤ | ︽ᠰᠢᠨᠵᠢᠯᠡᠬᠦ ᠤᠬᠠᠭᠠᠨᠴᠢ ᠪᠠᠷ ᠡᠯᠡᠰᠦ ᠶᠢ ᠵᠠᠰᠠᠵᠤ ᠶᠠᠰᠤ ᠴᠢᠨᠠᠷ ᠢ ᠲᠡᠷᠢᠭᠦᠨ ᠳᠤ ᠲᠠᠯᠪᠢᠬᠤ︾ ᠣᠶᠢᠯᠠᠭᠠᠭᠳᠠᠬᠤᠨ | ᠢ ᠦᠷᠬᠦᠯᠵᠢᠯᠡᠨ ᠪᠠᠷᠢᠮᠳᠠᠯᠠᠵᠤ᠂ ᠨᠠᠷᠢᠯᠢᠭ ᠣᠨᠣᠴᠠᠲᠠᠶ ᠪᠠᠷ ᠠᠷᠭ᠎ᠠ ᠪᠣᠳᠣᠯᠭ᠎ᠠ ᠭᠡᠷᠡᠭᠵᠢᠬᠦᠯᠦᠨ᠂ ᠨᠡᠶᠢᠳᠡᠮ ᠳᠤᠨᠢ | ᠵᠠᠰᠠᠬᠤ᠂ ᠵᠠᠰᠠᠭᠰᠠᠨ ᠦᠷ᠎ᠡ ᠪᠦᠲᠦᠮᠵᠢ ᠪᠠᠨ ᠪᠠᠬᠢᠵᠢᠭᠦᠯᠬᠦ ᠶᠢ ᠪᠠᠳᠤᠯᠠᠵᠤ᠂ ᠤᠮᠠᠷᠠᠲᠤ ᠬᠢᠯᠢ ᠶᠢᠨ ᠴᠢᠨᠠᠷ ᠰᠠᠶᠢᠲᠠᠶ | ᠬᠥᠭᠵᠢᠯᠲᠡ ᠳᠤ ︽ᠨᠤᠭᠤᠭᠠᠨ ᠦᠩᠭᠡ︾ ᠨᠡᠮᠡᠷᠢᠯᠡᠬᠦ ᠪᠠᠷ ᠴᠢᠷᠮᠠᠶᠢᠵᠦ ᠪᠤᠢ᠃ | |