ᠠᠳᠤᠭᠤᠨ ᠤ ᠦᠭᠭᠦᠭᠡᠵᠢ ᠴᠢᠨᠠᠷ
ᠨᠡᠶᠢᠲᠡᠯᠡᠭᠰᠡᠨ ᠴᠠᠭ᠄
2016/12/14
         ᠠᠳᠤᠭᠤ ᠭᠡᠳᠡᠭ ᠠᠮᠢᠳᠠᠨ ᠡᠪᠡᠰᠤᠨ ᠤ ᠰᠤᠷᠭᠤᠭ ᠢ ᠢᠳᠡᠵᠤ᠂ ᠤᠰᠤᠨ ᠤ ᠲᠤᠩᠭᠠᠯᠠᠭ ᠢ ᠤᠤᠭᠤᠳᠠᠭ ᠴᠡᠪᠡᠷ  ᠢᠳᠡᠰᠢᠳᠤ ᠮᠠᠯ ᠶᠤᠮ᠃          ᠠᠳᠤᠭᠤᠨ ᠳᠤ ᠭᠦᠵᠡᠭᠡ ᠪᠠᠶᠢᠬᠤ ᠦᠭᠡᠢ ᠪᠤᠯᠬᠤᠷ ᠬᠠᠯᠳᠠᠷ ᠬᠤᠮᠤᠤᠯ ᠨᠢ ᠨᠠᠮᠤᠷ ᠤᠨ ᠲᠠᠷᠭᠤ ᠠᠪᠬᠤ  ᠦᠶ᠎ᠡ ᠳᠤ ᠢᠳᠡᠰᠢᠯᠡᠭᠦ ᠪᠡᠯᠴᠢᠭᠡᠷ ᠤᠨ ᠡᠪᠡᠰᠤ ᠨᠤᠭᠤᠭᠠᠨ ᠤ ᠠᠮᠳᠠ ᠰᠢᠮ᠎ᠡ ᠶᠢ ᠲᠡᠷᠡ ᠴᠢᠭ ᠢᠶᠠᠷ ᠨᠢ ᠬᠠᠳᠠᠭᠠᠯᠠᠳᠠᠭ  ᠪᠠᠶᠢᠨ᠎ᠠ᠃ ᠲᠡᠶᠢᠮᠤ ᠠᠴᠠ ᠨᠠᠮᠤᠷ ᠤᠨ ᠬᠠᠯᠳᠠᠷ ᠬᠤᠮᠤᠤᠯ ᠨᠢ ᠡᠪᠤᠯ ᠤᠨ ᠲᠠᠷᠴᠢᠭ ᠴᠠᠭ ᠲᠤ ᠬᠤᠨᠢ ᠦᠭᠡᠷ ᠤᠨ  ᠰᠠᠶᠢᠨ ᠲᠡᠵᠢᠭᠡᠯ ᠪᠤᠯᠳᠠᠭ ᠰᠤᠨᠢᠨ ᠭᠠᠶᠢᠬᠠᠯᠳᠠᠢ ᠲᠤᠷᠰᠢᠯᠭ᠎ᠠ ᠪᠤᠢ᠃ ᠨᠠᠮᠤᠷ ᠤᠨ ᠬᠠᠯᠳᠠᠷ ᠬᠤᠮᠤᠤᠯ ᠢᠶᠠᠷ  ᠲᠡᠵᠢᠭᠡᠭᠰᠡᠨ ᠲᠤᠭᠤᠯ ᠪᠢᠷᠠᠭᠤ ᠬᠠᠷ᠎ᠠ ᠮᠢᠬ᠎ᠠ ᠰᠠᠭᠤᠳᠠᠭ ᠭᠡᠵᠤ ᠨᠠᠰᠤᠳᠠᠶᠢᠴᠤᠳ ᠶᠠᠷᠢᠳᠠᠭ᠃ ᠡᠨᠡ ᠨᠢ ᠨᠠᠮᠤᠷ ᠤᠨ  ᠬᠠᠯᠳᠠᠷ ᠬᠤᠮᠤᠤᠯ ᠨᠡᠯᠢᠶᠡᠳ ᠰᠢᠮ᠎ᠡ ᠲᠠᠢ ᠪᠠᠶᠢᠳᠠᠭ ᠢ ᠬᠠᠷᠠᠭᠤᠯᠵᠤ ᠪᠠᠶᠢᠨ᠎ᠠ᠃ ᠨᠠᠮᠤᠷ ᠤᠨ ᠬᠠᠯᠳᠠᠷ ᠬᠤᠮᠤᠤᠯ ᠢ  ᠲᠤᠮᠤ ᠤᠭᠤᠳᠠ ᠪᠠᠷ ᠴᠤᠭᠯᠠᠭᠤᠯᠤᠭᠠᠳ ᠡᠪᠤᠯ ᠦᠭᠡᠷ ᠲᠤ ᠦᠭᠭᠦ ᠳᠤ ᠪᠤᠯᠢᠶᠠᠯᠴᠠᠭᠠᠳ ᠢᠳᠡᠴᠢᠭᠡᠳᠡᠭ᠃ ᠮᠠᠯ  ᠭᠢᠮᠳᠠᠷᠠᠵᠤ ᠡᠪᠡᠰᠤ ᠦᠨ᠎ᠡ ᠤᠷᠤᠭᠰᠠᠨ ᠡᠨᠡᠭᠦ ᠴᠠᠭ ᠲᠤ ᠨᠠᠮᠤᠷ ᠤᠨ ᠬᠠᠯᠳᠠᠷ ᠬᠤᠮᠤᠤᠯ ᠢ ᠴᠤᠬᠯᠠᠭᠤᠯᠵᠤ ᠮᠠᠯ ᠢᠶᠠᠨ  ᠳᠡᠵᠢᠭᠡᠭᠦ ᠨᠢ ᠮᠦᠨ ᠴᠤ ᠶᠡᠭᠡ ᠠᠰᠢᠬᠳᠠᠢ ᠶᠠᠪᠤᠳᠠᠯ ᠡ᠃ ᠡᠨᠡ ᠪᠤᠯ ᠠᠳᠤᠭᠤᠨ ᠤ ᠭᠠᠶᠢᠬᠠᠯᠳᠠᠢ ᠭᠡᠮᠡᠷ ᠦᠭᠭᠦᠭᠡᠵᠢ  ᠪᠤᠯᠤᠨ᠎ᠠ᠃          ᠠᠷᠪᠠᠭᠠᠳ ᠵᠢᠯ ᠭᠡᠭᠦᠤ ᠰᠠᠭᠠᠵᠤ ᠪᠠᠶᠢᠭ᠎ᠠ ᠭᠦᠮᠤᠨ ᠤ ᠬᠤᠪᠢ ᠳᠤ ᠴᠡᠭᠡ ᠢᠰᠭᠡᠭᠦ᠂ ᠭᠡᠭᠦᠤ ᠨᠤᠮᠤᠳᠬᠠᠬᠤ  ᠲᠠᠯ᠎ᠠ ᠪᠠᠷ ᠲᠦᠭᠦᠮ ᠪᠢᠴᠢᠵᠤ᠂ ᠡᠭᠦᠨ ᠠᠴᠠ ᠤᠯᠪᠠᠭᠠᠯᠠᠨ ᠠᠳᠤᠭᠤᠨ ᠤ ᠦᠭᠭᠦᠭᠡᠵᠢ ᠶᠢᠨ ᠦᠯᠡᠮᠵᠢ ᠴᠢᠨᠠᠷ ᠢ  ᠲᠦᠭᠦᠮᠴᠢᠯᠡᠨ ᠲᠤᠭᠠᠴᠢᠶ᠎ᠠ᠃ ᠴᠡᠭᠡ ᠶᠢ ᠤᠰᠤ ᠠᠰᠬᠠᠭᠰᠠᠨ ᠰᠡᠷᠢᠭᠦᠨ ᠭᠡᠷ ᠲᠤ ᠭᠠᠵᠠᠷ ᠤᠬᠤᠵᠤ ᠭᠠᠩ ᠢᠶᠠᠨ  ᠰᠠᠭᠤᠯᠭᠠᠭᠠᠳ ︵ᠠᠭᠠᠷ ᠨᠡᠪᠳᠡᠷᠡᠭᠦ ᠨᠢ ᠢᠯᠡᠭᠦᠤ ᠲᠤᠯᠠ ᠮᠤᠩᠭᠤᠯ ᠭᠡᠷ ᠨᠢ ᠰᠠᠶᠢᠨ︶᠂ ᠤᠷᠳᠤ ᠬᠤᠭᠤᠴᠠᠭ᠎ᠠ  ᠠᠶ᠎ᠠ ᠪᠠᠷ ᠨᠢ ᠪᠦᠯᠢᠯᠭᠡ ᠶᠢ ᠨᠢ ᠭᠦᠢᠴᠡᠭᠡᠵᠤ ᠢᠰᠭᠡᠪᠡᠯ ᠠᠮᠳᠠ ᠴᠢᠨᠠᠷ ᠤᠨ ᠬᠤᠪᠢ ᠳᠤ ᠢᠯᠡᠭᠦᠤ ᠰᠠᠶᠢᠨ ᠪᠤᠯᠳᠠᠭ᠃  ᠡᠯᠳᠡᠪ ᠤᠨ ᠪᠤᠳᠠᠰ ᠭᠢᠵᠤ ᠬᠠᠯᠠᠭᠤᠨ ᠨᠠᠷᠠᠨ ᠳᠤ ᠠᠯᠪᠠ ᠪᠠᠷ ᠢᠰᠭᠡᠭᠰᠡᠨ ᠴᠡᠭᠡ ᠰᠢᠷ᠎ᠠ ᠤᠰᠤ ᠲᠤᠨᠤᠬᠤ ᠨᠢ  ᠬᠤᠷᠳᠤᠨ᠂ ᠠᠮᠳᠠ ᠨᠢ ᠲᠡᠳᠤᠢ ᠰᠠᠶᠢᠨ ᠪᠤᠯᠳᠠᠭ ᠦᠭᠡᠢ᠃ ᠡᠭᠢᠯᠡᠭᠡᠳ ᠭᠦᠷᠦᠩᠭᠡ ᠪᠠᠨ ᠰᠠᠶᠢᠬᠠᠨ ᠭᠠᠷᠭᠠᠨ ᠠᠪᠴᠤ  ᠂ ᠠᠰ ᠲᠤᠨᠢ ᠰᠠᠶᠢᠳᠤᠷ ᠬᠠᠳᠠᠭᠠᠯᠠᠵᠤ᠂ ᠲᠠᠭᠢᠨ ᠵᠠᠯᠬᠠᠭᠤᠷᠠᠯ ᠦᠭᠡᠢ ᠪᠦᠯᠢᠵᠤ ᠯᠡ ᠪᠠᠶᠢᠪᠠᠯ ᠴᠡᠭᠡ ᠶᠢᠨ ᠢᠶᠠᠨ ᠴᠢᠨᠠᠷ  ᠠᠮᠳᠠ ᠶᠢ ᠪᠠᠳᠤᠯᠠᠵᠤ ᠴᠢᠳᠠᠨ᠎ᠠ᠃          ᠰᠦᠨᠢᠳ ᠤᠨ ᠬᠤᠶᠢᠳᠤ ᠪᠡᠶ᠎ᠡ ᠨᠢ ᠡᠪᠡᠰᠤ ᠤᠷᠭᠤᠮᠠᠯ ᠲᠠᠴᠢᠷᠬᠠᠨ ᠴᠤ ᠲᠦᠷᠦᠯ ᠤᠯᠠᠨ ᠰᠢᠮ᠎ᠡ ᠲᠡᠵᠢᠭᠡᠯ  ᠰᠠᠶᠢᠳᠠᠢ ᠪᠠᠶᠢᠳᠠᠭ ᠲᠤᠯᠠ ᠲᠡᠭᠦᠨ ᠢ ᠪᠠᠨ ᠲᠠᠭᠠᠭᠠᠳ ᠰᠦᠨᠢᠳ ᠴᠡᠭᠡ ᠰᠠᠶᠢᠬᠠᠨ ᠠᠮᠳᠠ ᠲᠠᠢ ᠪᠤᠯᠳᠠᠭ᠃ ᠡᠭᠦᠨ ᠤ  ᠵᠡᠷᠭᠡᠴᠡᠭᠡ ᠰᠠᠶᠢᠬᠠᠨ ᠢᠰᠭᠡᠭᠰᠡᠨ ᠴᠡᠭᠡ ᠳᠤ ᠪᠠᠨ ᠦᠴᠤᠭᠡᠨ ᠰᠢᠨᠤᠯ ᠠᠴᠠ ᠪᠤᠯᠵᠤ ᠡᠯᠳᠡᠪ ᠵᠦᠢᠯ ᠤᠨ ᠶᠠᠭᠤᠮ᠎ᠠ  ᠬᠤᠯᠢᠬᠤ ᠦᠭᠡᠢ ᠪᠠᠶᠢᠵᠤ᠂ ᠴᠢᠨᠠᠷ ᠪᠤᠯᠤᠨ ᠨᠡᠷ᠎ᠡ ᠭᠦᠨᠳᠤ ᠶᠢ ᠨᠢ ᠤᠨᠠᠭᠠᠬᠤ ᠦᠭᠡᠢ ᠶᠢ ᠭᠢᠴᠢᠶᠡᠭᠦ ᠨᠢ ᠴᠢᠬᠤᠯᠠ  ᠶᠤᠮ᠃ ᠪᠠᠶᠢᠭᠠᠯᠢ ᠶᠢᠨ ᠲᠠᠩᠰᠤᠭ ᠲᠤ ᠲᠡᠵᠢᠭᠡᠯ ᠠᠪᠤᠭᠰᠠᠨ ᠭᠡᠭᠦᠤ ᠪᠠᠨ ᠰᠠᠭᠠᠵᠤ᠂ ᠤᠯᠠᠮᠵᠢᠯᠠᠯᠳᠤ ᠠᠷᠭ᠎ᠠ ᠪᠠᠷ  ᠴᠡᠭᠡ ᠪᠠᠨ ᠢᠰᠭᠡᠵᠤ᠂ ᠠᠮᠳᠠ ᠴᠢᠨᠠᠷ ᠢ ᠨᠢ ᠡᠳ᠋ᠯᠡᠪᠠᠯ ᠡᠷᠡᠭᠦᠯ ᠮᠡᠨᠳᠤ ᠶᠠᠪᠤᠬᠤ ᠪᠤᠯᠤᠨ᠎ᠠ᠃ ᠡᠨᠡ ᠨᠢ ᠮᠦᠨᠴᠤ  ᠠᠳᠤᠭᠤᠨ ᠤ ᠭᠦᠰᠡᠯᠳᠡᠢ ᠦᠭᠭᠦᠭᠡᠵᠢ ᠴᠢᠨᠠᠷ ᠪᠤᠯᠬᠤ ᠶᠤᠮ᠃          ᠬᠤᠷᠳᠤᠨ ᠮᠤᠷᠢ ᠶᠢ ᠲᠠᠭᠠᠭᠠᠳ ᠮᠤᠩᠭᠤᠯ ᠤᠨ ᠤᠯᠠᠨ ᠰᠠᠶᠢᠬᠠᠨ ᠰᠤᠶᠤᠯ ᠬᠠᠳᠠᠭᠠᠯᠠᠭᠳᠠᠵᠤ ᠪᠠᠶᠢᠳᠠᠭ᠃ ᠮᠤᠷᠢ  ᠤᠶᠠᠵᠤ ᠪᠠᠶᠢᠭ᠎ᠠ ᠭᠦᠮᠤᠨ ᠭᠦᠮᠤᠨ ᠲᠠᠢ ᠡᠪᠳᠡᠢ ᠪᠠᠶᠢᠬᠤ ᠶᠢ ᠢᠮᠠᠭᠳᠠ ᠭᠢᠴᠢᠶᠡᠵᠤ᠂ ᠡᠯᠳᠡᠪ ᠪᠤᠵᠠᠷ ᠵᠦᠢᠯ ᠠᠴᠠ  ᠬᠤᠯᠠ ᠶᠠᠪᠤᠳᠠᠭ᠃ ᠤᠶᠠᠭᠠᠨ ᠲᠡᠭᠡᠷ᠎ᠡ ᠪᠠᠨ ᠪᠠᠶᠢᠬᠤ ᠳᠤ ᠪᠠᠨ ᠭᠦᠮᠤᠨ ᠲᠠᠢ ᠠᠭᠤᠯᠵᠠᠵᠤ᠂ ᠠᠶᠢᠯ ᠳᠤ  ᠤᠷᠤᠬᠤ ᠳᠠᠭᠠᠨ ᠴᠤ ᠮᠤᠩᠭᠤᠯ ᠤᠨ ᠦᠶ᠎ᠡ ᠤᠯᠠᠮᠵᠢᠯᠠᠵᠤ ᠢᠷᠡᠭᠰᠡᠨ ᠪᠡᠯᠭᠡ ᠲᠡᠮᠪᠡᠷᠢᠯ ᠲᠠᠢ ᠦᠭᠡ ᠶᠢ ᠶᠠᠷᠢᠵᠤ᠂  ᠮᠡᠨᠳᠤᠴᠢᠯᠡᠯ ᠲᠡᠪᠰᠢᠭᠦᠯᠵᠤ᠂ ᠮᠤᠩᠭᠤᠯ ᠲᠡᠷᠯᠢᠭ ᠲᠡᠪᠡᠯ ᠢᠶᠠᠨ ᠡᠮᠤᠰᠴᠤ᠂ ᠮᠤᠷᠢ ᠭᠡᠤᠭᠡᠳ ᠢᠶᠠᠨ ᠠᠯᠢ ᠰᠠᠶᠢᠬᠠᠨ  ᠵᠠᠰᠠᠯ ᠴᠢᠮᠡᠭᠯᠡᠯ ᠢᠶᠠᠷ ᠭᠤᠶᠤᠯᠠᠵᠤ ᠶᠠᠪᠤᠪᠠᠯ ᠰᠠᠶᠢᠬᠠᠨ ᠪᠢᠯᠡ᠃ ᠡᠳᠡᠭᠡᠷ ᠨᠢ ᠡᠷᠭᠢᠭᠡᠳ ᠤᠨᠤᠭᠠᠴᠢ ᠭᠡᠤᠭᠡᠳ ᠤᠨ  ᠤᠢ ᠤᠬᠠᠭᠠᠨ ᠳᠤ ᠵᠦᠪ ᠡᠷᠴᠢᠮ ᠭᠦᠴᠤ ᠪᠤᠶᠤ ᠵᠤᠷᠢᠭᠵᠢᠭᠤᠯᠤᠯ ᠪᠤᠯᠳᠠᠭ᠃ ᠪᠠᠭ᠎ᠠ ᠠᠴᠠ ᠪᠠᠨ ᠤᠷᠤᠯᠳᠤᠭᠠᠨ  ᠮᠤᠷᠢ ᠤᠨᠤᠭᠰᠠᠨ ᠭᠡᠤᠭᠡᠳ ᠮᠤᠷᠢ ᠤᠨᠤᠳᠠᠭ ᠦᠭᠡᠢ ᠭᠡᠤᠭᠡᠳ ᠢ ᠪᠤᠳᠤᠪᠠᠯ ᠮᠠᠯ ᠳᠤ ᠢᠯᠡᠭᠦᠤ ᠬᠠᠶᠢᠷᠠᠳᠠᠢ᠃  ᠬᠤᠵᠢᠮ ᠮᠠᠯᠴᠢᠨ ᠪᠤᠯᠤᠭᠰᠠᠨ ᠴᠤ ᠰᠠᠶᠢᠨ ᠮᠠᠯᠴᠢᠨ᠂ ᠨᠡᠶᠢᠭᠡᠮ ᠳᠤ ᠭᠠᠷᠤᠭᠠᠳ ᠭᠦᠮᠤᠨ ᠲᠠᠢ ᠵᠦᠪ ᠰᠠᠶᠢᠬᠠᠨ  ᠬᠠᠷᠢᠴᠠᠵᠤ ᠴᠢᠳᠠᠳᠠᠭ ᠭᠦᠮᠤᠨ ᠪᠤᠯᠳᠠᠭ᠃ ᠨᠡᠩ ᠢᠯᠠᠩᠭᠤᠶ ᠎ᠠ ᠪᠡᠶ᠎ᠡ ᠶᠢᠨ ᠦᠰᠤᠨ ᠪᠤᠶᠢᠵᠢᠯᠳᠠ ᠪᠠ ᠪᠡᠶ᠎ᠡ ᠪᠠᠨ  ᠲᠠᠭᠠᠭᠠᠬᠤ ᠴᠢᠳᠠᠪᠤᠷᠢ ᠶᠢᠨ ᠲᠠᠯ ᠎ᠠ ᠪᠠᠷ ᠬᠤᠯᠠ ᠢᠯᠡᠭᠦᠤ ᠪᠠᠶᠢᠳᠠᠭ᠃ ᠵᠢᠷᠠᠨ ᠭᠠᠵᠠᠷ ᠤᠨ ᠤᠷᠳᠤ ᠵᠠᠮ ᠳᠤ ᠲᠠᠪᠤ  ᠵᠢᠷᠭᠤᠭᠠᠨ ᠨᠠᠰᠤᠳᠠᠢ ᠭᠡᠤᠭᠡᠳ ᠭᠠᠭᠴᠠᠭᠠᠷ ᠢᠶᠠᠨ ᠡᠵᠡᠨ ᠮᠡᠳᠡᠵᠤ᠂ ᠠᠮᠤᠰᠭᠢᠬᠤ ᠭᠠᠵᠠᠷ ᠲᠤ ᠨᠢ ᠠᠮᠤᠰᠭᠢᠯᠭᠡᠵᠤ᠂  ᠬᠤᠷᠳᠤ ᠨᠡᠮᠡᠭᠦ ᠭᠠᠵᠠᠷ ᠲᠤ ᠨᠢ ᠬᠤᠷᠳᠤ ᠨᠡᠮᠡᠵᠤ᠂ ᠤᠢ ᠤᠬᠠᠭᠠᠨ ᠭᠦᠴᠤᠨ ᠴᠢᠳᠠᠯ ᠢᠶᠠᠨ ᠰᠢᠪᠬᠠᠨ ᠪᠠᠶᠢᠵᠤ  ᠤᠨᠤᠳᠠᠭ ᠪᠤᠯᠬᠤᠷ ᠡᠷᠳᠡ ᠪᠡᠶ᠎ᠡ ᠪᠠᠨ ᠲᠠᠭᠠᠭᠠᠬᠤ ᠴᠢᠳᠠᠪᠤᠷᠢ ᠲᠠᠢ ᠪᠤᠯᠳᠠᠭ᠃ ᠢᠡᠭᠭᠢᠭᠦᠯᠡᠷ ᠠᠳᠤᠭᠤᠨ ᠰᠤᠶᠤᠯ  ᠭᠦᠮᠤᠨ ᠪᠤᠯᠬᠤ ᠶᠢᠨ ᠶᠤᠰᠤ ᠶᠢ ᠰᠤᠷᠭᠠᠵᠤ ᠪᠤᠯᠪᠠᠰᠤᠷᠠᠭᠤᠯᠳᠠᠭ ᠦᠭᠭᠦᠭᠡᠵᠢ ᠴᠢᠨᠠᠷ ᠲᠠᠢ ᠪᠠᠶᠢᠳᠠᠭ᠃          ᠠᠳᠤᠭᠤᠨ ᠤ ᠪᠠᠰᠠ ᠨᠢᠭᠡ ᠴᠢᠬᠤᠯᠠ ᠭᠡᠷᠡᠭᠴᠡᠭᠡ ᠦᠭᠭᠦᠭᠡᠵᠢ ᠲᠠᠢ ᠵᠦᠢᠯ ᠪᠤᠯ ᠠᠳᠤᠭᠤ ᠰᠢᠪᠡᠭᠡ ᠡᠪᠡᠰᠤ ᠶᠢ  ᠢᠳᠡᠳᠡᠭ᠃ ᠡᠨᠡ ᠭᠡᠳᠤᠨ ᠵᠢᠯ ᠬᠤᠷᠠᠭᠠᠨ ᠤ ᠰᠢᠪᠡᠭᠡ ᠲᠠᠢ ᠠᠷᠠᠰᠤ ᠨᠢ ᠰᠤᠬᠤᠷ ᠵᠤᠭᠤᠰ ᠴᠤ ᠭᠦᠷᠭᠦ ᠦᠭᠡᠢ  ᠪᠤᠯᠵᠠᠢ᠃ ᠲᠤᠯᠤᠭᠠᠨ ᠰᠠᠷ᠎ᠠ ᠭᠠᠷᠤᠭᠠᠳ ᠬᠠᠳᠠᠵᠤ ᠬᠤᠷᠪᠤᠶᠢᠬᠤ ᠪᠠᠷ ᠢᠶᠠᠨ ᠰᠢᠪᠡᠭᠡ ᠬᠤᠷᠠᠭᠠᠨ ᠠᠷᠠᠰᠤᠨ ᠳᠤ  ᠰᠢᠪᠠᠨ ᠤᠷᠤᠳᠠᠭ᠃ ᠨᠢᠯᠬ᠎ᠠ ᠰᠢᠪᠡᠭᠡᠨ ᠳᠤ ᠠᠳᠤᠭᠤ ᠲᠤᠷᠠᠳᠠᠢ ᠲᠤᠯᠠ ᠶᠠᠪᠤᠳᠠᠯ ᠲᠤᠮᠳᠠ ᠪᠠᠨ ᠲᠠᠰᠤᠳᠠᠵᠤ  ᠢᠳᠡᠭᠡᠳ ᠪᠠᠶᠢᠳᠠᠭ᠃ ᠪᠠᠭ᠎ᠠ ᠭᠡᠪᠴᠢᠶᠡᠨ ᠤ ᠲᠤᠤᠷ ᠭᠦᠷᠢᠶᠡᠨ ᠳᠤ ᠰᠢᠪᠡᠭᠡ ᠨᠢᠯᠬ᠎ᠠ ᠪᠠᠶᠢᠭ᠎ᠠ ᠦᠶ᠎ᠡ ᠳᠤᠨᠢ ᠠᠮᠵᠢᠵᠤ  ᠠᠳᠤᠭᠤ ᠪᠠᠨ ᠤᠷᠤᠭᠤᠯᠵᠤ ᠢᠳᠡᠭᠦᠯᠪᠡᠯ᠂ ᠠᠳᠤᠭᠤ ᠰᠢᠪᠡᠭᠡ ᠶᠢ ᠬᠠᠳᠤᠭᠰᠠᠨ ᠰᠢᠭ᠋ ᠦᠯᠡᠳᠡᠭᠡᠭᠦ ᠦᠭᠡᠢ  ᠢᠳᠡᠴᠢᠭᠡᠳᠡᠭ ᠪᠤᠯᠬᠤᠷ ᠲᠡᠷᠡ ᠲᠤᠤᠷ ᠭᠦᠷᠢᠶᠡᠨ ᠳᠤ ᠪᠠᠨ ᠬᠤᠨᠢ ᠪᠠᠨ ᠤᠷᠤᠭᠤᠯᠵᠤ ᠪᠡᠯᠴᠢᠭᠡᠪᠡᠯ ᠰᠢᠪᠡᠭᠡ ᠠᠴᠠ  ᠰᠡᠷᠭᠡᠶᠢᠯᠡᠵᠤ ᠴᠢᠳᠠᠨ᠎ᠠ᠃ ᠤᠴᠢᠷ ᠨᠢ ᠬᠤᠷᠠᠭ᠎ᠠ ᠵᠠᠷᠤᠬᠤ ᠠᠴᠠ ᠨᠢᠭᠡ ᠬᠤᠶᠠᠷ ᠰᠠᠷ᠎ᠠ ᠶᠢᠨ ᠡᠮᠤᠨ᠎ᠡ ᠯᠡ ᠰᠢᠪᠡᠭᠡ  ᠬᠠᠳᠠᠵᠤ ᠵᠡᠭᠦᠤᠰᠢᠨ᠂ ᠠᠷᠠᠰᠤᠨ ᠳᠤᠨᠢ ᠰᠢᠪᠡᠨ ᠤᠷᠤᠬᠤ ᠲᠤᠯᠠ ᠡᠨᠡᠭᠦ ᠤᠬᠤᠷᠬᠠᠨ ᠬᠤᠭᠤᠴᠠᠭᠠᠨ ᠳᠤ ᠵᠠᠪᠳᠤᠵᠤ  ᠠᠳᠤᠭᠤᠨ ᠳᠤ ᠢᠳᠡᠭᠦᠯᠪᠡᠯ ᠠᠳᠤᠭᠤᠨ ᠤ ᠪᠠᠨ ᠰᠠᠶᠢᠨ ᠢᠶᠠᠷ ᠰᠢᠪᠡᠭᠡ ᠦᠭᠡᠢ ᠠᠷᠠᠰᠤ ᠵᠠᠷᠤᠬᠤ ᠪᠦᠷᠢᠨ  ᠪᠤᠯᠤᠯᠴᠠᠭ᠎ᠠ ᠲᠠᠢ ᠪᠤᠯᠤᠨ᠎ᠠ᠃ ᠡᠭᠦᠨ ᠤ ᠵᠡᠷᠭᠡᠴᠡᠭᠡ ᠪᠠᠷ ᠠᠳᠤᠭᠤ ᠲᠠᠢ ᠲᠤᠤᠷ ᠨᠤᠭᠤᠭᠠᠷᠠᠵᠤ ᠪᠠᠶᠢᠬᠤ ᠳᠤ ᠬᠠᠵᠠᠭᠤ  ᠲᠠᠯ ᠎ᠠ ᠳᠤᠨᠢ ᠬᠤᠨᠢ ᠪᠡᠯᠴᠢᠳᠡᠭ ᠲᠤᠤᠷ ᠨᠢ ᠬᠠᠷᠢᠨ ᠭᠢᠯᠭᠠᠨ᠎ᠠ ᠰᠢᠪᠡᠭᠡ ᠬᠠᠯᠢᠭᠤᠷᠠᠵᠤ ᠴᠠᠶᠢᠷᠠᠨ ᠪᠠᠶᠢᠳᠠᠭ ᠨᠢ  ᠠᠳᠤᠭᠤ ᠪᠠᠰᠠ ᠪᠡᠯᠴᠢᠭᠡᠷ ᠤᠨ ᠡᠪᠡᠰᠤᠨ ᠤ ᠲᠦᠷᠦᠯ ᠪᠠ ᠴᠢᠨᠠᠷ ᠲᠤ ᠡᠶᠡᠷᠭᠦ ᠨᠦᠯᠦᠭᠡ ᠦᠵᠡᠭᠦᠯᠵᠤ᠂ ᠮᠦᠨᠴᠤ  ᠮᠠᠯᠵᠢᠯᠭ᠎ᠠ ᠠᠮᠢᠳᠤᠷᠠᠯ ᠳᠤ ᠦᠭᠭᠦᠭᠡᠵᠢ ᠪᠤᠯᠳᠠᠭ ᠢ ᠬᠠᠷᠠᠭᠤᠯᠵᠤ ᠪᠤᠢ᠃          ᠡᠭᠦᠨ ᠠᠴᠠ ᠭᠠᠳᠠᠨ᠎ᠠ ᠠᠳᠤᠭᠤᠨ ᠰᠤᠶᠤᠯ ᠢᠶᠠᠨ ᠳᠡᠭᠡᠳᠦᠯᠡᠨ ᠶᠠᠪᠤᠭ᠎ᠠ ᠭᠦᠮᠦᠰ ᠢ ᠨᠡᠶᠢᠭᠡᠮ ᠠᠴᠠ ᠭᠦᠨᠳᠦᠳᠭᠡᠨ  ᠂ ᠠᠳᠤᠭᠤᠨ ᠰᠤᠶᠤᠯ ᠢᠶᠠᠨ ᠠᠵᠤ ᠦᠢᠯᠡᠰᠵᠢᠭᠦᠯᠪᠠᠯ ᠮᠦᠨ ᠠᠰᠤᠷᠤ ᠶᠡᠭᠡ ᠦᠭᠭᠦᠭᠡᠵᠢ ᠪᠤᠯᠤᠨ᠎ᠠ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ ᠤ ᠰᠢᠨ᠎ᠠ ᠮᠠᠯᠴᠢᠳ ᠤᠨ ᠰᠤᠨᠢᠨ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号