2025 ᠣᠨ ᠤ ᠥᠪᠥᠷ ᠮᠣᠩᠭᠤᠯ ᠤᠨ ᠪᠠᠭ᠋ᠠᠷᠣᠯᠳᠣ ᠨᠤᠲᠤᠭ‌ᠦᠨᠳᠦᠰᠦᠲᠡᠨ ᠤ  ᠤᠯᠠᠮᠵᠢᠯᠠᠯᠲᠤ ᠰᠣᠨᠢᠷᠬᠠᠯᠲᠤ ᠲᠠᠮᠢᠷ ᠤᠨ  ᠴᠢᠭᠤᠯᠭᠠᠨ ᠵᠢᠴᠢ 2025 ᠣᠨ ᠤ ᠰᠢᠯᠢ ᠶᠢᠨ ᠭᠤᠣᠯ ᠤᠨ ᠵᠣᠨ ᠤ ᠣᠯᠠᠷᠢᠯ  ᠤᠨ ᠮᠣᠩᠭᠤᠯ ᠮᠣᠷᠢᠨ ᠤ ᠬᠤᠯᠪᠣᠭᠠᠳᠣ ᠣᠷᠣᠯᠳᠣᠭᠠᠨ ᠤ ᠰᠢᠯᠣᠭᠤᠨ ᠬᠦᠬᠡ ᠬᠤᠰᠢᠭᠤᠨ ᠳᠠᠬᠢ ᠣᠷᠣᠯᠳᠣᠭᠠᠨ ᠡᠬᠢᠯᠡᠪᠡ
ᠨᠡᠶᠢᠲᠡᠯᠡᠭᠰᠡᠨ ᠴᠠᠭ᠄
2025/6/9
       6  ᠰᠠᠷ᠎ᠠ ᠶᠢᠨ 2 ᠤᠨ ᠡᠳᠦᠷ᠂ ᠰᠢᠯᠤᠭᠤᠨ ᠬᠥᠬᠡ ᠬᠤᠰᠢᠭᠤᠨ ᠤ ᠦᠨᠳᠦᠰᠦᠲᠡᠨ ᠨᠦᠭᠦᠳ ᠤᠨ ᠺᠠᠳ᠋ᠷ ᠣᠯᠠᠨ ᠲᠦᠮᠡᠨ ᠤ ᠬᠠᠯᠠᠭᠤᠨ ᠰᠡᠳᠬᠢᠯᠭᠡ ᠪᠠ ᠬᠦᠰᠡᠯ ᠡᠷᠡᠮᠡᠯᠵᠡᠯ ᠢᠶᠠᠷ ᠪᠢᠯᠬᠠᠵᠤ᠂ ᠥᠪᠥᠷ ᠮᠣᠩᠭᠤᠯ ᠤᠨ ᠪᠡᠶ᠎ᠡ ᠲᠠᠮᠢᠷ ᠤᠨ ᠬᠥᠭᠵᠢᠯᠲᠡ ᠶᠢᠨ ᠰᠠᠭᠤᠷᠢ ᠮᠥᠩᠭᠦᠨ ᠤ ᠨᠡᠶᠢᠭᠡᠮᠯᠢᠭ ᠠᠴᠠ ᠭᠤᠤᠯᠯᠠᠨ ᠡᠷᠭᠢᠯᠡᠵᠦ᠂ ᠥᠪᠥᠷ ᠮᠣᠩᠭᠤᠯ  ᠤᠨ ᠳ᠋ᠠ ᠵᠥᠩ ᠮᠣᠷᠢᠨ ᠮᠡᠷᠭᠡᠵᠢᠯ ᠤᠨ ᠨᠡᠶᠢᠭᠡᠮᠯᠢᠭ᠂ ᠰᠢᠯᠤᠭᠤᠨ ᠬᠥᠬᠡ ᠬᠤᠰᠢᠭᠤᠨ ᠤ ᠰᠣᠶᠣᠯ  ᠲᠠᠮᠢᠷ ᠵᠢᠭᠤᠯᠴᠢᠯᠠᠯ ᠷᠠᠳᠢᠣ᠋ ᠲᠧᠯᠸᠢᠰ ᠤᠨ ᠲᠣᠪᠴᠢᠶ᠎ᠠ ᠠᠴᠠ ᠬᠠᠮᠲᠤᠷᠠᠨ ᠡᠷᠭᠢᠯᠡᠭᠰᠡᠨ 2025 ᠣᠨ ᠤ ᠥᠪᠥᠷ ᠮᠣᠩᠭᠤᠯ  ᠤᠨ ᠪᠠᠭ᠋ᠠᠷᠣᠯᠳᠣ  ᠨᠤᠲᠤᠭ ᠦᠨᠳᠦᠰᠦᠲᠡᠨ ᠤ  ᠤᠯᠠᠮᠵᠢᠯᠠᠯᠲᠤ ᠰᠣᠨᠢᠷᠬᠠᠯᠲᠤ ᠲᠠᠮᠢᠷ ᠤᠨ  ᠴᠢᠭᠤᠯᠭᠠᠨ ᠵᠢᠴᠢ2025 ᠣᠨ ᠤ ᠰᠢᠯᠢ ᠶᠢᠨ ᠭᠤᠣᠯ ᠤᠨ ᠵᠣᠨ ᠤ ᠣᠯᠠᠷᠢᠯ ᠤᠨ ᠮᠣᠩᠭᠤᠯ ᠮᠣᠷᠢᠨ ᠤ ᠬᠤᠯᠪᠣᠭᠠᠳᠣ ᠣᠷᠣᠯᠳᠣᠭᠠᠨ ᠤ ᠰᠢᠯᠣᠭᠤᠨ ᠬᠦᠬᠡ ᠬᠤᠰᠢᠭᠤᠨ ᠳᠠᠬᠢ  ᠣᠷᠣᠯᠳᠣᠭᠠᠨ ᠰᠢᠯᠤᠭᠤᠨ ᠬᠥᠬᠡ ᠬᠤᠰᠢᠭᠤᠨ ᠤ ᠲᠠᠪᠤ ᠨᠢᠬᠡ ᠮᠠᠯᠵᠢᠯ ᠤᠨ  ᠲᠠᠯᠠᠪᠠᠶ ᠳᠤ ᠡᠬᠢᠯᠡᠯ᠎ᠡ᠃       ᠰᠢᠯᠤᠭᠤᠨ ᠬᠥᠬᠡ ᠬᠤᠰᠢᠭᠤᠨ ᠤ ᠤᠯᠠᠭᠠᠨᠮᠥ᠋ᠴᠢᠷ ᠤᠨ ᠲᠣᠭᠯᠠᠭᠴᠢᠳ  ︽ᠮᠣᠷᠢᠨ ᠨᠢᠷᠤᠭᠤᠨ ᠳᠡᠭᠡᠷᠡᠬᠢ ᠨᠠᠶᠢᠷᠠᠯ ᠬᠥᠭᠵᠢᠮ︾᠂ ︽ᠠᠵᠢᠨᠠᠶ ᠬᠦᠯᠦᠭ ︾᠂  ︽ᠠᠵᠢᠨᠠᠶ ᠬᠦᠯᠦᠭ ᠬᠢᠯᠢ ᠬᠢᠵᠠᠭᠠᠷ ᠢ ᠬᠠᠮᠠᠭᠠᠯᠠᠬᠤ︾ ᠵᠡᠷᠭᠡ  ᠭᠤᠴᠣ ᠰᠠᠶᠢᠬᠠᠨ ᠲᠣᠭᠯᠠᠯᠲᠠ   ᠢᠶᠠᠨ ᠦᠵᠡᠭᠴᠢᠳ ᠲᠤ  ᠬᠦᠷᠬᠡᠵᠦ᠂ ᠵᠠᠯᠭᠠᠭᠠᠳ  ᠪᠦᠬᠦᠳᠠ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠰᠦᠯᠳᠡ ᠳᠠᠭᠤᠤ ᠶᠢ ᠬᠠᠮᠲᠤ ᠪᠠᠷ ᠬᠥᠭᠵᠢᠮᠳᠡᠨ ᠳᠠᠭᠤᠯᠠᠪᠠ᠃ ᠰᠢᠯᠤᠭᠤᠨ ᠬᠥᠬᠡ ᠬᠤᠰᠢᠭᠤᠨ ᠤ ᠰᠣᠶᠣᠯ  ᠲᠠᠮᠢᠷ ᠵᠢᠭᠤᠯᠴᠢᠯᠠᠯ ᠷᠠᠳᠢᠣ᠋ ᠲᠧᠯᠸᠢᠰ ᠤᠨ ᠲᠣᠪᠴᠢᠶ᠎ᠠ ᠶᠢᠨ ᠬᠠᠮᠢᠶ᠎ᠠ ᠪᠦᠬᠦᠢ ᠬᠠᠷᠢᠭᠤᠴᠠᠯᠭᠠᠲᠠᠨ ᠪᠠᠶᠠᠷ ᠤᠨ ᠦᠭᠡ ᠬᠡᠯᠡᠵᠦ᠂ ᠥᠪᠥᠷ ᠮᠣᠩᠭᠤᠯ ᠤᠨ  ᠲᠠᠮᠢᠷ ᠤᠨ ᠬᠥᠭᠵᠢᠯᠲᠡ ᠶᠢᠨ ᠰᠠᠭᠤᠷᠢ ᠮᠥᠩᠭᠦᠨ ᠤ ᠨᠡᠶᠢᠭᠡᠮᠯᠢᠭ ᠤᠨ ᠬᠡᠷᠡᠭ‌ᠡᠷᠬᠢᠯᠡᠭᠴᠢ ᠵᠢᠨ‌‍ᠲ᠋ᠠᠷᠤᠭ᠎ᠠ  ᠣᠣ ᠯᠠ ᠤᠷᠤᠯᠳᠤᠭᠠᠨ ᠡᠬᠢᠯᠡᠭᠰᠡᠨ ᠢ ᠵᠠᠷᠯᠠᠪᠠ᠃       ᠲᠣᠰ ᠤᠳᠠᠭᠠᠨ ᠤ ᠤᠷᠤᠯᠳᠤᠭᠠᠨ ᠳᠤ ᠮᠣᠩᠭᠤᠯ ᠮᠣᠷᠢᠨ ᠤ  ᠬᠤᠯᠠ ᠶᠢᠨ ᠮᠣᠷᠢᠨ ᠤ  ᠤᠷᠤᠯᠳᠤᠭᠠᠨ᠂ ᠬᠠᠮᠳᠣ ᠨᠢᠬᠡᠴᠢ ᠶᠢᠨ  ᠤᠷᠤᠯᠳᠤᠭᠠᠨ᠂ 5 ᠺᠢᠯᠣᠮᠧᠲᠷ ᠤᠨ ᠵᠢᠷᠤᠭ᠎ᠠ ᠮᠣᠷᠢᠨ ᠤ ᠤᠷᠤᠯᠳᠤᠭᠠᠨ ᠵᠡᠷᠭᠡ  ᠲᠥᠷᠥᠯ ᠵᠦᠶᠯ ᠢ  ᠲᠣᠬᠢᠷᠠᠭᠤᠯᠵᠦ᠂ ᠤᠷᠤᠯᠳᠤᠭᠠᠨ  ᠳᠤ᠂ ᠰᠥᠨᠢᠳ ᠵᠡᠭᠦᠨ ᠬᠤᠰᠢᠭᠤ᠂ ᠰᠥᠨᠢᠳ ᠪᠠᠷᠠᠭᠤᠨ ᠬᠤᠰᠢᠭᠤ᠂ ᠵᠡᠭᠦᠨ ᠦᠵᠦᠮᠦᠴᠢᠨ ᠬᠤᠰᠢᠭᠤ᠂ ᠬᠡᠰᠢᠭᠲᠡᠨ ᠬᠤᠰᠢᠭᠤ᠂ ᠰᠢᠯᠤᠭᠤᠨ ᠬᠥᠪᠡᠭᠡᠲᠦ ᠴᠠᠭᠠᠨ ᠬᠤᠰᠢᠭᠤ᠂ ᠰᠢᠯᠢᠩᠬᠤᠲᠠ᠂ ᠠᠪᠠᠭ᠎ᠠ ᠬᠤᠰᠢᠭᠤ ᠵᠡᠷᠭᠡ ᠭᠠᠵᠠᠷ ᠣᠷᠣᠨ ᠪᠣᠯᠤᠨ ᠰᠢᠯᠤᠭᠤᠨ ᠬᠥᠬᠡ ᠬᠤᠰᠢᠭᠤᠨ ᠤ ᠡᠯ᠎ᠡ ᠰᠤᠮᠤ ᠪᠠᠯᠭᠠᠰᠤ ︵ᠲᠠᠯᠠᠪᠠᠶ︶ ᠶᠢᠨ ᠰᠢᠯᠢᠳᠡᠭ ᠮᠤᠷᠢᠥᠨ  ᠬᠤᠷᠳᠤᠯᠠᠵᠠᠢ᠃      ᠮᠣᠩᠭᠤᠯ ᠮᠣᠷᠢᠨ ᠤ ᠬᠤᠯᠠ ᠶᠢᠨ ᠮᠣᠷᠢᠨ ᠤ ᠤᠷᠤᠯᠳᠤᠭᠠᠨ ᠳᠤ  86 ᠮᠣᠩᠭᠤᠯ ᠮᠣᠷᠢ 20 ᠺᠢᠯᠣᠮᠧᠲᠷ  ᠤᠨ ᠵᠠᠶ ᠪᠠᠷ ᠮᠣᠩᠭᠤᠯ ᠮᠣᠷᠢᠨ ᠤ ᠳᠠᠭᠠᠭᠠᠮᠠᠭᠠᠶ ᠬᠦᠴᠦᠨ ᠪᠠ ᠬᠤᠷᠳᠤᠴᠠ ᠶᠢ ᠭᠦᠶᠴᠡᠳ ᠬᠠᠷᠠᠭᠤᠯᠵᠤ᠂ ᠣᠷᠣᠯᠳᠣᠭᠠᠨ ᠤ ᠡᠴᠦᠰ ᠲᠤ ᠵᠡᠭᠦᠨ ᠦᠵᠦᠮᠦᠴᠢᠨ ᠬᠤᠰᠢᠭᠤᠨ ᠤ ᠴᠢᠨᠳᠠᠮᠤᠨᠢ  ᠶᠢᠨ ᠮᠣᠷᠢ ᠲᠡᠷᠢᠭᠦᠯᠡᠵᠦ᠂ ᠰᠥᠨᠢᠳ ᠪᠠᠷᠠᠭᠤᠨ ᠬᠤᠰᠢᠭᠤᠨ ᠤ   ᠲᠣᠯᠭ᠎ᠠ ᠶᠢᠨ ᠮᠣᠷᠢ ᠬᠤᠶᠠᠳᠤᠭᠠᠷ ᠲᠤ ᠂ ᠰᠥᠨᠢᠳ ᠵᠡᠭᠦᠨ ᠬᠤᠰᠢᠭᠤᠨ ᠤ  ᠬᠠᠶᠢᠷ᠎ᠠ ᠶᠢᠨ ᠮᠣᠷᠢ ᠭᠤᠷᠪᠠᠳᠤᠭᠠᠷ ᠲᠤ ᠂ ᠰᠢᠯᠤᠭᠤᠨ ᠬᠥᠪᠡᠭᠡᠲᠦ ᠴᠠᠭᠠᠨ ᠬᠤᠰᠢᠭᠤᠨ ᠤ  ᠭᠠᠨᠳᠢᠭ ᠤᠨ  ᠮᠣᠷᠢ ᠳᠥᠷᠪᠡᠳᠦᠭᠡᠷ ᠲᠤ ᠂ ᠰᠥᠨᠢᠳ ᠵᠡᠭᠦᠨ ᠬᠤᠰᠢᠭᠤᠨ ᠤ ᠵᠢᠷᠭᠠᠯᠠᠩ ᠤᠨ ᠮᠣᠷᠢ ᠲᠠᠪᠤᠳᠤᠭᠠᠷ ᠲᠤ  ᠲᠣᠰ ᠲᠣᠰ ᠬᠤᠷᠳᠣᠯᠠᠵᠦ᠂ ᠰᠢᠯᠤᠭᠤᠨ ᠬᠥᠬᠡ ᠬᠤᠰᠢᠭᠤᠨ ᠤ  ᠲᠦᠷᠦᠭᠦᠦ 10  ᠨᠡᠷ᠎ᠡ ᠮᠣᠷᠢᠳ ᠨᠢ ᠰᠢᠯᠢ ᠶᠢᠨ ᠭᠤᠣᠯ ᠠᠶᠢᠮᠠᠭ ᠤᠨ ᠮᠣᠩᠭᠤᠯ ᠮᠣᠷᠢᠨ ᠤ ᠬᠤᠯᠪᠣᠭᠠᠲᠤ ᠤᠷᠤᠯᠳᠤᠭᠠᠨ ᠤ ᠠᠶᠢᠮᠠᠭ ᠤᠨ ᠲᠡᠰ ᠤᠨ ᠶᠡᠷᠦᠩᠬᠡᠶ ᠰᠢᠶᠳᠪᠦᠷᠢᠲᠦ ᠤᠷᠤᠯᠳᠤᠭᠠᠨ ᠳᠤ ᠣᠷᠣᠯᠴᠠᠬᠤ ᠬᠢᠷᠢ ᠬᠡᠮ ᠢ ᠣᠯᠵᠠᠶ᠃        ᠵᠢᠶᠠᠩᠰᠦ ᠴᠠᠩᠵᠧᠦ ᠶᠢᠨ ᠵᠤᠭᠠᠴᠠᠭᠴᠢ ᠭᠤᠤ ᠶᠣᠣ ᠡᠯ᠄  ︽ᠪᠢᠳᠡ ᠵᠢᠶᠠᠩᠰᠦ ᠶᠢᠨ ᠴᠠᠩᠵᠧᠦ ᠠᠴᠠ ᠢᠷᠡᠭᠰᠡᠨ᠂ ᠬᠡᠳᠦᠶᠢᠪᠡᠷ ᠮᠢᠩᠭ᠎ᠠ ᠵᠢᠷᠭᠤᠭᠠᠨ ᠵᠠᠭᠤ ᠢᠯᠡᠭᠦᠦ ᠺᠢᠯᠣᠮᠧᠲᠷ ᠤᠨ ᠬᠤᠯᠠ ᠵᠠᠮ  ᠪᠣᠯᠪᠠᠴᠤ᠂ ᠪᠢᠳᠡ ᠥᠪᠡᠷ ᠢᠶᠠᠨ ᠮᠠᠰᠢᠨ ᠢᠶᠠᠨ ᠵᠢᠯᠣᠭᠤᠳᠴᠤ ᠢᠷᠡᠵᠡᠢ᠂  ᠣᠴᠢᠷ  ᠨᠢ ᠡᠨᠡ ᠬᠦ ᠲᠠᠯ᠎ᠠ ᠨᠤᠲᠤᠭ ᠢ ᠬᠦᠰᠡᠨ ᠮᠥᠷᠥᠭᠡᠳᠴᠦ᠂ ᠮᠣᠷᠢ ᠤᠨᠤᠬᠤ ᠬᠠᠯᠠᠭᠤᠨ ᠰᠡᠳᠬᠢᠯᠭᠡ ᠠᠴᠠ ᠪᠠᠨ ᠪᠣᠯᠵᠤ  ᠢᠷᠡᠵᠡᠢ᠃  ᠥᠨᠥᠳᠦᠷ  ᠠᠳᠡ ᠮᠠᠰᠢ ᠬᠦᠢᠲᠡᠨ᠂ ᠰᠠᠯᠬᠢ ᠶᠡᠭᠡ᠂ ᠭᠡᠪᠡᠴᠦ ᠣᠯᠠᠨ ᠢᠶᠠᠷ ᠢᠶᠠᠨ ᠪᠦᠷ ᠣᠷᠭᠢᠯᠤᠮ᠎ᠠ ᠬᠠᠯᠠᠭᠤᠨ ᠰᠡᠳᠬᠢᠯᠭᠡ ᠪᠠᠷ ᠣᠷᠣᠯᠳᠣᠭᠠᠨ ᠰᠣᠨᠢᠷᠬᠠᠵᠦ ᠪᠠᠶᠢᠨ᠎ᠠ ᠂ ᠰᠠᠶᠢᠬᠠᠨ ᠪᠠᠶᠢᠨ᠎ᠠ︾ ᠬᠡᠯ᠎ᠡ᠃      15 ᠺᠢᠯᠣᠮᠧᠲᠷ ᠤᠨ ᠬᠠᠮᠲᠤ ᠨᠢᠬᠡᠴᠢ ᠶᠢᠨ ᠤᠷᠤᠯᠳᠤᠭᠠᠨ ᠳᠤ 48 ᠠᠵᠢᠨᠠᠶ ᠬᠦᠯᠦᠭ‌ᠤᠷᠤᠯᠳᠤᠭᠠᠨ ‍ᠤ‌‍ᠲ᠋ᠤᠭᠤᠶᠢᠯᠠᠩ  ᠵᠣᠬᠢᠶᠠᠨ ᠪᠠᠢᠭᠤᠯᠵᠤ᠂ 3 ᠬᠥᠮᠦᠨ 3 ᠮᠣᠷᠢ  ᠨᠢᠭᠡ ᠲᠣᠭᠤᠶᠢᠯᠠᠩ ᠪᠣᠯᠵᠦ ᠂ 5 ᠺᠢᠯᠣᠮᠧᠲᠷ ᠢᠶᠠᠷ ᠨᠢᠭᠡ ᠤᠷᠤᠯᠳᠤᠭᠠᠨ ᠤ ᠬᠡᠰᠡᠭ  ᠪᠣᠯᠭᠠᠨ ᠣᠷᠣᠯᠳᠣᠵᠦ᠂  ᠤᠷᠤᠯᠳᠤᠭᠠᠨ ᠤ ᠡᠴᠦᠰ ᠲᠤ ᠵᠢᠭᠠᠰᠤᠲᠠᠢ ᠰᠤᠮᠤᠨ ᠤ  ᠨᠢᠬᠡᠳᠦᠬᠡᠷ ᠳᠤᠭᠤᠶᠢᠯᠠᠩ ᠲᠡᠷᠢᠬᠦᠨ ᠲᠤ ᠲᠣᠳᠣᠷᠠᠵᠦ᠂ ᠨᠠᠷᠠᠳᠤ ᠰᠤᠮᠤᠨ ᠤ ᠨᠢᠬᠡᠳᠦᠬᠡᠷ ᠳᠤᠭᠤᠶᠢᠯᠠᠩ ᠬᠤᠶᠠᠳᠤᠭᠠᠷ  ᠲᠤ ᠣᠷᠣᠵᠤ᠂ ᠰᠠᠶᠢᠨᠬᠤᠳᠳᠤᠭ ᠰᠤᠮᠤᠨ ᠤ ᠭᠤᠷᠪᠠᠳᠣᠭᠠᠷ ᠳᠤᠭᠤᠶᠢᠯᠠᠩ ᠭᠤᠷᠪᠠᠳᠤᠭᠠᠷ ᠲᠤ ᠣᠷᠣᠵᠠᠶ᠃ ᠤᠷᠤᠯᠳᠤᠭᠠᠨ  ᠤ ᠡᠮᠦᠨ᠎ᠡ 5 ᠳᠤᠭᠤᠶᠢᠯᠠᠩ ᠰᠢᠯᠢ ᠶᠢᠨ ᠭᠤᠣᠯ ᠠᠶᠢᠮᠠᠭ ᠤᠨ ᠮᠣᠩᠭᠤᠯ ᠮᠣᠷᠢᠨ ᠤ ᠬᠤᠯᠪᠣᠭᠠᠲᠤ ᠤᠷᠤᠯᠳᠤᠭᠠᠨ ᠤ ᠶᠡᠷᠦᠩᠬᠡᠶ ᠰᠢᠶᠳᠪᠦᠷᠢᠲᠦ ᠤᠷᠤᠯᠳᠤᠭᠠᠨ ᠳᠤ ᠣᠷᠣᠯᠴᠠᠬᠤ ᠬᠢᠷᠢ ᠬᠡᠮ ᠢ ᠣᠯᠵᠠᠶ᠃      ᠵᠢᠷᠤᠭ᠎ᠠ ᠮᠤᠷᠢᠨ ᠤ ᠤᠷᠤᠯᠳᠤᠭᠠᠨ ᠳᠤ᠂ 26 ᠵᠢᠷᠤᠭ᠎ᠠ ᠮᠣᠷᠢ ᠬᠤᠷᠳᠣᠯᠠᠵᠦ᠂    ᠣᠷᠣᠯᠳᠣᠭᠠᠨ ᠤ ᠡᠴᠦᠰ ᠲᠤ ᠰᠠᠩ ᠤᠨ ᠳᠠᠯᠠᠢ ᠪᠠᠯᠭᠠᠰᠤᠨ ᠤ  ᠴᠠᠩᠭᠢᠨᠠᠮ᠎ᠠ ᠶᠢᠨ ᠮᠣᠷᠢ ᠲᠡᠷᠢᠭᠦᠯᠡᠵᠦ᠂  ᠰᠠᠶᠢᠨᠬᠤᠳᠳᠤᠭ  ᠰᠤᠮᠤᠨ  ᠤ ᠥᠯᠵᠡᠶᠢᠨᠠᠷᠠᠨ ᠤ ᠮᠣᠷᠢ ᠬᠤᠶᠠᠳᠤᠭᠠᠷ ᠲᠤ᠂  ᠰᠠᠶᠢᠨᠬᠤᠳᠳᠤᠭ ᠰᠤᠮᠤᠨ ᠤ ᠵᠠᠩ ᠹᠧᠩ ᠭᠦᠸᠧ ᠶᠢᠨ ᠮᠣᠷᠢ ᠭᠤᠷᠪᠠᠳᠤᠭᠠᠷ ᠲᠤ ᠣᠷᠣᠵᠤ᠂  ᠲᠠᠪᠦ‍ ᠨᠢᠬᠡ ᠮᠠᠯᠵᠢᠯ ᠤᠨ ᠲᠠᠯᠠᠪᠠᠢ ᠶᠢᠨ ᠯᠢᠦ ᠵᠢᠶᠠᠨ ᠵᠢᠶᠦ᠋ᠨ ᠤ ᠮᠣᠷᠢ ᠳᠥᠷᠪᠡᠳᠦᠭᠡᠷ ᠲᠤ ᠂ ᠰᠠᠩ ᠤᠨ ᠳᠠᠯᠠᠢ ᠪᠠᠯᠭᠠᠰᠤᠨ ᠤ ᠡᠩᠬᠡᠪᠠᠲᠤ ᠶᠢᠨ ᠮᠣᠷᠢ ᠲᠠᠪᠤᠳᠤᠭᠠᠷ ᠲᠤ  ᠬᠤᠷᠳᠣᠯᠠᠵᠠᠢ᠃ ᠤᠷᠤᠯᠳᠤᠭᠠᠨ  ᠤ  ᠡᠮᠦᠨ᠎ᠡ 3  ᠨᠡᠷ᠎ᠡ  ᠮᠣᠷᠢ‌ᠨᠢ ᠰᠢᠯᠢ ᠶᠢᠨ ᠭᠤᠣᠯ ᠠᠶᠢᠮᠠᠭ ᠤᠨ ᠮᠣᠩᠭᠤᠯ ᠮᠤᠷᠢᠨ ᠤ ᠬᠤᠯᠪᠣᠭᠠᠲᠤ ᠤᠷᠤᠯᠳᠤᠭᠠᠨ ᠤ ᠠᠶᠢᠮᠠᠭ ᠤᠨ ᠲᠡᠰ ᠤᠨ ᠶᠡᠷᠦᠩᠬᠡᠢ ᠰᠢᠢᠳᠪᠦᠷᠢᠲᠦ ᠤᠷᠤᠯᠳᠤᠭᠠᠨ ᠳᠤ ᠣᠷᠣᠯᠴᠠᠬᠤ ᠬᠢᠷᠢ ᠬᠡᠮ ᠢ ᠣᠯᠵᠠᠢ᠃       ᠴᠠᠩᠭᠢᠨᠠᠮ᠎ᠠ᠄  ︽ᠥᠨᠥᠳᠦᠷ ᠪᠣᠷᠣᠭᠠᠨ ᠣᠷᠣᠵᠦ ᠠᠭᠤᠷ ᠠᠮᠢᠰᠬᠤᠯ ᠶᠡᠭᠡ ᠰᠠᠶᠢᠬᠠᠨ᠂ ᠨᠠᠭᠠᠳᠤᠮ ᠴᠤ ᠮᠠᠰᠢ ᠠᠮᠵᠢᠯᠲᠠ ᠲᠠᠢ᠂ ᠡᠨᠡ ᠤᠳᠠᠭ᠎ᠠ ᠪᠣᠯ ᠬᠤᠶᠠᠳᠠᠬᠢ ᠤᠳᠠᠭ᠎ᠠ ᠮᠣᠷᠢᠨ ᠤᠷᠤᠯᠳᠤᠭᠠᠨ ᠳᠤ ᠣᠷᠣᠯᠴᠠᠵᠤ ᠪᠠᠶᠢᠨ᠎ᠠ᠂ ᠪᠢ 2024 ᠣᠨ ᠳᠤ ᠰᠢᠯᠢ ᠶᠢᠨ ᠭᠤᠤᠯ ᠠᠶᠢᠮᠠᠭ ᠤᠨ ᠮᠣᠩᠭᠤᠯ ᠮᠣᠷᠢᠨ ᠤ  ᠬᠤᠯᠪᠣᠭᠠᠲᠤ ᠤᠷᠤᠯᠳᠤᠭᠠᠨ ᠤ ᠰᠢᠯᠤᠭᠤᠨ ᠬᠥᠬᠡ ᠬᠤᠰᠢᠭᠤᠨ ᠤ ᠬᠤᠪᠢᠶᠠᠷᠢ ᠲᠠᠯᠠᠪᠠᠶ ᠣᠷᠣᠯᠳᠣᠭᠠᠨ‌‍ᠳᠤ ᠬᠤᠶᠠᠳᠤᠭᠠᠷ ᠲᠤ ᠣᠷᠣᠵᠤ᠂ ᠰᠢᠯᠢ ᠶᠢᠨ ᠭᠤᠤᠯ ᠠᠶᠢᠮᠠᠭ ᠤᠨ ᠮᠣᠩᠭᠤᠯ ᠮᠣᠷᠢᠨ ᠤ  ᠬᠤᠯᠪᠣᠭᠠᠲᠤ ᠤᠷᠤᠯᠳᠤᠭᠠᠨ ᠤ ᠰᠢᠶᠳᠪᠦᠷᠢᠲᠦ ᠤᠷᠤᠯᠳᠤᠭᠠᠨ ᠳᠤ  ᠮᠦᠨ ᠲᠣᠰ ᠮᠣᠷᠢ ᠨᠢᠭᠡᠳᠦᠭᠡᠷ ᠲᠤ ᠣᠷᠣᠵᠠᠢ᠃ ᠥᠨᠥᠳᠦᠷ  ᠵᠢᠷᠤᠭ᠎ᠠ‌ᠮᠣᠷᠢᠨ ᠤᠷᠤᠯᠳᠤᠭᠠᠨ  ᠳᠤ  ᠲᠡᠷᠢᠬᠦᠯᠦᠭᠰᠡᠨ  ᠳᠤ ᠪᠠᠨ ᠮᠠᠰᠢ ᠪᠠᠶᠠᠷᠲᠠᠶ ᠪᠠᠶᠢᠨ᠎ᠠ︾ ᠬᠡᠯ᠎ᠡ᠃        ᠤᠷᠤᠯᠳᠤᠭᠠᠨ ᠳᠤ ᠪᠠᠰᠠ  ᠰᠢᠯᠢᠳᠡᠭ ᠮᠣᠷᠢ᠂  ᠰᠢᠯᠢᠳᠡᠭ ᠤᠨᠤᠭᠴᠢ ᠶᠢᠨ ᠱᠠᠩᠨᠠᠯ ᠪᠠ ᠬᠠᠮᠤᠭ ᠰᠠᠶᠢᠨ ᠵᠣᠬᠢᠶᠠᠨ ᠪᠠᠶᠢᠭᠤᠯᠣᠠᠠᠴᠢ ᠶᠢᠨ ᠱᠠᠩᠨᠠᠯ  ᠲᠣᠬᠢᠷᠠᠭᠤᠯᠵᠠᠢ᠃  
 
ᠢᠷᠡᠯᠲᠡ᠄ ᠰᠢᠯᠤᠭᠤᠨ ᠬᠥᠬᠡ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号