ᠠᠶᠠᠯᠠᠯ  ᠤᠨ ᠳᠣᠷᠠᠰᠣᠮᠵᠢ
ᠨᠡᠶᠢᠲᠡᠯᠡᠭᠰᠡᠨ ᠴᠠᠭ᠄
2025/6/27
                    ᠬᠤᠷᠯᠠᠳ ᠰᠡᠴᠡᠨᠪᠢᠯᠢᠭ       ᠡᠨᠡ ᠵᠢᠯ ᠤᠨ ᠠᠶᠠᠯᠠᠯ ᠥᠯᠵᠡᠢ ᠲᠠᠢ᠂ ᠬᠡᠶᠢᠮᠣᠷᠢ ᠲᠠᠢ᠂ ᠥᠯᠡᠮᠵᠢ ᠲᠠᠩᠰᠤᠭ ᠶᠠᠪᠣᠭᠳᠠᠯ᠎ᠠ᠃ ᠵᠢᠷᠭᠤᠭᠠᠨ ᠰᠠᠷ᠎ᠠ ᠶᠢᠨ ᠬᠤᠷᠢᠨ ᠤ ᠵᠣᠨ ᠤ ᠲᠣᠩᠭᠠᠯᠠᠭ ᠡᠳᠣᠷ᠂ ᠠᠬᠠᠮᠠᠳ ᠺᠠᠳ᠋ᠷ ᠤᠨ ᠲᠣᠪᠴᠢᠶᠠᠨ ᠠᠴᠠ ᠠᠵᠢᠯ ᠠᠴᠠ ᠪᠠᠨ ᠠᠮᠠᠷᠠᠭᠰᠠᠨ ᠨᠥᠬᠦᠳ ᠢ ᠵᠣᠬᠢᠶᠠᠨ ᠪᠠᠶᠢᠭᠤᠯᠵᠣ ᠨᠢᠭᠡ ᠡᠳᠣᠷ ᠤᠨ ᠲᠣᠭᠤᠷᠢᠨ ᠦᠵᠡᠬᠦ ᠳᠤᠰᠬᠠᠢ ᠠᠵᠢᠯᠯᠠᠭ᠎ᠠ ᠥᠷᠨᠢᠭᠦᠯᠣᠭ᠍ᠰᠡᠨ ᠪᠢᠯᠡ᠃     ᠠᠬᠠᠮᠠᠳ ᠺᠠᠳ᠋ᠷ ᠤᠨ ᠳᠣᠪᠴᠢᠶᠠᠨ ᠠᠴᠠ ᠠᠵᠢᠯ ᠢᠶᠠᠨ ᠨᠢᠮᠪᠠᠢ ᠵᠤᠬᠢᠶᠠᠨ ᠪᠠᠶᠢᠭᠤᠯᠵᠤ᠂ ᠠᠭᠰᠢᠷᠠᠭ᠎ᠠ ᠨᠠᠰᠣᠳᠠᠢ ᠬᠥᠮᠣᠰ ᠤᠨ ᠠᠮᠣᠷ ᠲᠦᠪᠰᠢᠨ ᠢ ᠬᠠᠮᠠᠭᠠᠯᠠᠬᠤ ᠶᠢᠨ ᠲᠥᠯᠣᠭᠡ ᠠᠷᠠᠳ ᠤᠨ ᠡᠮᠨᠡᠯᠭᠡ ᠶᠢᠨ ᠬᠤᠷᠢᠶᠡᠨ ᠠᠴᠠ ᠡᠮᠴᠢ ᠳᠣᠮᠴᠢ ᠳᠣᠬᠢᠷᠠᠭᠤᠯᠣᠨ᠂ ᠡᠷᠡᠭᠦᠯ ᠮᠡᠨᠳᠣ᠂ ᠡᠩᠬᠡ ᠠᠮᠣᠭᠤᠯᠠᠩ ᠢ ᠪᠠᠳᠣᠯᠠᠬᠤ ᠠᠵᠢᠯ ᠢ ᠡᠷᠴᠢᠮᠳᠠᠢ ᠰᠠᠶᠢᠨ ᠬᠢᠭᠰᠡᠨ ᠪᠠᠶᠢᠯ᠎ᠠ᠃ ᠪᠢᠳᠠ ᠲᠠᠤᠯᠠᠢ ᠴᠠᠭ ᠢ ᠰᠣᠩᠭᠤᠵᠣ ᠳᠣᠬᠠᠢ ᠶᠢᠨ ᠡᠳᠣᠷ ᠤᠨ ᠠᠶᠠᠯᠠᠯ ᠤᠨ ᠵᠠᠮ ᠢᠶᠠᠨ ᠡᠯᠭᠦᠭᠰᠡᠨ᠃ ᠪᠢᠳᠡᠨ ᠤ ᠰᠠᠭᠤᠭᠰᠠᠨ ᠮᠠᠰᠢᠨ ᠲᠡᠷᠭᠡ ᠮᠠᠨᠢ ᠳᠠᠷᠳᠠᠩ ᠵᠠᠮ ᠢᠶᠠᠷ ᠬᠤᠷᠳᠣᠯᠠᠨ᠂ ᠳᠠᠪᠠᠭ᠎ᠠ ᠬᠥᠳᠣᠯ ᠢ ᠳᠠᠮᠵᠢᠨ᠂ ᠱᠠᠩᠳᠦ ᠶᠢᠨ ᠰᠢᠷ᠎ᠠ ᠲᠠᠯ᠎ᠠ ᠶᠢ ᠲᠤᠭᠤᠯᠤᠨ᠂ ᠬᠤᠯᠠᠨ ᠰᠢᠷᠭ᠎ᠠ ᠶᠢᠨ ᠡᠯᠡᠰᠣᠨ ᠨᠣᠳᠤᠭ ᠢ ᠴᠢᠭᠯᠡᠬᠦ ᠳᠡᠭᠡᠨ ᠦᠬᠡᠷᠴᠢᠨ ᠣᠪᠣᠭ᠎ᠠ ᠰᠢᠭᠤᠢ ᠶᠢᠨ ᠲᠠᠯᠠᠪᠠᠢ ᠶᠢᠨ ᠥᠨᠢᠷ ᠲᠠᠩᠰᠤᠭ ᠥᠩᠭᠡ ᠦᠵᠡᠮᠵᠢ ᠶᠢ ᠰᠣᠨᠢᠷᠬᠠᠨ᠂ ᠪᠠᠰᠠ ᠴᠢᠨᠠᠭᠰᠢ ᠪᠠᠨ ᠠᠶᠠᠯᠠᠵᠣ ᠪᠠᠭ᠎ᠠ ᠵᠢᠭᠠᠰᠣᠳᠠᠢ ᠬᠦᠷᠣᠭ᠍ᠰᠡᠨ ᠶᠣᠮ᠃     ᠪᠠᠭ᠎ᠠ ᠵᠢᠭᠠᠰᠣᠳᠠᠢ ᠭᠡᠳᠡᠭ ᠪᠠᠭ᠋ᠠᠷᠣᠮ᠎ᠡ ᠰᠠᠶᠢᠬᠠᠨ ᠭᠠᠵᠠᠷ᠂ ᠪᠠᠶᠢᠭᠠᠯᠢ ᠶᠢᠨ ᠦᠡᠭᠭᠡ ᠪᠦᠷᠢᠳᠦᠭᠰᠡᠨ ᠪᠠᠶᠠᠨ ᠬᠠᠩᠭᠠᠢ ᠶᠢᠨ ᠭᠠᠶᠢᠬᠠᠮᠰᠢᠭ᠂ ᠦᠭᠭᠢᠶᠡᠮᠦᠷ ᠬᠤᠷ᠎ᠠ ᠶᠢᠨ ᠰᠢᠮ᠎ᠡ ᠪᠠᠷ ᠡᠪᠡᠰᠣ ᠨᠣᠭᠤᠭ᠎ᠠ ᠨᠢ ᠬᠠᠯᠢᠭᠤᠷᠠᠨ᠂ ᠵᠥᠯᠭᠡ ᠨᠣᠭᠤᠭᠠᠨ ᠳᠡᠨᠵᠢᠨ ᠳᠤᠨᠢ ᠵᠦᠢᠯ ᠤᠨ ᠴᠡᠴᠡᠭ ᠮᠢᠷᠡᠯᠵᠠᠨ᠂ ᠴᠡᠭᠴᠡᠤᠬᠡᠢ ᠭᠤᠷᠭᠤᠯᠳᠠᠢ ᠵᠢᠷᠭᠢᠨ ᠳᠣᠩᠭᠤᠳᠴᠣ᠂ ᠴᠢᠬᠢᠨ ᠰᠣᠨᠣᠷ ᠢ ᠮᠢᠯᠢᠶᠠᠭᠠᠳ᠂ ᠠᠭᠠᠷ ᠤᠨ ᠴᠡᠩᠬᠡᠷ ᠰᠠᠯᠬᠢ ᠠᠴᠠ ᠨᠢ ᠠᠭᠢ ᠶᠢᠨ ᠦᠨᠣᠷ ᠬᠠᠩᠬᠤᠯᠵᠣ᠂ ᠠᠯᠳᠠᠨ ᠰᠢᠷᠭᠠᠯ ᠨᠠᠷᠠᠨ ᠠᠴᠠ ᠨᠢ ᠠᠮᠢᠵᠢᠷᠠᠯ ᠤᠨ ᠢᠯᠴᠢ ᠢᠪᠡᠭᠡᠭᠰᠡᠨ᠂ ᠴᠡᠭᠡᠵᠢᠨ ᠠᠴᠠ ᠬᠡᠵᠢᠶᠡᠳᠡ ᠭᠠᠷᠳᠠᠭ ᠦᠭᠡᠢ᠂ ᠵᠢᠷᠣᠬᠡᠨ ᠳᠤ ᠬᠡᠵᠢᠶᠡᠳᠡ ᠣᠶᠠᠭᠠᠳᠠᠢ ᠵᠦᠢ ᠲᠠᠢ ᠰᠠᠶᠢᠬᠠᠨ ᠨᠣᠳᠤᠭ ᠪᠢᠯᠡ᠃     ᠵᠢᠭᠠᠰᠣᠳᠠᠢ ᠨᠠᠭᠤᠷ ᠭᠡᠳᠡᠭ ᠨᠢ ᠴᠡᠯᠮᠡᠭ ᠲᠡᠭᠷᠢ ᠪᠠᠷ ᠥᠩᠭᠡ ᠪᠠᠨ ᠰᠦᠯᠡᠵᠣ᠂ ᠴᠡᠭᠡᠯ ᠳᠤᠨᠢ ᠵᠢᠭᠠᠰᠣ ᠥᠷᠳᠡᠭᠡᠯᠡᠨ ᠨᠠᠭᠠᠳᠣᠳᠠᠭ ᠪᠣᠯᠬᠤᠷ ᠡᠷᠳᠡᠨ ᠠᠴᠠ ᠪᠠᠨ ︽ᠵᠢᠭᠠᠰᠣᠳᠠᠢ︾ ᠬᠡᠮᠡᠨ ᠨᠡᠷ᠎ᠡ ᠠᠯᠳᠠᠷᠰᠢᠭᠰᠠᠨ ᠭᠡᠳᠡᠭ᠃ ᠵᠢᠭᠠᠰᠣᠳᠠᠢ ᠨᠠᠭᠤᠷ ᠤᠨ ᠤᠰᠣ ᠨᠢ ᠮᠢᠷᠠᠯᠵᠠᠭᠰᠠᠨ ᠳᠣᠯᠬᠢᠶᠠᠨ ᠢᠶᠠᠷ ᠳᠠᠪᠠᠯᠭᠠᠯᠠᠵᠣ᠂ ᠵᠢᠭᠳᠡᠷᠡᠨ ᠣᠷᠭᠤᠭᠰᠠᠨ ᠵᠡᠭᠡᠰᠣ ᠬᠤᠯᠣᠰᠣ ᠰᠠᠯᠬᠢᠨ ᠤ ᠠᠶᠠᠰ ᠢᠶᠠᠷ ᠨᠠᠶᠢᠭᠤᠨ᠂ ᠦᠯᠢᠶᠡᠵᠣ ᠪᠠᠶᠢᠭ᠎ᠠ ᠰᠠᠯᠬᠢ ᠨᠢ ᠦᠨᠣᠰᠣᠭᠡᠳ ᠪᠠᠶᠢᠭ᠎ᠠ ᠴᠣ᠋ ᠶᠣᠮ ᠰᠢᠭ᠂ ᠦᠵᠡᠰᠭᠦᠯᠡᠩ ᠲᠠᠩᠰᠤᠭ ᠪᠦᠬᠦᠨ ᠨᠢ ᠵᠢᠷᠤᠭ ᠰᠢᠭ᠋ ᠡᠮᠣᠨ᠎ᠡ ᠳᠡᠯᠭᠡᠭᠳᠡᠨ᠂ ᠪᠠᠭ᠋ᠠᠷᠣᠮ᠎ᠡ ᠰᠠᠶᠢᠬᠠᠨ ᠦᠵᠡᠮᠵᠢ ᠬᠠᠷᠠᠭᠠᠨ ᠤ ᠦᠵᠥᠭᠦᠷ ᠮᠢᠷᠠᠯᠵᠠᠵᠤ᠂ ᠪᠠᠭ᠎ᠠ ᠶᠢᠨ ᠦᠶ᠎ᠡ ᠶᠢᠨ ᠳᠣᠷᠠᠰᠣᠮᠵᠢ ᠪᠣᠳᠣᠯ ᠤᠨ ᠳᠣᠳᠣᠷ᠎ᠠ ᠲᠣᠳᠣᠷᠠᠯ᠎ᠠ᠃ ᠪᠢ ᠴᠣ᠋ ᠬᠤᠯᠠᠨ ᠰᠢᠷᠭ᠎ᠠ ᠶᠢᠨ ᠮᠠᠩᠬᠠᠨ ᠨᠣᠳᠤᠭ ᠲᠤ ᠲᠥᠷᠣᠭ᠍ᠰᠡᠨ ᠶᠣᠮ ᠪᠣᠯᠬᠤᠷ ᠬᠥᠮᠣᠨ ᠪᠣᠯᠵᠣ ᠲᠥᠷᠣᠬᠦ ᠳᠡᠭᠡᠨ ᠡᠨᠡ ᠨᠣᠳᠤᠭ ᠤᠨ ᠴᠡᠪᠡᠷ ᠠᠭᠠᠷ ᠢ ᠠᠮᠢᠰᠬᠤᠯᠯᠠᠭᠰᠠᠨ᠂ ᠬᠥᠯ ᠳᠤ ᠣᠷᠣᠬᠤ ᠳᠠᠭᠠᠨ ᠡᠨᠡ ᠨᠣᠳᠤᠭ ᠤᠨ ᠬᠥᠷᠣᠰᠣᠨ ᠳᠡᠭᠡᠷ᠎ᠡ ᠨᠢ ᠣᠯᠠᠯᠠᠭᠰᠠᠨ᠂ ᠬᠡᠣᠬᠡᠳ ᠪᠠᠶᠢᠬᠤ ᠳᠠᠭᠠᠨ ᠡᠨᠡ ᠨᠣᠳᠤᠭ  ᠤᠨ ᠴᠡᠴᠡᠭᠡᠨ ᠳᠣᠮᠳᠠ ᠨᠢ ᠨᠠᠭᠠᠳᠣᠭᠰᠠᠨ᠂ ᠬᠦᠰᠡᠯ ᠤᠨ ᠵᠢᠯᠣᠭᠤ ᠶᠢ ᠡᠨᠡ ᠨᠣᠳᠤᠭ ᠤᠨ ᠬᠥᠯᠦᠭ ᠤᠨ ᠨᠢᠷᠣᠭᠤᠨ ᠳᠡᠭᠡᠷ᠎ᠡ ᠰᠤᠩᠭᠠᠭᠰᠠᠨ᠃ ᠨᠠᠷᠠᠨ ᠤ ᠬᠢᠨᠢ ᠭᠡᠷᠡᠯ ᠢᠶᠠᠷ ᠨᠢ ᠢᠪᠡᠭᠡᠭᠳᠡᠨ ᠪᠣᠶᠢᠵᠢᠭᠰᠠᠨ᠂ ᠰᠠᠷᠠᠨ ᠤ ᠬᠢᠨᠢ ᠲᠣᠶᠠᠭᠠᠨ ᠳᠣᠣᠷ᠎ᠠ ᠲᠣᠷᠨᠢᠩᠬᠠᠨ ᠥᠰᠦᠭᠰᠡᠨ᠂ ᠣᠳᠣᠳ ᠤᠨ ᠬᠢᠨᠢ ᠳᠣᠣᠷ᠎ᠡ ᠲᠣᠭᠯᠠᠩᠬᠠᠨ ᠨᠠᠭᠠᠳᠣᠭᠰᠠᠨ᠂ ᠮᠣᠳᠣᠳ ᠤᠨ ᠬᠢᠨᠢ ᠳᠣᠮᠳᠠ ᠳᠠᠭᠤᠯᠠᠩᠬᠠᠨ ᠶᠠᠪᠣᠭᠰᠠᠨ ᠭᠠᠵᠠᠷ ᠶᠣᠮ ᠰᠠᠨ᠃ ᠪᠢᠳᠡ ᠰᠡᠷᠢᠭᠦᠨ ᠴᠡᠩᠬᠡᠷ ᠠᠭᠠᠷ ᠢ ᠨᠢ ᠴᠡᠬᠡᠵᠢ ᠳᠦᠭᠦᠷᠡᠩ ᠠᠮᠢᠰᠬᠤᠯᠯᠠᠵᠤ᠂ ᠰᠡᠷᠡᠮᠡᠭᠦᠨ ᠬᠠᠩᠭᠠᠢ ᠨᠣᠳᠤᠭ ᠤᠨ ᠦᠵᠡᠮᠵᠢ ᠶᠢ ᠰᠡᠳᠬᠢᠯ ᠪᠠᠭ᠋ᠠᠳᠤᠨ ᠵᠣᠷᠴᠢᠯ᠎ᠠ᠃     ᠠᠷᠪᠠᠨ ᠴᠠᠭ ᠤᠨ ᠦᠶ᠎ᠡ  ᠪᠠᠷ ᠠᠩᠬᠠᠳᠣᠭᠠᠷ ᠵᠣᠭᠰᠣᠯᠳᠠ ᠠᠴᠠ ᠪᠠᠨ ᠰᠠᠯᠵᠣ᠂ ᠬᠤᠯᠠᠨ ᠰᠢᠷᠭ᠎ᠠ ᠶᠢᠨ ᠡᠯᠡᠰᠣᠨ ᠨᠣᠳᠤᠭ ᠢᠶᠠᠷ ᠬᠤᠶᠢᠰᠢ ᠭᠠᠷᠣᠨ ᠵᠠᠮ ᠢᠶᠠᠨ ᠡᠯᠭᠦᠵᠣ᠂ ᠬᠤᠭᠤᠯᠠᠳᠣ ᠶᠢᠨ ᠨᠠᠭᠤᠷ ᠤᠨ ᠡᠮᠣᠨ᠎ᠡ ᠵᠠᠬ᠎ᠠ ᠪᠠᠷ ᠬᠡᠷᠡᠮᠳᠣ ᠶᠢᠨ ᠲᠠᠯ᠎ᠠ ᠶᠢᠨ ᠳᠤᠮᠳᠠᠭᠤᠷ ᠥᠩᠭᠡᠷᠡᠵᠣ ᠬᠡᠳᠣᠨ ᠭᠥᠳᠣᠯ ᠮᠣᠰᠭᠢᠭ᠎ᠠ ᠵᠠᠮ ᠢ ᠳᠣᠭᠤᠯᠵᠣ᠂ ᠡᠷᠳᠡᠨᠢᠳᠠᠯᠠᠢ ᠭᠠᠴᠠᠭᠠᠨ ᠤ ᠨᠣᠳᠤᠭ᠂ ᠡᠯᠡᠰᠣ ᠶᠢ ᠵᠠᠰᠠᠭᠰᠠᠨ ᠵᠢᠱᠢᠶ᠎ᠡ ᠦᠵᠡᠭᠦᠯᠬᠦ‍ ᠴᠢᠭ ᠲᠤ ᠬᠦᠷᠣᠯ᠎ᠡ᠃ ᠡᠨᠡ ᠭᠠᠵᠠᠷ ᠪᠣᠯ ᠬᠤᠯᠠᠨ ᠰᠢᠷᠭ᠎ᠠ ᠶᠢᠨ ᠡᠯᠡᠰᠣ ᠶᠢ ᠬᠤᠪᠢᠷᠠᠭᠤᠯᠵᠣ ᠥᠭᠡᠷᠡᠴᠢᠯᠡᠬᠦ ᠰᠢᠢᠳᠪᠦᠷᠢᠳᠣ ᠳᠠᠶᠢᠯᠠᠯᠳᠣᠭᠠᠨ ᠤ ᠡᠬᠢᠯᠡᠯᠳ᠋ᠨ ᠶᠢᠨ ᠴᠢᠭ ᠪᠢᠯᠡ᠃    ᠣᠢ ᠰᠢᠭᠤᠢ ᠶᠢᠨ ᠳᠣᠪᠴᠢᠶᠠᠨ ᠤ ᠵᠠᠯᠠᠭᠤ ᠪᠦᠰᠡᠭᠦᠢ ᠳᠠᠷᠤᠭ᠎ᠠ ᠠᠴᠠ ᠡᠯᠡᠰᠣ ᠶᠢ ᠥᠭᠡᠷᠡᠴᠢᠯᠡᠵᠣ᠂ ᠮᠠᠩᠬ᠎ᠠ ᠶᠢ ᠨᠣᠭᠤᠭᠠᠷᠠᠭᠤᠯᠬᠤ ᠠᠵᠢᠯ ᠢ ᠡᠷᠴᠢᠮᠳᠠᠢ ᠠᠳᠬᠤᠵᠣ ᠪᠥᠳᠦᠮᠵᠢᠳᠠᠢ ᠶᠠᠪᠣᠭᠳᠠᠭᠤᠯᠵᠣ ᠪᠠᠶᠢᠭ᠎ᠠ ᠪᠠᠶᠢᠳᠠᠯ ᠵᠢᠴᠢ ᠣᠶᠢᠷ᠎ᠠ ᠶᠢᠨ ᠳᠥᠰᠣᠪ᠂ ᠠᠯᠣᠰ ᠤᠨ ᠬᠠᠷᠠᠯᠳᠠ ᠶᠢᠨ ᠳᠣᠬᠠᠢ ᠣᠢ ᠪᠢᠯᠢᠭ ᠲᠤ ᠰᠠᠭᠤᠭᠳᠠᠳᠠᠯ᠎ᠠ ᠤᠶᠢᠯᠠᠭᠠᠮᠵᠢᠳᠠᠢ ᠲᠣᠳᠣᠷᠬᠠᠢ ᠲᠠᠨᠢᠯᠴᠠᠭᠤᠯᠤᠯ᠎ᠠ᠃ ᠬᠤᠵᠢᠬᠢᠷ ᠡᠯᠡᠰᠣ ᠶᠢ ᠥᠭᠡᠷᠡᠴᠢᠯᠡᠵᠣ ᠵᠠᠰᠠᠭᠰᠠᠨ ᠦᠷ᠎ᠡ ᠪᠥᠳᠦᠮᠵᠢᠳᠠᠢ ᠨᠢ ᠢᠯᠡᠷᠬᠡᠢ᠂ ᠬᠤᠪᠢᠷᠠᠵᠣ ᠨᠣᠭᠤᠭᠠᠷᠠᠭᠰᠠᠨ ᠡᠯᠡᠰᠣ ᠮᠠᠩᠬ᠎ᠠ ᠨᠢᠳᠣᠨ ᠡᠮᠣᠨ᠎ᠡ ᠳᠣᠳᠣᠷᠬᠠᠢ᠂ ᠠᠷᠠᠳ ᠤᠨ ᠵᠠᠰᠠᠭ ᠤᠨ ᠰᠢᠢᠳᠪᠦᠷᠢᠳᠣ ᠪᠣᠳᠣᠯᠭ᠎ᠠ ᠦᠷ᠎ᠡ ᠪᠦᠳᠣᠭᠡᠯ ᠥᠨᠳᠣᠷ᠂ ᠠᠯᠣᠰ ᠤᠨ ᠪᠣᠳᠣᠯᠭ᠎ᠠ ᠣᠶᠢᠷ᠎ᠠ ᠶᠢᠨ ᠳᠥᠰᠣᠪ ᠬᠥᠮᠦᠰ ᠤᠨ ᠰᠡᠳᠬᠢᠯ ᠢ ᠵᠣᠷᠢᠭᠵᠢᠭᠤᠯᠣᠨᠠᠮ︕    ᠠᠷᠪᠠᠨ ᠨᠢᠭᠡᠨ ᠴᠠᠭ ᠤᠨ ᠦᠶᠡᠰ ᠢᠶᠠᠷ ᠠᠬᠢᠭᠠᠳ ᠪᠠᠰᠠ ᠴᠢᠨᠠᠭᠰᠢ ᠵᠠᠮᠨᠠᠵᠣ᠂ ᠨᠠᠷᠢᠨ ᠭᠤᠣᠯ ᠤᠨ ᠬᠥᠪᠡᠭᠡ ᠶᠢ  ᠲᠠᠭᠠᠨ ᠶᠠᠭ ᠯᠡ ᠣᠷᠣᠭᠰᠢ ᠴᠢᠭᠯᠡᠨ ᠵᠣᠷᠢᠵᠣ᠂ ᠵᠣᠭᠠᠴᠠᠯ ᠰᠣᠶᠣᠯ ᠤᠨ ᠭᠡᠭᠡᠨ ᠴᠢᠭ᠂ ᠵᠥᠴᠥᠭᠡ ᠺᠢᠨᠣ᠋ ᠶᠢᠨ ᠲᠣᠭᠯᠠᠯᠳᠠ ᠶᠢᠨ ᠬᠤᠳ᠋ᠨ ᠵᠦᠭ ᠵᠠᠮᠨᠠᠯ᠎ᠠ᠃     ᠡᠭᠡᠷᠡᠮ᠎ᠡ ᠨᠣᠭᠤᠭᠠᠨ ᠲᠠᠯ᠎ᠠ ᠳᠤ ᠡᠷᠳᠡᠨ ᠤ ᠬᠤᠳᠠ ᠰᠦᠡᠳᠡᠷᠯᠡᠭᠡᠳ᠂ ᠡᠭᠡᠯᠢᠳᠣ ᠨᠠᠷᠠᠨ ᠤ ᠭᠡᠷᠡᠯ ᠳᠤ ᠳᠡᠭᠡᠪᠦᠷ ᠨᠠᠯᠠᠶᠢᠨ ᠭᠡᠷᠡᠯᠳᠦᠭᠡᠳ᠂ ᠬᠤᠶᠢᠳᠣ ᠣᠷᠢᠳᠣ ᠲᠠᠯ᠎ᠠ ᠪᠠᠷ ᠨᠢ ᠬᠤᠳᠠ ᠶᠢᠨ ᠬᠡᠷᠡᠮ ᠰᠦᠨᠳᠡᠷᠯᠡᠭᠡᠳ᠂ ᠬᠤᠳᠠᠨ ᠳᠣᠳᠣᠷᠡᠬᠢ ᠪᠦᠳᠦᠴᠡ ᠡᠷᠳᠡᠨ ᠤ ᠪᠠᠶᠢᠳᠠᠯ ᠢ ᠢᠯᠡᠷᠡᠭᠦᠯᠪᠡ᠃ ᠬᠠᠭᠠᠨ ᠤ ᠣᠷᠳᠣ᠂ ᠬᠠᠳᠣᠳ ᠤᠨ ᠥᠷᠭᠦᠭᠡ ᠬᠠᠶᠠᠭ᠎ᠠ ᠳᠡᠷᠡᠯᠡᠨ ᠪᠠᠶᠢᠷᠢᠰᠢᠭᠠᠳ᠂ ᠬᠠᠷᠠᠴᠣ ᠠᠯᠪᠠᠳᠣ ᠶᠢᠨ ᠣᠷᠣᠨ ᠰᠠᠭᠤᠴᠠ ᠬᠠᠶᠠᠭ᠎ᠠ ᠵᠠᠬ᠎ᠠ ᠪᠠᠷ ᠬᠠᠷᠠᠭᠳᠠᠪᠠᠢ᠃ ᠳᠠᠳᠠᠪᠦᠷᠢ ᠰᠢᠪᠡᠭᠴᠢ ᠶᠢᠨ ᠭᠡᠷ ᠥᠷᠭᠦᠭᠡ ᠳᠠᠷᠠᠭ᠎ᠠ ᠳᠠᠷᠠᠭᠠᠯᠠᠨ ᠪᠠᠶᠢᠷᠢᠯᠡᠵᠣ᠂ ᠳᠠᠭᠠᠯᠳᠠ ᠳᠦᠰᠢᠮᠡᠳ ᠤᠨ ᠭᠡᠷ ᠲᠡᠭᠦᠨ ᠤ ᠴᠠᠭᠠᠳᠠᠢ ᠳᠣᠬᠢᠷᠠᠪᠠᠢ᠃ ᠰᠢᠷ ᠪᠣᠳᠤᠭ ᠤᠨ ᠥᠩᠭᠡ ᠰᠢᠵᠢᠷ ᠨᠡᠷᠡᠨ  ᠳᠤ ᠭᠢᠯᠳᠣᠩᠨᠠᠭᠠᠳ᠂ ᠰᠢ ᠵᠥᠴᠥᠭᠡ ᠶᠢᠨ ᠲᠢᠶᠠᠲᠷ ᠪᠠᠷᠠᠭᠤᠨ ᠵᠠᠬ᠎ᠠ ᠳᠤᠷ ᠪᠠᠶᠢᠷᠢᠰᠢᠪᠠᠢ᠃ ᠡᠨᠡᠬᠦ ᠠᠭᠤᠯᠠ ᠳᠦᠰᠢᠵᠣ ᠣᠰᠣ ᠢᠰᠭᠦᠯᠣᠨ ᠪᠠᠶᠢᠷᠢᠰᠢᠭᠰᠠᠨ ᠠᠭᠤᠵᠢᠮ ᠰᠠᠷᠠᠭᠤᠯ ᠬᠤᠳᠠ᠂ ᠦᠵᠡᠮᠵᠢ ᠰᠦᠷᠯᠢᠭ᠂ ᠥᠩᠭᠡ ᠲᠠᠩᠰᠤᠭ᠂ ᠦᠨᠡᠬᠡᠷ ᠴᠣ᠋ ᠭᠤᠶᠣᠮᠰᠤᠭ ᠪᠠᠶᠢᠯ᠎ᠠ᠃ ᠰᠣᠨᠣᠰᠬᠤ ᠳᠤ ᠬᠤᠪᠢᠯᠠᠢ ᠬᠠᠭᠠᠨ ᠤ ᠲᠣᠮᠣ ᠵᠥᠴᠥᠭᠡ ᠶᠢ ᠠᠳᠡ ᠵᠢᠷᠣᠭᠯᠠᠭᠰᠠᠨ ᠠᠴᠠ ᠭᠠᠳᠠᠨ᠎ᠠ ᠪᠠᠰᠠ ᠬᠤᠶᠠᠷ ᠭᠤᠷᠪᠠᠨ ᠺᠢᠨᠣ᠋ ᠵᠥᠴᠥᠭᠡ ᠵᠢᠷᠣᠭᠯᠠᠵᠣ ᠦᠢᠯᠡᠳᠦᠭᠰᠡᠨ ᠰᠣᠷᠠᠭ ᠲᠠᠢ᠃ ᠦᠳᠡ ᠶᠢᠨ ᠭᠤᠣᠯ ᠥᠩᠭᠡᠷᠡᠭᠡᠳ ᠦᠵᠡᠭᠦᠯᠭᠡ ᠶᠢᠨ ᠭᠠᠵᠠᠷ ᠠᠴᠠ ᠪᠠᠨ ᠮᠣᠷᠳᠡᠵᠣ᠂ ᠰᠢᠯᠣᠭᠤᠨ ᠬᠥᠬᠡ ᠳᠡᠭᠡᠨ ᠬᠦᠷᠬᠦ ᠰᠢᠭᠤᠳ ᠵᠠᠮ ᠢᠶᠠᠨ ᠡᠯᠭᠦᠯ᠎ᠡ᠂ ᠨᠠᠮᠵᠢᠭᠤᠨ ᠵᠥᠭᠡᠯᠡᠨ ᠬᠤᠷᠳᠣᠴᠠ ᠨᠠᠮᠢᠷᠠᠭ᠎ᠠ ᠵᠥᠭᠡᠯᠡᠨ ᠪᠦᠪᠠᠢ ᠶᠢᠨ ᠳᠣᠮᠳᠠ ᠪᠠᠰᠠ ᠲᠦᠷ ᠳᠣᠭᠵᠢᠷᠠᠭᠠᠳ ᠠᠪᠣᠯ᠎ᠠ᠂ ᠲᠠᠯ᠎ᠠ ᠬᠥᠨᠳᠡᠢ ᠶᠢ ᠳᠠᠮᠵᠢᠭᠰᠠᠭᠠᠷ ︽ᠲᠠᠪᠦ‍ ᠨᠢᠭᠡ︾ ᠲᠠᠯᠠᠪᠠᠢ ᠳᠤ ᠬᠦᠷᠣᠯ᠎ᠠ᠃ ᠬᠠᠩ ᠣᠪᠣᠭ ᠲᠠᠢ ᠳᠠᠷᠤᠭ᠎ᠠ ᠬᠠᠯᠠᠭᠤᠨ ᠭᠠᠷ ᠢᠶᠠᠨ ᠰᠤᠩᠭᠠᠯ᠎ᠠ᠂ ᠬᠠᠮᠳᠣ ᠶᠠᠪᠣᠭᠰᠠᠳ ᠪᠢᠳᠡᠨ ᠢ ᠬᠠᠯᠠᠭᠤᠨ ᠳᠣᠳᠣᠨᠣᠰᠤᠭ ᠣᠭᠳᠣᠭᠰᠠᠨ᠃ ᠦᠳᠡ ᠶᠢᠨ ᠴᠡᠪ ᠢᠶᠠᠨ ᠪᠠᠷᠢᠭᠠᠳ᠂ ᠦᠵᠡᠭᠰᠡᠨ ᠰᠣᠨᠣᠰᠣᠭᠰᠠᠨ ᠢᠶᠠᠨ ᠬᠦᠣᠷᠨᠢᠭᠡᠳ᠂ ᠨᠢᠭᠡ ᠣᠳᠠᠭᠠᠨ ᠤ ᠠᠶᠠᠯᠠᠯ᠂ ᠨᠢᠵᠢᠬᠢᠷ ᠰᠠᠶᠢᠬᠠᠨ ᠥᠨᠳᠣᠷᠯᠡᠭᠰᠡᠨ ᠪᠢᠯᠡ᠃    ᠨᠢᠭᠡ ᠡᠳᠣᠷ ᠤᠨ ᠠᠶᠠᠯᠠᠯ ᠨᠢ ᠰᠡᠳᠬᠢᠯ ᠰᠡᠷᠭᠦᠵᠣ ᠰᠠᠨᠠᠭ᠎ᠠ ᠲᠡᠨᠢᠢᠵᠦ᠂ ᠪᠠᠶᠠᠷ ᠬᠥᠷ ᠢᠶᠠᠷ ᠪᠢᠯᠬᠠᠵᠣ᠂ ᠪᠠᠭ᠋ᠠᠳᠣᠮ ᠰᠠᠶᠢᠬᠠᠨ ᠶᠠᠪᠣᠭᠳᠠᠯ᠎ᠠ᠃ 
 
ᠢᠷᠡᠯᠲᠡ᠄ ᠰᠢᠯᠤᠭᠤᠨ ᠬᠥᠬᠡ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号