ᠰᠢᠯᠤᠭᠤᠨ ᠬᠥᠬᠡ ᠬᠤᠰᠢᠭᠤ  ᠬᠢᠯᠢ ᠠᠯᠤᠰᠯᠠᠭᠰᠠᠨ ᠭᠤᠤᠯ ᠮᠥᠷᠡᠨ ᠤ ᠠᠮᠢ ᠠᠬᠤᠶ ᠶᠢᠨ  ᠴᠢᠩᠭᠠᠥᠠᠬᠠᠨ‌‍ᠱᠠᠩᠳᠣ ᠶᠢᠨ ᠭᠤᠤᠯ  ᠤᠨ ᠲᠠᠰᠤᠷᠠᠯᠲᠠ ᠥᠬᠡᠶ ᠤᠷᠤᠰᠬᠤ ᠶᠢ ᠦᠨᠡᠨ ᠬᠦ  ᠪᠠᠳᠣᠯᠠᠨ ᠮᠤᠵᠢ ᠣᠷᠣᠨ ᠤ ᠭᠤᠤᠯ ᠮᠥᠷᠡᠨ ᠨᠠᠭᠤᠷ ᠴᠥᠭᠦᠷᠥᠮ ᠤᠨ ᠬᠠᠮᠠᠭᠠᠯᠠᠯᠲᠠ ᠶᠢᠨ ᠲᠠᠯ᠎ᠠ ᠪᠠᠷ  ᠨᠢᠭᠡ ᠴᠣᠭᠴᠠᠵᠢᠭᠰᠠᠨ ᠬᠠᠮᠢᠶᠠᠷᠤᠯᠲᠠ ᠶᠢ ᠪᠡᠶᠡᠯᠡᠭᠦᠯᠵᠦ  ᠪᠠᠶᠢᠨ᠎ᠠ
ᠨᠡᠶᠢᠲᠡᠯᠡᠭᠰᠡᠨ ᠴᠠᠭ᠄
2025/6/9
         2025 ᠣᠨ ᠤ 5 ᠰᠠᠷ᠎ᠠ ᠶᠢᠨ 20 ᠤ ᠡᠳᠦᠷ ᠠᠴᠠ ᠡᠬᠢᠯᠡᠨ᠂ ᠾᠧᠪᠸᠢ ᠣᠷᠣᠨ ᠤ ᠬᠠᠭᠠᠯᠲᠠ ᠨᠡᠭᠡᠭᠡᠭᠳᠡᠬᠦ ᠶᠢ ᠳᠠᠭᠠᠯᠳᠤᠨ᠂ ᠤᠰᠤᠨ ᠤ ᠤᠷᠤᠰᠬᠠᠯ ᠣᠷᠭᠢᠯᠣᠨ ᠭᠠᠷᠴᠤ᠂ ᠡᠮᠦᠨᠡᠬᠢ ᠬᠤᠭᠤᠴᠠᠭᠠᠨ ᠤ ᠤᠷᠤᠰᠬᠠᠯ  ᠤᠨ ᠬᠡᠮᠵᠢᠶ᠎ᠡ ᠨᠢ ᠰᠧᠺᠦᠨ᠋ᠳ᠋ ᠪᠦᠷᠢ 5 ᠠᠴᠠ 6 ᠪᠣᠰᠤᠭ᠎ᠠ ᠳᠥᠷᠪᠡᠯᠵᠢᠨ ᠮᠧᠲᠷ ᠲᠤ ᠬᠦᠷᠴᠦ᠂ ᠭᠤᠤᠯ ᠤᠨ ᠵᠠᠮ  ᠤᠨ ᠠᠮᠢ ᠠᠬᠤᠶ ᠶᠢᠨ ᠰᠠᠭᠤᠷᠢ ᠤᠷᠤᠰᠬᠠᠯ ᠢ ᠪᠦᠲᠦᠮᠵᠢᠲᠡᠶ ᠨᠥᠬᠦᠪᠥᠷᠢᠯᠡᠵᠡᠶ᠃ ᠣᠳᠣᠬᠠᠨ ᠳᠤ᠂ ᠤᠰᠤᠨ ᠤ ᠤᠷᠤᠰᠬᠠᠯ ᠰᠧᠺᠦᠨ᠋ᠳ᠋ ᠪᠦᠷᠢ 2 ᠪᠣᠰᠤᠭ᠎ᠠ ᠳᠥᠷᠪᠡᠯᠵᠢᠨ ᠮᠧᠲᠷ ᠤᠨ ᠲᠣᠭᠲᠠᠭᠤᠨ ᠤᠷᠤᠰᠬᠠᠯ ᠤᠨ ᠬᠡᠮᠵᠢᠶ᠎ᠡ ᠶᠢ ᠪᠠᠲᠤᠯᠠᠵᠤ᠂ ᠤᠮᠠᠷᠠᠰᠢ ᠪᠠᠨ ᠥᠪᠥᠷ ᠮᠣᠩᠭᠤᠯ ᠤᠨ ᠰᠢᠯᠤᠭᠤᠨ ᠬᠥᠬᠡ ᠬᠤᠰᠢᠭᠤᠨ ᠤ ᠬᠢᠯᠢ ᠳᠣᠲᠣᠷᠠᠬᠢ ᠱᠠᠩᠳᠣ  ᠶᠢᠨ ᠭᠤᠤᠯ ᠳᠤ ᠴᠢᠳᠬᠤᠵᠤ ᠪᠠᠶᠢᠨ᠎ᠠ᠃ ᠥᠨᠥᠳᠦᠷ᠂ ᠰᠤᠷᠪᠤᠯᠵᠢᠯᠠᠭᠴᠢ  ᠱᠠᠩᠳᠣ ᠶᠢᠨ ᠭᠤᠤᠯ ᠤᠨ ᠬᠥᠪᠡᠭᠡᠨ ᠳᠤ  ᠬᠦᠷᠬᠦ ᠳᠤ᠂  ᠭᠤᠤᠯ  ᠢᠯᠡᠳᠲᠡ ᠦᠷᠬᠡᠵᠢᠵᠦ᠂ ᠭᠤᠤᠯ ᠤᠨ ᠤᠰᠤ ᠮᠡᠯᠮᠡᠯᠵᠡᠨ ᠤᠷᠤᠰᠴᠤ᠂  ᠭᠠᠯᠠᠭᠤ ᠰᠢᠪᠠᠭᠤ ᠵᠢᠷᠬᠢᠨ ᠱᠠᠩᠳᠣ ᠶᠢᠨ ᠭᠤᠤᠯ ᠠᠮᠢᠵᠢᠷᠠᠯ ᠤᠨ ᠬᠦᠴᠦᠨ ᠢᠶᠠᠷ ᠪᠢᠯᠬᠠᠮ᠎ᠠ  ᠪᠠᠶᠢᠯ᠎ᠠ᠃          2024 ᠣᠨ ᠤ 9 ᠰᠠᠷ᠎ᠠ ᠶᠢᠨ 24 ᠤ ᠡᠳᠦᠷ᠂ ᠰᠢᠯᠢ ᠶᠢᠨ ᠭᠤᠤᠯ ᠠᠶᠢᠮᠠᠭ᠂ ᠴᠢᠭᠤᠯᠤᠯᠲᠤ ᠬᠠᠭᠠᠯᠭ᠎ᠠ᠂ ᠰᠢᠯᠤᠭᠤᠨ ᠬᠥᠬᠡ ᠬᠤᠰᠢᠭᠤ ᠵᠢᠴᠢ ᠪᠣᠭᠤᠮᠲᠠ ᠶᠢᠨ ᠭᠠᠳᠠᠨᠠᠬᠢ ᠬᠠᠮᠢᠶᠠᠷᠤᠯᠲᠠ ᠶᠢᠨ ᠣᠷᠣᠨ ᠳᠥᠷᠪᠡᠨ ᠲᠠᠯ᠎ᠠ ᠪᠠᠷ ᠢᠶᠠᠨ ᠬᠠᠮᠳᠤᠷᠠᠵᠤ ᠭᠤᠤᠯ ᠮᠥᠷᠡᠨ ᠢ ᠲᠣᠭᠤᠷᠢᠨ ᠦᠵᠡᠬᠦ ᠪᠠ ᠭᠦᠨᠵᠡᠭᠡᠶ  ᠰᠣᠯᠢᠯᠴᠠᠭ᠎ᠠ ᠥᠷᠨᠢᠬᠦᠯᠥᠭᠰᠡᠡ‌‍ᠰᠠᠭᠤᠷᠢᠨ ᠳᠡᠭᠡᠷ᠎ᠡ᠂  ︽ᠣᠷᠣᠨ ᠪᠦᠰᠡ ᠠᠯᠤᠰᠯᠠᠭᠰᠠᠨ ᠭᠤᠤᠯ ᠮᠥᠷᠡᠨ ᠤ ᠬᠤᠯᠪᠣᠭᠠᠯᠠᠨ ᠰᠡᠷᠭᠡᠶᠢᠯᠡᠵᠦ ᠬᠤᠯᠪᠣᠭᠠᠯᠠᠨ ᠡᠵᠡᠮᠳᠡᠬᠦ ᠲᠣᠭᠲᠠᠴᠠ ᠶᠢᠨ ᠬᠠᠮᠲᠤᠷᠠᠯᠴᠠᠭᠠᠨ ᠤ ᠵᠥᠪᠯᠡᠯᠴᠡᠭᠡᠷ︾ ᠲᠤ ᠬᠠᠮᠲᠤ ᠪᠠᠷ ᠭᠠᠷ ᠤᠨ ᠥᠰᠥᠭ  ᠵᠢᠷᠣᠵᠠᠢ᠃ ᠡᠯ᠎ᠡ ᠲᠠᠯ᠎ᠠ ᠶᠢᠨ ᠬᠢᠨ ᠬᠢᠯᠢ ᠠᠯᠤᠰᠯᠠᠭᠰᠠᠨ ᠭᠤᠣᠯ ᠮᠥᠷᠡᠨ ᠤ ᠤᠰᠤᠨ ᠵᠦᠢ  ᠶᠢᠨ ᠣᠨᠴᠠᠯᠢᠭ᠂ ᠣᠷᠣᠨ ᠪᠦᠰᠡ ᠶᠢᠨ ᠤᠰᠤᠨ ᠤ ᠣᠷᠴᠢᠨ ᠲᠣᠭᠤᠷᠢᠨ ᠤ ᠵᠠᠰᠠᠯᠲᠠ᠂ ᠡᠷᠭᠢ ᠳᠠᠭᠠᠤ ᠶᠢᠨ ᠬᠠᠮᠠᠭᠠᠯᠠᠯᠲᠠ ᠠᠰᠢᠭᠯᠠᠯᠲᠠ ᠵᠡᠷᠭᠡ ᠭᠤᠣᠯ ᠵᠥᠪᠯᠡᠬᠦ ᠰᠡᠳᠦᠪ ᠤᠨ ᠲᠣᠭᠤᠷᠢᠨ ᠳᠤ ᠭᠦᠨᠵᠡᠭᠡᠢ ᠰᠤᠳᠤᠯᠤᠨ ᠶᠠᠷᠢᠯᠴᠠᠵᠤ᠂ ᠭᠤᠣᠯ ᠮᠥᠷᠡᠨ ᠨᠠᠭᠤᠷ ᠴᠥᠭᠦᠷᠥᠮ ᠤᠨ ᠬᠠᠮᠢᠶᠠᠷᠤᠯᠲᠠ ᠬᠠᠮᠠᠭᠠᠯᠠᠯᠲᠠ ᠶᠢᠨ ᠡᠷᠬᠢᠮ ᠨᠠᠨᠳᠢᠨ ᠲᠤᠷᠰᠢᠯᠭ᠎ᠠ ᠶᠢ ᠬᠤᠪᠢᠶᠠᠯᠴᠠᠭᠰᠠᠨ ᠢᠶᠠᠷ ᠪᠠᠷᠠᠬᠤ ᠦᠭᠡᠢ᠂ ᠨᠡᠩ ᠴᠤ ᠵᠠᠰᠠᠯᠲᠠ ᠶᠢᠨ ᠬᠦᠴᠢᠷ ᠠᠰᠠᠭᠤᠳᠠᠯ ᠢ ᠰᠢᠢᠳᠪᠦᠷᠢᠯᠡᠵᠦ᠂ ᠲᠠᠷᠠᠭᠠᠴᠢ ᠶᠢᠨ ᠠᠯᠬᠤᠮ ᠤᠨ ᠬᠠᠮᠵᠢᠯᠴᠠᠭᠠᠨ ᠤ ᠭᠤᠣᠯᠳᠠᠯᠭ᠎ᠠ ᠶᠢᠨ ᠲᠤᠬᠠᠢ ᠬᠠᠮᠲᠤ ᠶᠢᠨ ᠲᠠᠨᠢᠯᠲᠠ ᠶᠢ ᠲᠣᠳᠣᠷᠬᠠᠶᠢᠯᠠᠪᠠ᠃         ᠱᠠᠩᠳᠣ ᠶᠢᠨ ᠭᠤᠤᠯ ᠤᠨ ᠰᠢᠯᠤᠭᠤᠨ ᠬᠥᠬᠡ ᠬᠤᠰᠢᠭᠤᠨ ᠤ ᠬᠡᠰᠡᠭ ᠨᠢ ᠳᠡᠭᠡᠳᠦ ᠤᠷᠤᠰᠬᠠᠯ ᠤᠨ ᠾᠧᠪᠧᠶ ᠶᠢᠨ ᠬᠥ᠋ ᠶᠤᠸᠠᠨ ᠶᠠᠩ ᠴᠢᠶᠣᠤ ᠬᠥᠭᠦᠷᠭᠡ ᠪᠣᠯᠤᠨ ᠰᠢᠯᠤᠭᠤᠨ ᠬᠥᠬᠡ ᠬᠤᠰᠢᠭᠤᠨ ᠤ  ᠪᠣᠷᠣᠬᠤᠳᠠ ᠵᠢᠱᠢᠶ᠎ᠡ ᠦᠵᠡᠭᠦᠯᠬᠦ ᠲᠣᠭᠤᠷᠢᠭ ᠤᠨ ᠠᠭᠤᠯᠵᠠᠷ ᠠᠴᠠ ᠡᠬᠢᠯᠡᠵᠦ᠂ 195.6 ᠺᠢᠯᠣᠮᠧᠲᠷ ᠮᠤᠷᠤᠯᠵᠠᠨ ᠤᠷᠤᠰᠴᠤ᠂ ᠣᠷᠣᠨ ᠪᠦᠰᠡ ᠶᠢᠨ ᠳᠣᠲᠣᠷᠠᠬᠢ ᠰᠠᠪᠠ ᠭᠠᠵᠠᠷ ᠤᠨ ᠲᠠᠯᠠᠪᠠᠶ ᠨᠢ 1325 ᠲᠡᠭᠰᠢ ᠳᠥᠷᠪᠡᠯᠵᠢᠨ ᠺᠢᠯᠣᠮᠧᠲᠷ ᠲᠤ ᠬᠦᠷᠴᠦ᠂ ᠳᠡᠭᠡᠳᠦ ᠤᠷᠤᠰᠬᠠᠯ ᠠᠴᠠ ᠳᠣᠤᠷᠠᠳᠤ ᠤᠷᠤᠰᠬᠠᠯ ᠬᠦᠷᠲᠡᠯ᠎ᠡ ᠪᠣᠷᠣᠬᠤᠳᠠ ᠵᠢᠱᠢᠶ᠎ᠡ ᠦᠵᠡᠭᠦᠯᠬᠦ ᠣᠷᠣᠨ᠂ ᠱᠠᠩᠳᠤ ᠪᠠᠯᠭᠠᠰᠤ ᠪᠣᠯᠤᠨ  ᠲᠠᠪᠦ‍ ᠨᠢᠬᠡ ᠮᠠᠯᠵᠢᠯ ᠤᠨ ᠲᠠᠯᠠᠪᠠᠶ ᠪᠠᠷ ᠤᠷᠤᠰᠤᠨ  ᠦᠩᠭᠡᠷᠡᠵᠦ᠂ ᠲᠣᠰ ᠭᠤᠤᠯ ᠤᠨ ᠬᠡᠰᠡᠭ ᠤᠨ ᠤᠷᠭᠤᠮᠠᠯ ᠤᠨ ᠬᠤᠴᠢᠯᠭ᠎ᠠ ᠶᠢᠨ ᠪᠦᠷᠬᠦᠴᠡ ᠶᠢᠨ ᠨᠣᠷᠮ᠎ᠠ ᠥᠨᠳᠥᠷ ᠪᠠᠶᠢᠵᠤ᠂ ᠰᠢᠯᠤᠭᠤᠨ ᠬᠥᠬᠡ ᠬᠤᠰᠢᠭᠤᠨ ᠤ ᠱᠠᠩᠳᠤ ᠶᠢᠨ ᠭᠤᠣᠯ ᠤᠯᠤᠰ ᠤᠨ ᠨᠤᠭᠤ ᠭᠠᠵᠠᠷ ᠤᠨ ᠴᠡᠴᠡᠷᠯᠢᠭ᠂ ᠱᠠᠩᠳᠤ ᠪᠠᠯᠭᠠᠰᠤᠨ ᠤ ᠪᠢᠨ ᠾᠧ ᠨᠤᠭᠤ ᠭᠠᠵᠠᠷ ᠤᠨ ᠴᠡᠴᠡᠷᠯᠢᠭ᠂ ᠳᠡᠯᠡᠬᠡᠶ ᠶᠢᠨ ᠰᠣᠶᠣᠯ ᠤᠨ ᠥᠪ ᠤᠨ ᠶᠤᠸᠠᠨ ᠤ ᠳᠡᠭᠡᠳᠦ ᠨᠡᠶᠢᠰᠯᠡᠯ ᠤᠨ ᠪᠠᠭᠤᠷᠢ᠂ ᠱᠠᠩᠳᠤ ᠪᠠᠯᠭᠠᠰᠤᠨ ᠤ ᠤᠰᠤᠨ ᠤ ᠰᠤᠷᠪᠤᠯᠵᠢ ᠶᠢᠨ ᠭᠠᠵᠠᠷ ᠤᠨ ᠬᠠᠮᠠᠭᠠᠯᠠᠯᠲᠠ ᠶᠢᠨ ᠣᠷᠣᠨ ᠵᠢᠴᠢ  ᠠᠯᠳᠠᠩᠬᠤᠸ᠎ᠠ ᠣᠶ ᠰᠢᠭᠤᠶ ᠨᠤᠲᠤᠭ ᠪᠡᠯᠴᠢᠭᠡᠷ ᠤᠨ ᠪᠠᠶᠢᠭᠠᠯᠢ ᠶᠢᠨ ᠬᠠᠮᠠᠭᠠᠯᠠᠯᠲᠠ ᠶᠢᠨ ᠣᠷᠣᠨ ᠢ ᠪᠠᠭᠲᠠᠭᠠᠭᠰᠠᠨ ᠬᠤᠪᠣᠷ ᠨᠠᠨᠳᠢᠨ ᠠᠮᠢ ᠠᠬᠤᠶ ᠪᠠ ᠰᠣᠶᠣᠯ ᠤᠨ ᠡᠬᠢ ᠪᠠᠶᠠᠯᠢᠭ ᠢ ᠤᠮᠳᠠᠯᠠᠵᠤ ᠪᠠᠶᠢᠨ᠎ᠠ᠃ ᠲᠣᠰ ᠤᠳᠠᠭᠠᠨ ᠤ ᠤᠰᠤ ᠨᠥᠬᠦᠪᠥᠷᠢᠯᠡᠬᠦ ᠠᠵᠢᠯᠯᠠᠭ᠎ᠠ ᠨᠢ ᠡᠨᠡ ᠬᠦ ᠠᠮᠢ ᠠᠬᠤᠶ ᠶᠢᠨ ᠬᠤᠩᠭᠢᠯ ᠳᠤ ᠰᠢᠮ᠎ᠡ ᠲᠡᠵᠢᠭᠡᠯ ᠬᠠᠩᠭᠠᠭᠰᠠᠨ ᠢᠶᠠᠷ ᠪᠠᠷᠠᠬᠤ ᠥᠬᠡᠶ᠂ ᠨᠠᠩ ᠴᠤ ᠤᠰᠤᠨ ᠤ ᠡᠬᠢ ᠪᠠᠶᠠᠯᠢᠭ ᠤᠨ ᠲᠣᠬᠢᠷᠠᠭᠤᠯᠤᠯᠲᠠ ᠶᠢ ︽ᠲᠣᠰ ᠲᠣᠰ ᠳᠠᠭᠠᠨ ᠪᠠᠶᠢᠯᠳᠣᠬᠤ ︾ ᠠᠴᠠ ︽ᠨᠢᠭᠡᠳᠦᠯᠲᠡᠶ ᠲᠣᠬᠢᠷᠠᠭᠤᠯᠤᠯᠲᠠ ᠬᠢᠬᠦ︾ ᠲᠡᠶᠢᠰᠢ ᠠᠬᠢᠭᠤᠯᠵᠤ᠂ ᠬᠤᠶᠠᠷ ᠮᠤᠵᠢ ᠣᠷᠣᠨ  ᠤ ᠭᠤᠤᠯ ᠮᠥᠷᠡᠨ ᠨᠠᠭᠤᠷ ᠴᠥᠭᠦᠷᠥᠮ ᠤᠨ ᠬᠠᠮᠢᠶᠠᠷᠤᠯᠲᠠ ᠬᠠᠮᠠᠭᠠᠯᠠᠯᠲᠠ ᠶᠢᠨ ᠲᠠᠯ᠎ᠠ ᠪᠠᠷ ᠳᠡᠭᠡᠳᠦ ᠳᠣᠤᠷᠠᠳᠤ ᠤᠷᠤᠰᠬᠠᠯ ᠤᠨ ᠬᠠᠮᠵᠢᠯᠴᠠᠨ ᠨᠢᠭᠡ ᠴᠣᠭᠴᠠᠵᠢᠭᠰᠠᠨ ᠬᠠᠮᠢᠶᠠᠷᠤᠯᠲᠠ ᠶᠢ ᠪᠡᠶᠡᠯᠡᠭᠦᠯᠵᠦ᠂ ᠳᠡᠭᠡᠳᠦ ᠳᠣᠤᠷᠠᠳᠤ ᠤᠷᠤᠰᠬᠠᠯ᠂ ᠵᠡᠭᠦᠨ ᠪᠠᠷᠠᠭᠤᠨ ᠡᠷᠭᠢ ᠶᠢᠨ ᠬᠦᠴᠦᠨ ᠢ ᠡᠮᠬᠢᠯᠡᠨ ᠨᠡᠶᠢᠯᠡᠭᠦᠯᠬᠦ ᠶᠢ ᠠᠬᠢᠭᠤᠯᠤᠨ᠂ ︽ᠶᠡᠭᠡ ᠬᠠᠮᠠᠭᠠᠯᠠᠯᠲᠠ ᠶᠢ ᠬᠠᠮᠲᠤ ᠪᠠᠷ ᠠᠳᠬᠤᠬᠤ︾ ᠶᠢ ᠪᠣᠳᠠᠲᠠᠶ ᠳᠤ ᠨᠠᠶᠢᠳᠠᠪᠤᠷᠢᠵᠢᠭᠤᠯᠤᠭᠰᠠᠨ ᠢ ᠬᠠᠷᠠᠭᠤᠯᠵᠤ ᠪᠠᠶᠢᠨ᠎ᠠ᠃      ᠰᠢᠯᠤᠭᠤᠨ ᠬᠥᠬᠡ ᠬᠤᠰᠢᠭᠤᠨ ᠤ ᠣᠢ ᠰᠢᠭᠤᠶ ᠪᠠ ᠲᠠᠯ᠎ᠠ ᠨᠤᠲᠤᠭ ( ᠤᠰᠤᠨ ᠠᠰᠢᠭᠯᠠᠯᠲᠠ ) ᠤᠨ ᠲᠣᠪᠴᠢᠶᠠᠨ ᠤ ᠳᠡᠳ᠋ ᠳᠠᠷᠤᠭ᠎ᠠ ᠰᠣᠯᠣᠩᠭᠤᠸ᠎ᠠ᠄  ︽ᠬᠤᠰᠢᠭᠤ ᠨᠠᠮ ᠤᠨ ᠬᠤᠷᠢᠶ᠎ᠠ ᠵᠠᠰᠠᠭ ᠤᠨ ᠣᠷᠳᠣᠨ ᠤ ᠱᠠᠭᠠᠷᠳᠠᠯᠭ᠎ᠠ ᠶᠣᠰᠣᠭᠠᠷ᠂ ᠮᠠᠨ ᠤ ᠲᠣᠪᠴᠢᠶ᠎ᠠ ᠾᠧᠪᠧᠶ ᠶᠢᠨ ᠬᠥ᠋ ᠶᠤᠸᠠᠨ ᠰᠢᠶᠠᠨ ᠤ ᠤᠰᠤᠨ ᠤ ᠶᠠᠪᠤᠳᠠᠯ ᠤᠨ ᠲᠣᠪᠴᠢᠶ᠎ᠠ ᠲᠠᠢ ᠤᠰᠤ ᠲᠠᠯᠪᠢᠬᠤ ᠶᠢ ᠲᠣᠬᠢᠷᠠᠭᠤᠯᠬᠤ ᠪᠠ ᠵᠣᠯᠭᠠᠭᠤᠯᠬᠤ ᠠᠵᠢᠯ ᠢ ᠢᠳᠡᠪᠬᠢᠲᠡᠶ ᠥᠷᠨᠢᠭᠦᠯᠵᠦ᠂ ᠬᠠᠪᠤᠷ ᠤᠨ ᠤᠯᠠᠷᠢᠯ ᠤᠨ ᠱᠠᠩᠳᠣ ᠶᠢᠨ ᠭᠤᠤᠯ  ᠤᠨ ᠲᠠᠰᠤᠷᠠᠯᠲᠠ ᠥᠬᠡᠶ ᠤᠷᠤᠰᠬᠤ ᠶᠢ ᠦᠨᠡᠨ ᠬᠦ  ᠪᠠᠳᠣᠯᠠᠨ᠂ ᠬᠢᠯᠢ ᠠᠯᠤᠰᠯᠠᠭᠰᠠᠨ ᠭᠤᠤᠯ ᠮᠥᠷᠡᠨ ᠤ ᠠᠮᠢ ᠠᠬᠤᠶ ᠶᠢᠨ ᠬᠠᠮᠠᠭᠠᠯᠠᠯᠲᠠ ᠶᠢ ᠠᠬᠢᠭᠤᠯᠤᠭᠰᠠᠨ ᠠᠴᠠ ᠨᠠᠭᠠᠰᠢ᠂ ᠮᠠᠨ  ᠤ ᠬᠤᠰᠢᠭᠤ ᠬᠥᠷᠰᠢ ᠵᠡᠷᠭᠡᠯᠡᠳᠡᠭᠡ ᠭᠠᠵᠠᠷ ᠣᠷᠣᠨ ᠯᠤᠭ᠎ᠠ ᠥᠨᠳᠥᠷ ᠪᠦᠲᠦᠮᠵᠢᠲᠡᠶ ᠬᠤᠯᠪᠣᠭᠠᠯᠠᠨ ᠰᠡᠷᠭᠡᠶᠢᠯᠡᠵᠦ ᠬᠤᠯᠪᠣᠭᠠᠯᠠᠨ‌ᠡᠵᠡᠮᠳᠡᠬᠦ ᠰᠢᠰᠲ᠋ᠧᠮ ᠢ ᠠᠮᠵᠢᠯᠲᠠ ᠲᠠᠢ ᠪᠠᠶᠢᠭᠤᠯᠪᠠ᠃ ᠲᠣᠰ ᠤᠳᠠᠭᠠᠨ ᠤ ᠤᠰᠤ ᠨᠥᠬᠦᠪᠥᠷᠢᠯᠡᠬᠦ ᠪᠣᠯ ᠲᠣᠭᠲᠠᠴᠠ ᠶᠢᠨ ᠥᠨᠳᠥᠷ ᠪᠦᠲᠦᠮᠵᠢᠲᠡᠶ ᠠᠵᠢᠯᠯᠠᠭᠠᠨ ᠤ ᠠᠮᠢᠳᠤᠯᠢᠭ ᠢᠯᠡᠷᠡᠯ ᠮᠥᠨ᠃ ᠪᠢᠳᠡ ᠡᠭᠦᠨ ᠢᠶᠠᠷ ᠠᠵᠠ ᠲᠣᠬᠢᠶᠠᠯ ᠪᠣᠯᠭᠠᠵᠤ᠂ ᠬᠠᠮᠲᠤᠷᠠᠯᠴᠠᠭ᠎ᠠ ᠪᠠᠨ ᠦᠷᠭᠦᠯᠵᠢᠯᠡᠨ ᠭᠦᠨᠵᠡᠭᠡᠶᠢᠷᠡᠭᠦᠯᠵᠦ᠂ ᠤᠷᠳᠤ ᠬᠤᠭᠤᠴᠠᠭᠠᠨ ᠤ ᠪᠦᠲᠦᠮᠵᠢᠲᠡᠢ ᠲᠣᠭᠲᠠᠴᠠ ᠶᠢ ᠲᠡᠭᠦᠯᠳᠡᠷᠵᠢᠭᠦᠯᠬᠦ ᠪᠠᠷ ᠬᠦᠴᠦᠯᠡᠵᠦ᠂ ᠬᠥᠮᠦᠨ ᠬᠢᠭᠡᠳ  ᠪᠠᠶᠢᠭᠠᠯᠢ‌ᠡᠶ᠎ᠡ ᠵᠣᠬᠢᠴᠠᠩᠭᠤᠢ᠂ ᠤᠰᠤ ᠨᠢ ᠲᠤᠩᠭᠠᠯᠠᠭ ᠡᠷᠭᠢ ᠨᠢ ᠨᠣᠭᠤᠭᠠᠨ‌ᠭᠤᠣᠯ ᠮᠥᠷᠡᠨ ᠨᠠᠭᠤᠷ ᠴᠥᠭᠦᠷᠥᠮ ᠢ ᠪᠦᠳᠦᠭᠡᠨ ᠪᠠᠶᠢᠭᠤᠯᠤᠨ᠎ᠠ ︾ ᠬᠡᠯ᠎ᠡ᠃         ᠡᠨᠡ ᠬᠦ ᠤᠷᠤᠰᠬᠠᠯ ᠤᠰᠤ ᠨᠢ ᠪᠡᠭᠡᠵᠢᠩ ᠲᠢᠶᠠᠨᠵᠢᠨ ᠾᠧᠪᠸᠢ ᠪᠣᠯᠤᠨ ᠥᠪᠥᠷ ᠮᠣᠩᠭᠤᠯ ᠤᠨ ᠠᠮᠢ ᠠᠬᠤᠢ ᠶᠢ ᠬᠠᠮᠲᠤ ᠪᠠᠷ ᠬᠠᠮᠠᠭᠠᠯᠠᠵᠤ ᠬᠠᠮᠲᠤ ᠪᠠᠷ ᠵᠠᠰᠠᠬᠤ ᠢᠳᠡᠷᠡᠭᠦᠨ ᠠᠯᠬᠤᠭ᠎ᠠ ᠶᠢ ᠲᠤᠰᠬᠠᠵᠤ᠂ ᠤᠮᠠᠷᠠᠲᠤ ᠶᠢᠨ ᠠᠮᠢ ᠠᠬᠤᠢ ᠶᠢᠨ ᠠᠮᠤᠷ ᠲᠦᠪᠰᠢᠨ ᠤ ᠬᠠᠯᠬᠠᠪᠴᠢ ᠶᠢ ᠪᠠᠲᠤ ᠴᠣᠭᠴᠠᠯᠠᠬᠤ ᠳᠤ ᠬᠦᠰᠡᠯ ᠡᠷᠡᠮᠡᠯᠵᠡᠯ ᠢᠶᠠᠷ ᠪᠢᠯᠬᠠᠭᠰᠠᠨ ᠣᠷᠣᠰᠢᠯ ᠢ ᠪᠢᠴᠢᠭᠯᠡᠪᠡ᠃ ᠣᠷᠣᠨ ᠪᠦᠰᠡ ᠠᠯᠤᠰᠯᠠᠨ ᠬᠤᠯᠪᠣᠭᠠᠯᠠᠨ ᠰᠡᠷᠭᠡᠶᠢᠯᠡᠵᠦ ᠬᠤᠯᠪᠣᠭᠠᠯᠠᠨ ᠡᠵᠡᠮᠳᠡᠬᠦ ᠲᠣᠭᠲᠠᠴᠠ ᠨᠢ ᠶᠠᠭ ᠲᠡᠭᠦᠨ ᠤ ᠯᠠᠪᠳᠠᠭᠤᠨ ᠪᠠᠲᠤᠲᠠᠶ ᠦᠷ᠎ᠡ ᠪᠦᠲᠦᠮᠵᠢ ᠪᠠᠷ ᠢᠶᠠᠨ ᠬᠥᠬᠡᠮᠳᠦᠭ ᠤᠰᠤ ᠶᠢ ᠬᠠᠮᠲᠤ ᠪᠠᠷ ᠬᠠᠮᠠᠭᠠᠯᠠᠵᠤ᠂ ᠠᠮᠢ ᠠᠬᠤᠶ ᠶᠢᠨ ᠬᠠᠭᠤᠳᠠᠰᠤ ᠶᠢ ᠬᠠᠮᠲᠤ ᠪᠠᠷ ᠵᠢᠷᠤᠭᠯᠠᠬᠤ ᠬᠦᠰᠡᠯ ᠡᠷᠡᠮᠡᠯᠵᠡᠯ ᠢᠶᠠᠨ ᠥᠷᠭᠡᠨ ᠠᠭᠤᠳᠠᠮ ᠤᠮᠠᠷᠠᠲᠤ ᠬᠢᠯᠢ ᠳᠤ ᠪᠣᠳᠠᠲᠠᠶᠢᠴᠢᠯᠠᠨ ᠪᠡᠶᠡᠯᠡᠭᠦᠯᠵᠦ ᠪᠠᠶᠢᠬᠤ ᠶᠢ ᠬᠠᠷᠠᠭᠤᠯᠵᠤ ᠪᠠᠶᠢᠨ᠎ᠠ᠃
 
ᠢᠷᠡᠯᠲᠡ᠄ ᠰᠢᠯᠤᠭᠤᠨ ᠬᠥᠬᠡ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号