︵ᠰᠤᠷᠪᠤᠯᠵᠢᠯᠠᠭᠴᠢ ᠱᠢᠷᠦᠨᠴᠢᠮᠡᠭ︶ ︽ᠪᠢ ᠴᠠᠬᠠᠷ ᠬᠤᠷᠢᠮ ᠤᠨ ᠳᠠᠯ᠎ᠠ ᠪᠠᠷ ᠤᠨᠤᠯ ᠤᠨ ᠳᠠᠯ᠎ᠠ ᠶᠢᠨ | ᠰᠤᠳᠤᠯᠭᠠᠨ ᠢ ᠶᠡᠭᠡ ᠬᠢᠭᠡ ᠦᠭᠡᠢ᠂ ᠬᠠᠷᠢᠨ ᠡᠨᠡ ᠳᠠᠯ᠎ᠠ ᠶᠢᠨ ᠦᠢᠯᠡᠳᠦᠯᠭᠡ ᠳᠤ ᠪᠤᠯ ᠶᠡᠭᠡ ᠡᠷᠳᠡ ᠤᠷᠤᠯᠴᠠᠭᠰᠠᠨ︾ | ᠭᠡᠵᠦ ᠶᠠᠷᠢᠭᠰᠠᠨ ᠪᠠᠳᠤᠨᠠᠰᠤᠨ ᠪᠠᠭᠰᠢ ᠳᠡᠭᠡᠷ᠎ᠡ ᠵᠠᠭᠤᠨ ᠤ ᠶᠡᠷᠡᠭᠡᠳ ᠤᠨ ᠤ ᠡᠬᠢᠨ ᠳᠤ ᠨᠤᠲᠤᠭ ᠲᠠᠭᠠᠨ ᠨᠢᠭᠡ ᠬᠤᠶᠠᠷ | ᠨᠠᠶᠢᠷ ᠬᠦᠳᠦᠯᠵᠦ ᠡᠬᠢᠯᠡᠭᠰᠡᠨ ᠨᠢ ᠳᠡᠬᠦᠨ ᠤ ᠬᠤᠷᠢᠮ ᠤᠨ ᠬᠦᠳᠦᠯᠦᠭᠴᠢ ᠪᠤᠯᠵᠦ᠂ ᠰᠠᠶᠢᠬᠠᠨ ᠬᠤᠤᠰ ᠤᠳ ᠤᠨ | ᠬᠠᠶᠢᠷ᠎ᠠ ᠶᠢᠨ ᠬᠡᠯᠬᠢᠶ᠎ᠠ ᠶᠢ ᠨᠢ ᠪᠠᠳᠤᠳᠬᠠᠬᠤ ᠦᠢᠯᠡᠰ ᠤᠨ ᠠᠩᠬᠠᠨ ᠤ ᠭᠠᠷᠤᠭ᠎ᠠ ᠪᠠᠶᠢᠭᠰᠠᠨ ᠳᠡᠳᠦᠢ ᠦᠭᠡᠢ ᠬᠤᠷᠢᠮ | ᠨᠠᠶᠢᠷ ᠤᠨ ᠰᠤᠶᠤᠯ ᠢ ᠦᠪᠯᠡᠵᠦ ᠵᠠᠯᠭᠠᠮᠵᠢᠯᠠᠵᠦ ᠠᠪᠴᠤ ᠪᠠᠶᠢᠭᠰᠠᠨ ᠤᠴᠢᠷᠳᠠᠢ ᠠᠵᠢᠯ ᠪᠠᠶᠢᠭᠰᠠᠨ ᠠᠵᠢ᠃ ᠤᠨᠴᠠᠭᠠᠢᠢᠯᠠᠨ | ᠶᠠᠷᠡᠭᠡᠳ ᠤᠨ ᠤ ᠰᠡᠬᠦᠯᠴᠢ ᠠᠴᠠ ᠪᠤᠯ ᠬᠤᠷᠢᠮ ᠨᠠᠶᠢᠷ ᠢ ᠤᠯᠠᠮ ᠤᠯᠠᠨ ᠡᠷᠬᠢᠯᠡᠬᠦ ᠪᠤᠯᠵᠦ᠂ ᠤᠳᠤ ᠪᠤᠯᠬᠤ ᠳᠤ 1000 | ᠭᠠᠷᠤᠢ ᠬᠤᠷᠢᠮ ᠢ ᠡᠷᠬᠢᠯᠡᠵᠦ ᠶᠠᠪᠤᠭᠳᠠᠭᠤᠯᠤᠭᠰᠠᠨ ᠳᠡᠷᠡᠪᠡᠷ 2010 ᠤᠨ ᠳᠤ ᠴᠠᠬᠠᠷ ᠬᠤᠷᠢᠮ ᠤᠨ ᠠᠶᠢᠮᠠᠭ ᠤᠨ | ᠳᠡᠰ ᠤᠨ ᠪᠤᠳᠠᠰ ᠤᠨ ᠪᠤᠰᠤ ᠰᠤᠶᠤᠯ ᠤᠨ ᠦᠪ ᠤᠨ ᠦᠪᠯᠡᠨ ᠤᠯᠠᠮᠵᠢᠯᠠᠭᠴᠢ ᠪᠤᠯᠵᠦ᠂ 2012 ᠤᠨ ᠳᠤ ᠤᠷᠤᠨ ᠤ | ᠳᠡᠰ ᠤᠨ ᠦᠪᠯᠡᠨ ᠤᠯᠠᠮᠵᠢᠯᠠᠭᠴᠢ ᠪᠤᠯᠵᠠᠢ᠃ ᠡᠨᠡᠬᠦ ᠢᠷᠠᠭᠤ ᠠᠯᠳᠠᠷ ᠳᠡᠬᠦᠨ ᠳᠤ ᠨᠢᠭᠡ ᠳᠠᠯ᠎ᠠ ᠪᠠᠷ ᠤᠮᠤᠭᠰᠢᠭᠤᠰᠢᠳᠠᠢ | ᠵᠦᠢᠯ ᠪᠤᠯᠵᠦ ᠪᠠᠶᠢᠭᠰᠠᠨ ᠪᠤᠯ ᠨᠦᠬᠦᠭᠡ ᠳᠠᠯ᠎ᠠ ᠪᠠᠷ ᠨᠡᠩ ᠬᠦᠨᠳᠦ ᠡᠬᠦᠷᠭᠡ ᠬᠠᠷᠢᠭᠤᠴᠠᠯᠭ᠎ᠠ ᠶᠢ ᠦᠭᠴᠦ ᠪᠠᠶᠢᠭᠰᠠᠨ ᠨᠢ | ᠦᠨᠡᠨᠳᠠᠢ᠃ | | ᠪᠠᠲᠤᠨᠠᠰᠤᠨ ︵ᠵᠡᠭᠦᠨᠲᠡᠬᠢ︶ ᠬᠤᠷᠢᠮ ᠤᠨ ᠦᠢᠯᠡ ᠶᠢ ᠬᠦᠲᠦᠯᠦᠨ ᠶᠠᠪᠤᠭᠳᠠᠭᠤᠯᠵᠤ ᠪᠠᠶᠢᠭ᠎ᠠ ᠨᠢ᠃ ︵ | ᠴᠢᠮᠡᠭᠡᠯᠡᠭᠴᠢ ᠦᠨᠢᠷᠵᠢᠶᠠᠭᠠ ᠰᠡᠭᠦᠳᠡᠷᠯᠡᠪᠡ︶ | ᠴᠠᠬᠠᠷ ᠬᠤᠷᠢᠮ ᠡᠷᠳᠡ ᠳᠡᠭᠡᠳᠦ ᠠᠴᠠ ᠪᠠᠨ ᠮᠠᠰᠢ ᠰᠠᠶᠢᠬᠠᠨ ᠶᠤᠰᠤ ᠲᠦᠷᠢᠮ ᠲᠠᠢ ᠶᠠᠪᠤᠭᠳᠠᠳᠠᠭ ᠪᠠᠶᠢᠭᠰᠠᠨ᠃ | ᠭᠡᠬᠦ ᠳᠡᠭᠡᠨ ᠶᠡᠷᠦᠨᠢ ᠶᠠᠮᠠᠷᠴᠤ ᠭᠠᠵᠠᠷ ᠤᠨ ᠬᠤᠷᠢᠮ ᠨᠠᠶᠢᠷ ᠤᠨ ᠳᠤᠬᠠᠢ ᠵᠠᠮᠠᠷ ᠨᠢᠭᠡᠨ ᠪᠤᠯᠪᠠᠰᠤᠷᠠᠯ ᠪᠤᠶᠤ ᠳᠤᠰᠬᠠᠢ | ᠮᠡᠷᠭᠡᠵᠢᠯ ᠤᠨ ᠬᠠᠮᠢᠶᠠᠳᠠᠢ ᠨᠤᠮ ᠪᠢᠴᠢᠭ ᠭᠡᠵᠦ ᠪᠠᠶᠢᠳᠠᠭ ᠦᠭᠡᠢ ᠪᠤᠯᠬᠤᠷ ᠪᠠᠳᠤᠨᠠᠰᠤᠨ ᠴᠠᠬᠠᠷ ᠬᠤᠷᠢᠮ ᠤᠨ ᠬᠠᠮᠢᠶᠠᠳᠠᠢ | ᠤᠯᠠᠩᠬᠢ ᠵᠦᠢᠯ ᠢ ᠦᠢᠯᠡᠳᠦᠯᠭᠡ ᠠᠴᠠ ᠰᠤᠷᠬᠤ ᠪᠤᠶᠤ ᠡᠷᠳᠡ ᠳᠡᠭᠡᠳᠦ ᠠᠴᠠ ᠪᠠᠨ ᠤᠯᠠᠮᠵᠢᠯᠠᠵᠦ ᠢᠷᠡᠭᠰᠡᠨ ᠵᠠᠩ | ᠵᠠᠩᠰᠢᠯ ᠠᠴᠠ ᠪᠠᠨ ᠤᠯᠠᠮᠵᠢᠯᠠᠵᠦ ᠰᠤᠷᠤᠭᠰᠠᠨ ᠭᠡᠳᠡᠭ᠃ ︽ᠪᠢ ᠬᠤᠷᠢᠮ ᠨᠠᠶᠢᠷ ᠤᠯᠠᠨᠳᠠ ᠡᠷᠬᠢᠯᠡᠬᠦ ᠪᠤᠶᠤ ᠡᠨᠡ ᠳᠤᠬᠠᠢ | ᠨᠤᠮ ᠪᠢᠴᠢᠭ ᠦᠵᠡᠬᠦ ᠳᠤᠮᠳᠠ ᠴᠠᠬᠠᠷ ᠬᠤᠷᠢᠮ ᠤᠨ ᠳᠠᠯ᠎ᠠ ᠪᠠᠷ ᠤᠯᠠᠨ ᠢ ᠰᠤᠷᠴᠠᠢ᠃ ᠦᠡᠭᠭᠡᠷᠡᠭᠰᠡᠨ ᠳᠤ ᠴᠠᠬᠠᠷ | ᠬᠤᠷᠢᠮ ᠤᠨ ᠳᠠᠯ᠎ᠠ ᠪᠠᠷ ᠨᠡᠷᠢᠨ ᠤᠢᠢᠯᠠᠭᠠᠯᠳᠠ ᠦᠭᠡᠢ ᠪᠠᠶᠢᠭᠰᠠᠨ ᠪᠤᠯ ᠤᠳᠤ ᠪᠤᠯᠬᠤ ᠳᠤ ᠡᠨᠡ ᠳᠠᠯ᠎ᠠ ᠪᠠᠷ ᠨᠡᠯᠢᠶᠡᠳ | ᠮᠡᠳᠡᠯᠭᠡ ᠶᠢᠨ ᠬᠤᠷᠠᠮᠳᠤᠭᠤᠯᠭ᠎ᠠ ᠲᠠᠢ ᠪᠤᠯᠵᠠᠢ︾ ᠭᠡᠵᠦ ᠳᠡᠷᠡᠪᠡᠷ ᠤᠴᠢᠷᠯᠠᠨ᠎ᠠ᠃ | ᠬᠤᠷᠢᠮ ᠨᠠᠶᠢᠷ ᠪᠤᠯ ᠮᠤᠩᠭᠤᠯ ᠰᠤᠶᠤᠯ ᠤᠨ ᠶᠡᠷᠦᠩᠭᠡᠶᠢᠯᠡᠭᠰᠡᠨ ᠰᠢᠨᠵᠢᠳᠡᠢ ᠨᠢᠭᠡ ᠦᠵᠡᠭᠳᠡᠯ᠃ ᠬᠤᠷᠢᠮ ᠨᠠᠶᠢᠷ ᠲᠤ | ᠤᠯᠠᠨ ᠳᠠᠯ᠎ᠠ ᠶᠢᠨ ᠰᠤᠶᠤᠯ ᠤᠨ ᠠᠭᠤᠯᠬᠤᠨ ᠢ ᠠᠭᠤᠯᠵᠦ ᠪᠠᠶᠢᠳᠠᠭ᠃ ᠬᠦᠨᠳᠦᠯᠡᠵᠦ ᠮᠡᠨᠳᠦᠯᠡᠬᠦ ᠶᠤᠰᠤᠨ ᠂ ᠠᠶᠢᠯᠴᠢᠯᠠᠵᠦ | ᠬᠡᠶᠢᠴᠢᠯᠡᠬᠦ ᠶᠤᠰᠤᠨ᠂ ᠵᠤᠴᠢᠯᠠᠬᠤ ᠶᠤᠰᠤᠨ᠂ ᠬᠤᠪᠴᠠᠰᠤ ᠵᠠᠰᠠᠯ ᠤᠨ ᠰᠤᠶᠤᠯ᠂ ᠢᠳᠡᠭᠡᠨ ᠤᠮᠳᠠᠭᠠᠨ ᠤ ᠰᠤᠶᠤᠯ᠂ | ᠳᠠᠭᠤᠤ ᠬᠦᠭᠵᠢᠮ ᠤᠨ ᠰᠤᠶᠤᠯ᠂ ᠬᠡᠯᠡᠨ ᠤ ᠤᠷᠠᠯᠢᠭ ᠤᠨ ᠰᠤᠶᠤᠯ᠂ ᠤᠨᠤᠭ᠎ᠠ ᠬᠦᠯᠦᠭ ᠤᠨ ᠰᠤᠶᠤᠯ᠂ ᠨᠠᠭᠠᠳᠤᠮ | ᠳᠤᠭᠯᠠᠭᠠᠮ ᠤᠨ ᠰᠤᠶᠦᠯ ᠵᠡᠷᠭᠡ ᠤᠯᠠᠨ ᠳᠠᠯ᠎ᠠ ᠶᠢᠨ ᠰᠤᠶᠤᠯ ᠢ ᠠᠴᠢᠶᠠᠯᠠᠵᠦ ᠠᠪᠴᠤ ᠶᠠᠪᠤᠭ᠎ᠠ ᠪᠤᠯᠬᠤᠷ ᠮᠤᠩᠭᠤᠯ | ᠰᠤᠶᠤᠯ ᠤᠨ ᠶᠡᠷᠦᠩᠬᠡᠶᠢᠯᠡᠭᠰᠡᠨ ᠰᠢᠨᠵᠢᠳᠠᠢ ᠨᠢᠭᠡᠨ ᠦᠵᠡᠭᠳᠡᠯ ᠪᠤᠯᠬᠤ ᠨᠢ ᠶᠠᠷᠢᠶᠠᠨ ᠦᠭᠡᠢ᠃ | ᠮᠤᠩᠭᠤᠯ ᠨᠤᠲᠤᠭ ᠤᠨ ᠭᠠᠵᠠᠷ ᠭᠠᠵᠠᠷ ᠤᠨ ᠬᠤᠷᠢᠮ ᠤᠨ ᠶᠤᠰᠤ ᠵᠠᠩᠰᠢᠯ ᠪᠠᠭ᠎ᠠ ᠰᠠᠭ᠎ᠠ ᠵᠦᠷᠢᠶ᠎ᠡ ᠲᠠᠢ ᠪᠤᠯᠪᠠᠴᠤ | ᠭᠠᠯ ᠭᠤᠯᠤᠮᠳᠠ ᠨᠢᠭᠡᠳᠠᠢ ᠪᠠᠶᠢᠳᠠᠭ ᠪᠤᠯᠬᠤᠷ ᠶᠡᠭᠡ ᠳᠦᠯᠦᠪ ᠠᠳᠠᠯᠢᠬᠠᠨ ᠪᠠᠶᠢᠳᠠᠭ᠃ ᠳᠡᠷᠡ ᠳᠤᠮᠳᠠ ᠪᠠᠨ ᠴᠠᠬᠠᠷ | ᠨᠤᠲᠤᠭ ᠤᠨ ᠬᠦᠮᠦᠰ ᠪᠤᠯ ᠮᠠᠰᠢ ᠶᠤᠰᠤᠷᠬᠠᠭ ᠴᠡᠮᠴᠡᠭᠡᠷ᠂ ᠠᠷᠪᠢᠨ ᠶᠤᠰᠤ ᠵᠠᠶ᠋ᠢᠭ ᠲᠠᠢ ᠪᠠᠶᠢᠳᠠᠭ᠃ ᠮᠤᠩᠭᠤᠯ ᠤᠯᠤᠰ ᠤᠨ | ᠫ᠊ · ᠬᠤᠷᠯᠤ ᠶᠢᠨ ᠪᠢᠴᠢᠭᠰᠡᠨ ︽ᠮᠤᠩᠭᠤᠯ ᠳᠤᠭᠤᠷᠭᠠᠳᠠᠨ ᠤ ᠬᠤᠷᠢᠮᠯᠠᠬᠤ ᠶᠤᠰᠤᠨ ᠤ ᠤᠯᠠᠮᠵᠢᠯᠠᠯ ᠪᠠ ᠵᠠᠩ ᠦᠢᠯᠡ︾ | ᠭᠡᠬᠦ ᠨᠤᠮ ᠳᠤ ᠴᠠᠬᠠᠷ ᠬᠤᠷᠢᠮ ᠤᠨ ᠳᠤᠬᠠᠢ ᠳᠡᠮᠳᠡᠭᠯᠡᠬᠦ ᠳᠡᠭᠡᠨ ᠢᠷᠦᠭᠡᠯ ᠵᠦᠡᠭᠨᠡᠯ ᠤᠨ ᠦᠭᠡ ᠤᠯᠠᠨ ᠪᠠᠶᠢᠳᠠᠭ᠂ ᠶᠤᠰᠤ | ᠵᠠᠩᠰᠢᠯ ᠨᠢ ᠶᠡᠭᠡ ᠨᠠᠷᠢᠨ ᠰᠢᠷᠢᠨ ᠪᠠᠶᠢᠳᠠᠭ ᠭᠡᠵᠦ ᠪᠢᠴᠢᠭᠰᠡᠨ ᠪᠠᠶᠢᠳᠠᠭ᠃ ᠡᠬᠦᠨ ᠠᠴᠠ ᠬᠠᠷᠠᠬᠤ ᠳᠤ ᠴᠠᠬᠠᠷ ᠬᠤᠷᠢᠮ ᠤᠨ | ᠨᠠᠷᠢᠨ ᠶᠤᠰᠤ ᠭᠤᠷᠢᠮ ᠦᠪᠤᠷ ᠮᠤᠩᠭᠤᠯ ᠳᠠᠳᠤᠢ ᠦᠬᠡᠢ ᠮᠤᠩᠭᠤᠯ ᠤᠯᠤᠰ ᠲᠤ ᠴᠤ ᠠᠯᠳᠠᠷᠳᠠᠢ ᠪᠠᠶᠢᠭᠰᠠᠨ ᠨᠢ ᠢᠯᠡᠭᠡᠨ᠃ | ᠭᠡᠪᠡᠴᠦ ᠤᠳᠤ ᠪᠤᠯᠵᠦ ᠢᠷᠡᠭᠡᠳ ᠭᠠᠵᠠᠷ ᠭᠠᠵᠠᠷ ᠤᠨ ᠬᠤᠷᠢᠮ ᠨᠠᠶᠢᠷ ᠤᠨ ᠤᠨᠴᠠᠯᠢᠭ ᠳᠡᠳᠦ᠋ᠢᠯᠡ ᠳᠤᠪᠤᠶᠢᠮ᠎ᠠ ᠪᠢᠰᠢ | ᠪᠤᠯᠵᠦ᠂ ᠬᠠᠷᠢᠨ ᠪᠠᠶ᠎ᠠ ᠪᠠᠶᠠᠨ ᠳᠡᠭᠡᠨ ᠠᠭᠤᠰᠤᠯᠴᠠᠭᠰᠠᠨ ᠰᠢᠨᠵᠢᠳᠠᠢ ᠪᠤᠯᠵᠠᠢ᠃ | ᠴᠠᠬᠠᠷᠴᠤᠳ ᠤᠨ ᠳᠤᠬᠠᠢ ᠶᠠᠷᠢᠬᠤ ᠳᠤ ᠴᠠᠬᠠᠷ ᠪᠤᠯ ᠨᠡᠶᠢᠳᠡ ᠮᠤᠩᠭᠤᠯᠴᠤᠳ ᠤᠨ ᠤᠯᠠᠨ ᠤᠪᠤᠭ ᠤᠭᠰᠠᠭᠠᠨ ᠠᠴᠠ | ᠪᠦᠷᠢᠯᠳᠦᠭᠰᠡᠨ᠂ ᠴᠡᠷᠢᠭ ᠵᠠᠰᠠᠭ ᠤᠨ ᠪᠠᠶᠢᠭᠤᠯᠤᠮᠵᠢ ᠠᠴᠠ ᠪᠤᠢ ᠪᠤᠯᠤᠭᠰᠠᠨ ᠨᠡᠷᠡᠶᠢᠳᠦᠯ᠃ ᠤᠳᠤ ᠴᠤ ᠭᠡᠰᠡᠨ | ᠴᠠᠬᠠᠷᠴᠤᠳ ᠤᠨ ᠳᠤᠮᠳᠠ ᠬᠤᠷᠴᠢᠨ᠂ ᠬᠠᠷᠠᠴᠢᠨ᠂ ᠪᠠᠷᠭᠤ᠂ ᠪᠤᠷᠢᠶᠡᠳ᠂ ᠬᠠᠭᠤᠴᠢᠳ᠂ ᠦᠭᠡᠯᠤᠳ ᠭᠡᠳ ᠭᠠᠵᠠᠷ | ᠭᠠᠵᠠᠷ ᠤᠨ ᠬᠦᠮᠦᠰ ᠪᠦᠷ ᠪᠠᠶᠢᠳᠠᠭ᠃ ᠤᠴᠢᠷ ᠨᠢ ᠳᠤᠬᠠᠢ ᠶᠢᠨ ᠦᠶ᠎ᠡ ᠳᠤ ᠡᠯ᠎ᠡ ᠤᠪᠤᠭ ᠤᠭᠰᠠᠭᠠᠨ ᠤ ᠬᠠᠮᠤᠭ | ᠰᠢᠯᠢᠳᠡᠭ ᠬᠦᠮᠦᠰ ᠢ ᠰᠤᠩᠭᠤᠵᠦ ᠬᠠᠭᠠᠨ ᠤ ᠰᠢᠳᠠᠷ ᠬᠠᠮᠠᠭᠠᠯᠠᠭᠴᠢ ᠪᠤᠯᠭᠠᠭᠰᠠᠨ ᠢᠶᠠᠷ ᠨᠡᠶᠢᠳᠡ ᠮᠤᠩᠭᠤᠯ ᠤᠨ ᠠᠳᠠᠯᠢ | ᠪᠤᠰᠤ ᠤᠪᠤᠭ ᠤᠭᠰᠠᠭᠠᠨ ᠤ ᠬᠦᠮᠦᠰ ᠢᠶᠠᠷ ᠪᠦᠷᠢᠯᠳᠦᠭᠰᠡᠨ ᠪᠠᠶᠢᠨ᠎ᠠ᠃ ᠳᠡᠶᠢᠮᠦ ᠪᠤᠯᠬᠤᠷ ᠡᠷᠳᠡ ᠳᠡᠭᠡᠳᠦ ᠠᠴᠠ ᠪᠠᠨ | ᠴᠠᠬᠠᠷ ᠬᠤᠷᠢᠮ ᠨᠢ ᠡᠯ᠎ᠡ ᠭᠠᠵᠠᠷ ᠤᠷᠤᠨ ᠤ ᠬᠤᠷᠢᠮ ᠨᠠᠶᠢᠷ ᠤᠨ ᠰᠢᠯᠢᠳᠡᠭ ᠢ ᠰᠢᠩᠭᠡᠭᠡᠵᠦ ᠠᠪᠤᠭᠰᠠᠨ ᠨᠡᠶᠢᠳᠡᠯᠢᠭ | ᠰᠢᠨᠵᠢ ᠲᠠᠢ ᠪᠠᠶᠢᠳᠠᠭ᠃ ᠶᠠᠭ ᠰᠢᠭᠤᠳ ᠶᠠᠷᠢᠬᠤ ᠶᠤᠮ ᠪᠤᠯ ᠴᠠᠬᠠᠷᠴᠤᠳ ᠪᠤᠯ ᠬᠠᠭᠠᠨ ᠤ ᠤᠷᠳᠤᠨ ᠤ ᠰᠢᠳᠠᠷ | ᠬᠠᠮᠠᠭᠠᠯᠠᠭᠴᠢ ᠪᠤᠯᠬᠤᠷ ᠵᠠᠷᠢᠮ ᠨᠢᠭᠡ ᠳᠠᠯ᠎ᠡ ᠠᠴᠠ ᠬᠡᠯᠡᠪᠡᠯ ᠤᠯᠠᠩᠬᠢ ᠶᠤᠰᠤ ᠵᠠᠩᠰᠢᠯ ᠨᠢ ᠴᠠᠬᠠᠷᠴᠤᠳ ᠤᠨ ᠳᠤᠮᠳᠠ ᠠᠴᠠ | ᠭᠠᠳᠠᠭᠰᠢ ᠳᠡᠯᠭᠡᠷᠡᠭᠰᠡᠨ᠃ ᠤᠴᠢᠷ ᠨᠢ ᠳᠤᠬᠠᠢ ᠶᠢᠨ ᠦᠶ᠎ᠡ ᠳᠤ ᠤᠯᠤᠰ ᠲᠦᠷᠦ᠂ ᠠᠵᠤ ᠠᠬᠤᠢ᠂ ᠴᠡᠷᠢᠭ ᠳᠠᠶᠢᠨ ᠤ | ᠭᠤᠯᠤᠮᠳᠠ ᠴᠠᠬᠠᠷᠴᠤᠳ ᠲᠤ ᠪᠠᠶᠢᠭᠰᠠᠨ᠃ ᠪᠦᠬᠦ ᠶᠠᠭᠤᠮᠠᠨ ᠤ ᠭᠤᠯᠤᠮᠳᠠ ᠳᠡᠨᠳᠡ ᠪᠠᠶᠢᠭᠰᠠᠨ ᠪᠤᠯᠬᠤᠷ ᠳᠡᠨᠳᠡ ᠭᠠᠳᠠᠭᠰᠢ | ᠳᠡᠯᠭᠡᠷᠡᠬᠦ ᠨᠢ ᠶᠤᠰᠤᠳᠠᠢ᠃ | ᠴᠠᠬᠠᠷ ᠬᠤᠷᠢᠮ ᠤᠨ ᠠᠯᠬᠤᠮ ᠳᠠᠷᠠᠭ᠎ᠠ ᠶᠢ ᠪᠠᠳᠤᠨᠠᠰᠤᠨ ᠪᠠᠭᠰᠢ᠄ ︽ᠪᠦᠳᠦᠬᠦᠪᠴᠢ ᠪᠠᠷ ᠬᠤᠷᠢᠶᠠᠩᠭᠤᠢᠢᠯᠠᠪᠠᠯ | ᠲᠠᠪᠤᠨ ᠶᠠᠪᠤᠴᠠ ᠶᠢ ᠳᠠᠮᠵᠢᠳᠠᠭ︾ ᠭᠡᠵᠦ ᠶᠠᠷᠢᠯ᠎ᠠ᠃ ᠪᠡᠷᠢ ᠭᠤᠶᠤᠬᠤ ᠶᠠᠪᠤᠴᠠ᠂ ᠬᠤᠷᠢᠮ ᠤᠨ ᠪᠡᠯᠡᠳᠭᠡᠯ ᠬᠢᠬᠦ᠂ | ᠬᠤᠷᠢᠮ ᠤᠨ ᠵᠠᠯᠠᠯᠭ᠎ᠠ ᠳᠠᠯᠪᠢᠬᠤ᠂ ᠰᠢᠨ᠎ᠡ ᠭᠡᠷ ᠤᠨ ᠮᠢᠯᠢᠶᠠᠯᠭ᠎ᠠ ᠶᠢᠨ ᠨᠠᠶᠢᠷ᠂ ᠬᠤᠷᠢᠮ ᠤᠨ ᠶᠤᠰᠤᠯᠠᠯ ᠤᠨ ᠶᠠᠪᠤᠴᠠ ᠭᠡᠵᠦ | ᠶᠡᠷᠦᠩᠭᠡᠶᠢᠯᠡᠵᠦ ᠬᠤᠷᠢᠶᠠᠩᠭᠤᠢᠢᠯᠠᠪᠠᠯ ᠡᠶᠢᠮᠦ ᠳᠠᠪᠤᠨ ᠠᠯᠬᠤᠮ ᠢᠶᠠᠷ ᠶᠠᠪᠤᠭᠳᠠᠳᠠᠭ ᠴᠠᠬᠠᠷ ᠬᠤᠷᠢᠮ ᠤᠨ ᠪᠠᠷᠢ ᠭᠤᠶᠤᠬᠤ | ᠶᠠᠪᠤᠴᠠ ᠨᠢ ᠴᠤ ᠪᠡᠷᠢ ᠡᠷᠢᠬᠦ᠂ ᠠᠮᠠ ᠳᠤᠷᠰᠢᠬᠤ᠂ ᠬᠠᠳᠠᠭ ᠳᠠᠯᠪᠢᠬᠤ ᠵᠡᠷᠭᠡ ᠭᠤᠷᠪᠠᠨ ᠠᠯᠬᠤᠮ ᠢᠶᠠᠷ ᠶᠠᠪᠤᠭᠳᠠᠳᠠᠭ ᠪᠤᠯ | ᠡᠨᠡ ᠳᠤᠮᠳᠠ ᠪᠠᠨ ᠬᠠᠳᠠᠭ ᠳᠠᠯᠪᠢᠬᠤ ᠨᠢ ᠶᠡᠭᠡ ᠬᠠᠳᠠᠭ ᠳᠠᠯᠪᠢᠬᠤ᠂ ᠪᠠᠭ᠎ᠠ ᠬᠠᠳᠠᠭ ᠳᠠᠯᠪᠢᠬᠤ ᠭᠡᠵᠦ ᠮᠠᠰᠢ | ᠬᠦᠨᠳᠦᠳᠭᠡᠯ ᠲᠠᠢ ᠨᠠᠷᠢᠨ ᠶᠤᠰᠤ ᠭᠤᠷᠢᠮ ᠢᠶᠠᠷ ᠶᠠᠪᠤᠭᠳᠠᠳᠠᠭ ᠠᠵᠢ᠃ ᠬᠤᠷᠢᠮ ᠤᠨ ᠪᠡᠯᠡᠳᠭᠡᠯ ᠨᠢ ᠬᠡᠷ ᠳᠡᠷᠭᠡ᠂ | ᠡᠮᠦᠰᠭᠡᠯ ᠵᠠᠰᠠᠯ᠂ ᠵᠠᠷᠤᠳᠠᠯ ᠪᠠᠷᠢᠳᠠᠯ ᠢᠶᠠᠨ ᠪᠡᠯᠡᠳᠭᠡᠬᠦ ᠠᠴᠠ ᠭᠠᠳᠠᠨ᠎ᠠ ᠮᠤᠩᠭᠤᠯᠴᠤᠳ ᠤᠨ ᠪᠡᠯᠭᠡᠰᠢᠶᠡᠬᠦ ᠰᠡᠳᠬᠢᠯᠭᠡᠨ ᠠᠴᠠ | ᠪᠤᠯᠤᠭᠠᠳ ᠶᠠᠪᠤᠭᠳᠠᠳᠠᠭ ᠮᠠᠰᠢ ᠴᠢᠬᠤᠯᠠ ᠨᠢᠭᠡᠨ ᠪᠡᠯᠡᠳᠭᠡᠯ ᠪᠤᠯ ᠡᠳᠦᠷ ᠰᠤᠳᠤᠷ ᠦᠵᠡᠬᠦᠯᠬᠦ ᠶᠠᠪᠤᠳᠠᠯ ᠪᠤᠯᠬᠤ ᠶᠤᠮ᠃ | ᠪᠡᠷᠢ ᠮᠤᠷᠳᠠᠬᠤ ᠠᠴᠠ ᠡᠬᠢᠯᠡᠭᠡᠳ ᠬᠤᠶᠠᠷ ᠰᠢᠨ᠎ᠠ ᠬᠦᠮᠦᠨ ᠤ ᠡᠮᠦᠰᠬᠦ ᠬᠤᠪᠴᠠᠰᠤ ᠪᠤᠯᠤᠨ ᠤᠨᠤᠬᠤ ᠮᠤᠷᠢᠨ ᠤ | ᠦᠡᠭᠭᠡᠨ ᠳᠤ ᠬᠦᠷᠳᠡᠯ᠎ᠡ ᠢᠪᠡᠭᠡᠯ ᠪᠠᠶᠢᠬᠤ ᠶᠢ ᠪᠡᠯᠭᠡᠰᠢᠶᠡᠳᠡᠭ ᠨᠢ ᠴᠠᠬᠠᠷ ᠬᠤᠷᠢᠮ ᠤᠨ ᠮᠠᠰᠢ ᠴᠢᠬᠤᠯᠠ ᠨᠢᠭᠡᠨ ᠶᠤᠰᠤ | ᠵᠠᠶ᠋ᠢᠭ ᠶᠤᠮᠰᠠᠨ᠃ ᠬᠤᠷᠢᠮ ᠤᠨ ᠵᠠᠯᠠᠯᠭ᠎ᠠ ᠳᠠᠯᠪᠢᠬᠤ ᠳᠤ ᠤᠳᠤ ᠶᠢᠨ ᠬᠢ ᠰᠢᠭ᠋ ᠬᠠᠮᠢᠶ᠎ᠠ ᠵᠦᠭ ᠦᠭᠡᠢ ᠬᠠᠮᠢᠭ᠎ᠠ ᠨᠢᠭᠡ | ᠭᠠᠵᠠᠷ ᠠᠭᠤᠯᠵᠠᠭᠠᠳ ᠯᠡ ᠵᠦᠭᠡᠷ ᠤᠷᠢᠯᠭ᠎ᠠ ᠶᠢᠨ ᠬᠠᠭᠤᠳᠠᠰᠤ ᠦᠭᠴᠢᠭᠡᠳᠡᠭ ᠪᠢᠰᠢ᠂ ᠳᠠᠭᠠᠭᠠᠮᠠᠯ᠂ ᠨᠢᠷᠪᠡ᠂ ᠬᠡᠯᠡᠮᠦᠷᠢᠴᠢ | ᠂ ᠤᠷᠤᠯᠴᠠᠬᠤ ᠬᠡᠶᠢᠴᠢᠨ ᠵᠤᠴᠢᠨ ᠢᠶᠠᠨ ᠵᠠᠯᠠᠬᠤ ᠳᠠᠭᠠᠨ ᠠᠶᠢᠯ ᠠᠶᠢᠮᠠᠭ ᠤᠨ ᠢᠶᠠᠨ ᠠᠵᠢᠯ ᠦᠢᠯᠡᠰ ᠢ ᠳᠡᠬᠦᠰ ᠰᠠᠶᠢᠬᠠᠨ | ᠪᠦᠳᠦᠭᠡᠳᠡᠭ ᠬᠦᠮᠦᠨ ᠢᠶᠠᠨ ᠰᠤᠩᠭᠤᠵᠦ᠂ ᠵᠠᠯᠠᠬᠤ ᠬᠦᠮᠦᠨ ᠤ ᠪᠠᠨ ᠭᠡᠷ ᠲᠤ ᠬᠦᠷᠴᠦ᠂ ᠮᠠᠰᠢ ᠬᠦᠨᠳᠦᠳᠭᠡᠯ ᠲᠠᠢ ᠪᠠᠷ | ᠵᠠᠯᠠᠳᠠᠭ᠃ ᠴᠠᠬᠠᠷ ᠬᠤᠷᠢᠮ ᠤᠨ ᠰᠢᠨ᠎ᠠ ᠭᠡᠷ ᠮᠢᠯᠢᠶᠡᠬᠤ ᠶᠤᠰᠤᠨ ᠬᠤᠶᠠᠷ ᠤᠳᠠᠭ᠎ᠠ ᠶᠠᠪᠤᠭᠳᠠᠳᠠᠭ᠃ ᠬᠦᠦ | ᠳᠠᠯ᠎ᠠ ᠶᠢᠨ ᠬᠢᠨ ᠬᠤᠷᠢᠮ ᠠᠴᠠ ᠡᠮᠦᠨ᠎ᠡ ᠪᠦᠬᠦ ᠵᠦᠢᠯ ᠪᠦᠷᠢᠨ ᠳᠦᠬᠦᠷ ᠪᠤᠯᠤᠭᠰᠠᠨ ᠤ ᠳᠠᠷᠠᠭ᠎ᠠ ᠳᠤᠰᠬᠠᠢ ᠮᠢᠯᠢᠶᠡᠯᠭᠠ ᠶᠢᠨ | ᠨᠠᠶᠢᠷ ᠬᠢᠳᠡᠭ ᠪᠤᠯ ᠬᠤᠷᠢᠮ ᠤᠨ ᠡᠳᠦᠷ ᠬᠡᠤᠬᠡᠨ ᠬᠦᠷᠭᠡᠵᠦ ᠢᠷᠡᠭᠰᠡᠨ ᠬᠦᠮᠦᠰ ᠬᠦᠦ ᠳᠠᠯ᠎ᠠ ᠶᠢᠨ ᠬᠦᠮᠦᠰ ᠢ ᠰᠢᠨ᠎ᠡ | ᠭᠡᠷ ᠲᠤ ᠤᠷᠢᠵᠦ ᠰᠠᠭᠤᠯᠭᠠᠵᠦ ᠪᠠᠶᠢᠭᠠᠳ ᠭᠡᠷ ᠮᠢᠯᠢᠶᠡᠳᠠᠭ᠃ ᠨᠡᠩ ᠢᠯᠠᠩᠭᠤᠶ᠎ᠠ ᠳᠠᠪᠤᠳᠤᠭᠠᠷ ᠠᠯᠬᠤᠮ ᠪᠤᠯᠬᠤ | ᠬᠤᠷᠢᠮ ᠤᠨ ᠶᠤᠰᠤᠯᠠᠯ ᠤᠨ ᠶᠠᠪᠤᠴᠠ ᠨᠢ ᠬᠡᠶᠢᠴᠢᠨ ᠳᠤᠰᠬᠤ᠂ ᠤᠭᠳᠤᠯᠭ᠎ᠠ ᠶᠢᠨ ᠨᠠᠶᠢᠷ᠂ ᠰᠠᠭᠠᠳᠠᠭ ᠲᠤ ᠮᠤᠷᠳᠠᠬᠤ ︵ | ᠴᠠᠬᠠᠷ ᠲᠤ ᠪᠤᠯ ᠳᠠᠬᠢᠯ ᠳᠤ ᠮᠤᠷᠳᠠᠬᠤ ᠭᠡᠳᠡᠭ︶᠂ ᠳᠠᠬᠢᠯ ᠳᠠᠯᠪᠢᠬᠤ᠂ ᠡᠭᠡ ᠶᠢᠨ ᠴᠠᠭᠠᠨ ᠰᠦ ᠬᠠᠷᠢᠭᠤᠯᠬᠤ᠂ ᠬᠠᠯᠠᠭᠤᠨ | ᠱᠠᠪᠠᠢ ᠬᠦᠷᠭᠡᠬᠦ ᠬᠡᠤᠬᠡᠨ ᠮᠤᠷᠳᠠᠭᠤᠯᠬᠤ᠂ ᠪᠡᠷᠢ ᠪᠠᠭᠤᠯᠭᠠᠬᠤ᠂ ᠭᠠᠯ ᠳᠤ ᠮᠦᠷᠬᠦᠵᠦ ᠳᠡᠭᠷᠢ ᠳᠤ ᠮᠦᠷᠬᠦᠬᠦ᠂ ᠭᠠᠯ | ᠪᠠᠳᠠᠷᠠᠭᠠᠬᠤ᠂ ᠰᠢᠨ᠎ᠡ ᠪᠡᠷᠢ ᠶᠢᠨ ᠴᠠᠢ ᠪᠠᠷᠢᠬᠤ᠂ ᠬᠡᠤᠬᠡᠨ ᠢᠶᠠᠨ ᠡᠷᠬᠢᠬᠦ᠂ ᠡᠬᠦᠳᠡ ᠪᠠᠨ ᠡᠷᠬᠢᠬᠦ ᠵᠡᠷᠭᠡ ᠠᠷᠪᠠᠨ ᠭᠤᠷᠪᠠᠨ | ᠠᠯᠬᠤᠮ ᠢᠶᠠᠷ ᠶᠠᠪᠤᠭᠳᠠᠳᠠᠭ ᠢ ᠪᠠᠳᠤᠨᠠᠰᠤᠨ ᠪᠠᠭᠰᠢ ᠶᠢᠨ ᠶᠠᠷᠢᠭᠰᠠᠨ ᠢᠶᠠᠷ ᠬᠡᠯᠡᠬᠦ ᠦᠭᠡ ᠬᠢᠬᠦ ᠦᠢᠯᠡ ᠲᠠᠢ ᠨᠢ ᠨᠠᠷᠢᠨ | ᠳᠠᠨᠢᠯᠴᠠᠭᠤᠯᠬᠤ ᠶᠤᠮ ᠪᠤᠯ ᠰᠤᠨᠢᠨ ᠤ ᠮᠠᠨᠢ ᠬᠠᠭᠤᠳᠠᠰᠤ ᠬᠤᠮᠰᠠᠳᠠᠬᠤ ᠨᠢ ᠡ᠃ | ᠪᠠᠳᠤᠨᠠᠰᠤᠨ ᠪᠠᠭᠰᠢ ᠶᠢᠨ ᠨᠠᠭᠠᠴᠤ ᠡᠯᠤᠨᠴᠡ ᠡᠪᠦᠭᠡ ᠪᠤᠯᠤᠨ ᠨᠠᠭᠠᠴᠤ ᠡᠪᠦᠭᠡ ᠨᠢ ᠳᠠᠪᠤᠨ ᠬᠡᠯᠡᠨ ᠳᠤ ᠨᠠᠪᠳᠠᠷᠭᠡᠢ᠂ | ᠴᠠᠬᠠᠷ ᠨᠤᠲᠤᠭ ᠳᠠᠶᠠᠭᠠᠷ ᠲᠤ ᠨᠠᠷᠡᠳᠠᠢ ᠬᠡᠯᠡᠮᠦᠷᠢᠴᠢ ᠬᠦᠮᠦᠨ ᠪᠠᠶᠢᠭᠰᠠᠨ ᠭᠡᠳᠡᠭ᠃ ᠨᠠᠭᠠᠴᠤ ᠶᠢᠨ ᠳᠠᠯ᠎ᠠ ᠶᠢᠨ | ᠤᠳᠤᠮ ᠳᠤᠨᠢ ᠡᠶᠢᠮᠦ ᠠᠶᠢᠬᠤᠪᠳᠤᠷ ᠬᠦᠮᠦᠰ ᠪᠠᠶᠢᠭᠰᠠᠨ ᠪᠦᠭᠡᠳ ᠳᠡᠬᠦᠨ ᠤ ᠡᠵᠢ ᠨᠢ ᠳᠠᠭᠤᠤ ᠰᠠᠶᠢᠬᠠᠨ ᠳᠠᠭᠤᠯᠠᠳᠠᠭ | ᠬᠦᠮᠦᠨ ᠪᠠᠶᠢᠵᠦ᠂ ᠬᠤᠷᠢᠮ ᠨᠠᠶᠢᠷ ᠲᠤ ᠭᠤᠤᠯ ᠳᠦᠷᠢ ᠪᠤᠯᠵᠦ ᠳᠤᠭᠯᠠᠳᠠᠭ ᠬᠦᠮᠦᠨ ᠪᠤᠯᠬᠤᠷ ᠪᠠᠳᠤᠨᠠᠰᠤᠨ ᠤ ᠬᠤᠪᠢ ᠳᠤ | ᠠᠪᠴᠤ ᠬᠡᠯᠡᠪᠡᠯ ᠬᠤᠷᠢᠮ ᠭᠡᠳᠡᠭ ᠴᠢᠨᠢ ᠡᠶᠢᠮᠦ ᠰᠠᠶᠢᠬᠠᠨ ᠤᠯᠠᠮᠵᠢᠯᠠᠯᠳᠤ ᠰᠤᠶᠤᠯ ᠤᠨ ᠠᠵᠢᠯᠯᠠᠭ᠎ᠠ ᠶᠤᠮ ᠪᠠᠶᠢᠨ᠎ᠠ ᠭᠡᠳᠡᠭ | ᠰᠡᠳᠬᠢᠭᠳᠡᠯ ᠮᠠᠰᠢ ᠪᠠᠭ᠎ᠠ ᠠᠴᠠ ᠨᠢ ᠳᠦᠷᠦᠭᠳᠡᠭᠰᠡᠨ ᠪᠦᠭᠡᠳ ᠴᠠᠬᠠᠷ ᠬᠤᠷᠢᠮ ᠭᠡᠳᠡᠭ ᠳᠤᠮᠤ ᠰᠤᠶᠤᠯ ᠤᠨ ᠠᠵᠢᠯᠯᠠᠭᠠᠨ ᠳᠤ | ᠬᠦᠴᠦ ᠪᠠᠨ ᠡᠷᠬᠦᠵᠦ ᠶᠠᠪᠤᠭᠰᠠᠨ ᠠᠬᠠᠮᠠᠳ ᠤᠨ ᠢᠶᠠᠨ ᠦᠢᠯᠡᠰ ᠢ ᠵᠠᠯᠭᠠᠮᠵᠢᠯᠠᠬᠤ ᠪᠡ ᠦᠪᠡᠷ ᠢ ᠪᠠᠨ ᠬᠤᠷᠴᠠᠯᠠᠵᠦ | ᠳᠡᠬᠦᠯᠳᠡᠷᠵᠢᠬᠦᠯᠬᠦ ᠶᠢᠨ ᠡᠬᠦᠳᠡᠨ ᠠᠴᠠ ᠶᠡᠷᠡᠭᠡᠳ ᠤᠨ ᠤ ᠰᠡᠬᠦᠯᠴᠢ ᠠᠴᠠ ᠤᠳᠤ ᠪᠤᠯᠳᠠᠯ᠎ᠠ ᠡᠨᠡᠬᠦ ᠦᠢᠯᠡ ᠳᠤ | ᠤᠷᠤᠯᠴᠠᠭᠰᠠᠭᠠᠷ ᠪᠠᠶᠢᠭ᠎ᠠ ᠠᠵᠢ᠃ ᠶᠡᠷᠡᠭᠡᠳ ᠤᠨ ᠤ ᠰᠡᠬᠦᠯᠴᠢ ᠳᠤ ᠬᠤᠷᠢᠮ ᠨᠠᠶᠢᠷ ᠬᠦᠳᠦᠯᠬᠦ ᠨᠢ ᠤᠳᠤ ᠶᠢᠨ ᠬᠢ | ᠳᠤᠰᠬᠠᠢ ᠨᠢᠭᠡ ᠠᠵᠢᠯ ᠳᠦᠷᠦᠯ ᠪᠤᠯᠵᠦ ᠳᠦᠯᠦᠪᠰᠢᠭᠡ ᠦᠭᠡᠢ ᠪᠠᠶᠢᠭᠰᠠᠨ᠃ ᠳᠡᠭᠡᠬᠦ ᠮᠦᠷᠳᠡᠭᠡᠨ ᠵᠤᠭᠤᠰ ᠮᠦᠡᠭᠬᠦ ᠪᠠᠷ | ᠴᠤ ᠦᠨᠡᠯᠡᠳᠡᠭ ᠦᠭᠡᠢ ᠪᠠᠶᠢᠭᠰᠠᠨ ᠪᠤᠯᠬᠤᠷ ᠪᠠᠳᠤᠨᠠᠰᠤᠨ ᠠᠩᠬ᠎ᠠ ᠬᠤᠷᠢᠮ ᠤᠨ ᠬᠦᠳᠦᠯᠦᠭᠴᠢ ᠪᠤᠯᠬᠤ ᠳᠠᠭᠠᠨ ᠵᠦᠪᠭᠡᠨ | ᠯᠡ ᠳᠤᠷ᠎ᠠ ᠰᠤᠨᠢᠷᠬᠠᠯ ᠠᠴᠠ ᠪᠠᠨ ᠪᠤᠯᠤᠭᠰᠠᠨ ᠪᠦᠭᠡᠳ ᠦᠪᠡᠷ ᠢ ᠪᠠᠨ ᠳᠡᠬᠦᠯᠳᠡᠷᠵᠢᠬᠦᠯᠵᠦ᠂ ᠰᠤᠶᠤᠯ ᠢᠶᠠᠨ ᠤᠯᠠᠮᠵᠢᠯᠠᠵᠦ᠂ | ᠪᠤᠰᠤᠳ ᠲᠤ ᠦᠢᠯᠡᠴᠢᠯᠡᠬᠦ ᠶᠢᠨ ᠯᠡ ᠵᠤᠷᠢᠯᠭ᠎ᠠ ᠲᠠᠢ ᠪᠠᠶᠢᠭᠰᠠᠨ ᠶᠤᠮ᠃ | ᠴᠠᠬᠠᠷ ᠬᠤᠷᠢᠮ ᠤᠨ ᠬᠦᠳᠦᠯᠦᠭᠴᠢ ᠪᠤᠯᠤᠭᠰᠠᠨ ᠤ ᠳᠠᠷᠠᠭ᠎ᠠ ᠪᠠᠳᠤᠨᠠᠰᠤᠨ ᠭᠡᠳᠦᠨ ᠳᠠᠯ᠎ᠠ ᠶᠢᠨ ᠠᠵᠢᠯ ᠢ ᠭᠤᠤᠯᠴᠢᠯᠠᠨ | ᠬᠢᠭᠰᠡᠨ ᠪᠠᠶᠢᠳᠠᠭ᠃ ᠤᠤᠯ ᠨᠢ ᠴᠠᠬᠠᠷ ᠨᠤᠲᠤᠭ ᠲᠤ ᠳᠠᠭᠠᠭᠠᠮᠠᠯ ᠨᠢ ᠬᠤᠷᠢᠮ ᠢ ᠬᠦᠳᠦᠯᠵᠦ ᠶᠠᠪᠤᠭᠳᠠᠭᠤᠯᠬᠤ᠂ ᠵᠤᠴᠢᠳ ᠢ | ᠳᠠᠶᠢᠯᠠᠵᠦ ᠵᠤᠴᠢᠯᠠᠬᠤ ᠵᠡᠷᠭᠡ ᠬᠤᠷᠢᠮ ᠤᠨ ᠪᠦᠬᠦ ᠦᠢᠯᠡ ᠶᠢ ᠳᠠᠭᠠᠭᠠᠵᠦ ᠬᠦᠢᠴᠡᠭᠡᠳᠡᠭ ᠪᠠᠶᠢᠭᠰᠠᠨ ᠪᠤᠯ ᠳᠡᠷᠡᠪᠡᠷ | ᠬᠦᠳᠦᠯᠦᠭᠴᠢ ᠪᠤᠯᠤᠨ ᠳᠠᠭᠠᠭᠠᠮᠠᠯ ᠤᠨ ᠠᠵᠢᠯ ᠢ ᠰᠠᠯᠭᠠᠵᠦ᠂ ᠬᠤᠷᠢᠮ ᠤᠨ ᠬᠦᠳᠦᠯᠦᠭᠴᠢ ᠶᠢᠨ ᠠᠵᠢᠯ ᠢ ᠳᠤᠰᠬᠠᠢ ᠨᠢᠭᠡ | ᠠᠵᠢᠯ ᠳᠦᠷᠦᠯ ᠪᠤᠯᠭᠠᠬᠤ ᠳᠤ ᠨᠢᠭᠡ ᠶᠤᠰᠤᠨ ᠤ ᠬᠦᠴᠦ ᠪᠠᠨ ᠡᠷᠬᠦᠭᠰᠡᠨ ᠪᠠᠶᠢᠯ᠎ᠠ᠃ ᠳᠠᠬᠢᠪᠠᠯ ᠬᠤᠷᠢᠮ ᠤᠨ ᠶᠤᠰᠤᠯᠠᠯ ᠤᠨ | ᠠᠵᠢᠯᠯᠠᠭ᠎ᠠ ᠶᠢ ᠳᠠᠶᠢᠰᠠᠨ ᠤ ᠤᠷᠠᠯᠢᠭ ᠤᠨ ᠬᠡᠯᠪᠡᠷᠢ ᠲᠠᠢ ᠪᠤᠯᠭᠠᠭᠰᠠᠨ᠃ ᠬᠤᠶᠠᠷ ᠰᠢᠨ᠎ᠠ ᠬᠦᠮᠦᠨ ᠢ ᠳᠠᠨᠢᠯᠴᠠᠭᠤᠯᠬᠤ᠂ | ᠢᠷᠦᠭᠡᠯ ᠬᠡᠯᠡᠬᠦ ᠵᠡᠷᠭᠡ ᠶᠢ ᠳᠠᠶᠢᠰᠠᠨ ᠳᠡᠭᠡᠷ᠎ᠡ ᠬᠦᠢᠴᠡᠳᠭᠡᠬᠦ ᠪᠤᠯᠤᠭᠰᠠᠨ ᠪᠠᠶᠢᠳᠠᠭ᠃ ᠪᠠᠰᠠ ᠨᠢᠭᠡᠨ ᠵᠦᠢᠯ ᠢ | ᠤᠴᠢᠷᠯᠠᠬᠤ ᠳᠤ ᠪᠠᠳᠤᠨᠠᠰᠤᠨ ᠳᠠᠶᠢᠰᠠᠨ ᠳᠡᠭᠡᠷ᠎ᠡ ᠤᠷᠠᠨ ᠴᠡᠴᠡᠨ ᠦᠭᠡ ᠪᠠᠷ ᠬᠤᠷᠢᠮ ᠬᠦᠳᠦᠯᠵᠦ ᠵᠤᠭᠰᠤᠬᠤ ᠳᠤ ᠳᠤᠤᠷ᠎ᠠ | ᠰᠠᠭᠤᠭᠰᠠᠨ ᠵᠠᠯᠠᠭᠤᠴᠤᠳ ᠶᠡᠭᠡ ᠪᠠᠭ᠋ᠠᠷᠬᠠᠵᠦ ᠶᠠᠪᠤᠳᠠᠭ ᠪᠠᠶᠢᠭᠰᠠᠨ ᠢᠶᠠᠷ ᠨᠢᠭᠡ ᠶᠤᠰᠤ ᠪᠠᠷ ᠳᠡᠷᠡᠪᠡᠷ ᠤᠳᠤ ᠶᠢᠨ ᠵᠠᠯᠠᠭᠤ | ᠬᠦᠳᠦᠯᠦᠭᠴᠢᠳ ᠲᠡᠭᠡᠨ ᠳᠠᠭᠤᠷᠢᠶᠠᠯ ᠪᠤᠯᠬᠤ ᠴᠤ ᠶᠤᠮ ᠤᠤ᠂ ᠪᠠᠭᠰᠢ ᠴᠤ ᠪᠤᠯᠵᠦ ᠪᠠᠶᠢᠭᠰᠠᠨ ᠤᠴᠢᠷᠳᠠᠢ᠃ | ᠤᠳᠤ ᠴᠠᠬᠠᠷ ᠨᠤᠲᠤᠭ ᠲᠤ ᠬᠤᠷᠢᠮ ᠨᠠᠶᠢᠷ ᠬᠦᠳᠦᠯᠦᠨ ᠶᠠᠪᠤᠭᠳᠠᠭᠤᠯᠵᠦ ᠪᠠᠶᠢᠭ᠎ᠠ ᠬᠦᠳᠦᠯᠦᠭᠴᠢ ᠭᠡᠳᠦᠨ ᠵᠠᠭᠤ ᠪᠠᠷ | ᠳᠤᠭᠠᠯᠠᠭᠳᠠᠨᠠ᠃ ᠳᠡᠶᠢᠮᠦ ᠪᠤᠯᠬᠤᠷ ᠪᠠᠳᠤᠨᠠᠰᠤᠨ 2010 ᠤᠨ ᠳᠤ ᠪᠤᠰᠤᠳ ᠨᠦᠬᠦᠳ ᠲᠠᠢ ᠪᠠᠨ ᠬᠠᠮᠳᠤᠷᠠᠯᠴᠠᠨ ︽ | ᠴᠠᠬᠠᠷ ᠰᠤᠶᠤᠯ ᠤᠨ ᠪᠠᠭ᠋ᠠᠳᠠᠳ︾ ᠭᠡᠬᠦ ᠴᠤᠭᠯᠠᠭᠠᠨ ᠢ ᠭᠤᠤᠯᠯᠠᠨ ᠵᠤᠬᠢᠶᠠᠨ ᠪᠠᠶᠢᠭᠤᠯᠵᠦ᠂ ᠴᠠᠬᠠᠷ ᠤᠨ ᠳᠦᠷᠪᠡᠨ | ᠬᠤᠰᠢᠭᠤᠨ ᠤ ᠬᠤᠷᠢᠮ ᠨᠠᠶᠢᠷ ᠤᠨ ᠬᠦᠳᠦᠯᠦᠭᠴᠢᠳ ᠲᠤ ᠴᠠᠬᠠᠷ ᠬᠤᠷᠢᠮ ᠤᠨ ᠳᠤᠬᠠᠢ ᠦᠵᠡᠯᠳᠡ ᠳᠠᠨᠢᠯᠳᠠ᠂ ᠮᠡᠳᠡᠯᠭᠡ | ᠮᠡᠳᠡᠴᠡ ᠪᠠᠨ ᠤᠯᠠᠮᠵᠢᠯᠠᠵᠦ ᠶᠠᠷᠢᠵᠦ ᠪᠠᠶᠢᠭᠰᠠᠨ ᠨᠢ ᠦᠨᠡᠳᠠᠢ᠃ ᠦᠡᠭᠭᠡᠷᠡᠭᠰᠡᠨ ᠤ ᠴᠠᠬᠠᠷ ᠬᠤᠷᠢᠮ ᠤᠨ ᠤᠯᠠ ᠮᠦᠷ᠂ | ᠤᠳᠤ ᠤᠷᠤᠰᠢᠵᠦ ᠪᠠᠶᠢᠬᠤ ᠠᠰᠠᠭᠤᠳᠠᠯ᠂ ᠬᠦᠳᠦᠯᠦᠭᠴᠢ ᠬᠦᠮᠦᠨ ᠶᠠᠮᠠᠷ ᠪᠠᠶᠢᠪᠠᠯ ᠳᠠᠭᠠᠷᠠᠬᠤ᠂ ᠳᠠᠭᠤᠴᠢᠨ ᠬᠦᠮᠦᠨ ᠶᠠᠮᠠᠷ | ᠳᠠᠭᠤᠤ ᠳᠠᠭᠤᠯᠠᠪᠠᠯ ᠳᠠᠭᠠᠷᠠᠬᠤ᠂ ᠰᠡᠬᠦᠳᠡᠷᠯᠡᠭᠴᠢ ᠶᠠᠭᠤ ᠶᠢ ᠭᠤᠤᠯᠯᠠᠵᠦ ᠰᠡᠬᠦᠳᠡᠷᠯᠡᠬᠦ᠂ ᠬᠦᠭᠵᠢᠮᠴᠢᠨ ᠶᠠᠮᠠᠷ ᠪᠠᠶᠢᠪᠠᠯ | ᠳᠠᠭᠠᠷᠠᠬᠤ ᠵᠡᠷᠭᠡ ᠲᠠᠯ᠎ᠠ ᠪᠠᠷ ᠬᠤᠷᠢᠮ ᠨᠠᠶᠢᠷ ᠤᠨ ᠦᠢᠯᠡᠴᠢᠯᠡᠭᠡᠨ ᠳᠤ ᠭᠤᠤᠯᠯᠠᠨ ᠤᠷᠤᠯᠴᠠᠳᠠᠭ ᠬᠦᠮᠦᠰ ᠲᠤ ᠳᠠᠯ᠎ᠠ | ᠳᠠᠯ᠎ᠠ ᠶᠢᠨ ᠰᠠᠨᠠᠭᠤᠯᠭ᠎ᠠ ᠦᠭᠳᠡᠭ ᠪᠠᠶᠢᠭᠰᠠᠨ ᠨᠢ ᠤᠷᠤᠭ ᠬᠤᠷᠢᠮ ᠤᠨ ᠰᠤᠶᠤᠯ ᠢᠶᠠᠨ ᠵᠦᠪ ᠢᠶᠠᠷ ᠦᠪᠯᠡᠨ ᠤᠯᠠᠮᠵᠢᠯᠠᠬᠤ | ᠭᠡᠳᠡᠭ ᠰᠡᠳᠬᠢᠯ ᠢᠶᠠᠷ ᠨᠢ ᠵᠢᠯᠤᠭᠤᠳᠤᠭᠤᠯᠤᠭᠰᠠᠨ ᠴᠢᠷᠮᠠᠶᠢᠯᠭ᠎ᠠ ᠪᠠᠶᠢᠭᠰᠠᠨ ᠡ᠃ 2013 ᠤᠨ ᠳᠤ ᠰᠢᠯᠢ ᠶᠢᠨ ᠭᠤᠤᠯ | ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ ᠳᠤ ᠪᠦᠬᠦ ᠤᠯᠤᠰ ᠤᠨ ᠠᠩᠬᠠᠳᠤᠭᠠᠷ ᠬᠤᠭᠤᠴᠠᠭᠠᠨ ᠤ ᠴᠠᠬᠠᠷ ᠰᠤᠶᠤᠯ ᠤᠨ | ᠰᠤᠳᠤᠯᠭᠠᠨ ᠪᠤᠯᠬᠤ ᠳᠤ ᠪᠠᠳᠤᠨᠠᠰᠤᠨ ︽ᠴᠠᠬᠠᠷ ᠬᠤᠷᠢᠮ ᠤᠨ ᠳᠤᠬᠠᠢ ᠦᠪᠡᠷ ᠤᠨ ᠦᠵᠡᠯᠳᠡ︾ ᠭᠡᠬᠦ ᠦᠬᠦᠯᠡᠯ ᠢᠶᠠᠨ | ᠳᠡᠪᠰᠢᠬᠦᠯᠵᠦ᠂ ︽ᠨᠡᠶᠢᠭᠡᠮ︾ ᠰᠡᠳᠬᠦᠯ᠂ ︽ᠦᠪᠦᠷ ᠮᠤᠩᠭᠤᠯ ᠤᠨ ᠵᠠᠯᠠᠭᠤᠴᠤᠳ︾ ᠰᠡᠳᠬᠦᠯ᠂ ᠰᠢᠯᠢ ᠶᠢᠨ ᠭᠤᠤᠯ | ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ ᠶᠢᠨ ᠡᠷᠳᠡᠮ ᠰᠢᠨᠵᠢᠯᠡᠭᠡᠨ ᠤ ᠰᠡᠳᠬᠦᠯ ᠵᠡᠷᠭᠡ ᠨᠡᠯᠢᠶᠡᠳ ᠭᠡᠳᠦᠨ ᠰᠡᠳᠬᠦᠯ ᠳᠤ | ᠴᠤ ᠴᠠᠬᠠᠷ ᠬᠤᠷᠢᠮ ᠤᠨ ᠳᠤᠬᠠᠢ ᠦᠬᠦᠯᠡᠯ ᠢᠶᠠᠨ ᠨᠡᠶᠢᠳᠡᠯᠡᠵᠦ ᠪᠠᠶᠢᠯ᠎ᠠ᠃ ᠡᠬᠦᠨ ᠠᠴᠠ ᠭᠠᠳᠠᠨ᠎ᠠ ᠦᠪᠦᠷ ᠮᠤᠩᠭᠤᠯ ᠤᠨ | ᠷᠠᠳᠢᠣ᠋ ᠤᠨ ︽ᠦᠳᠡᠰᠢ ᠶᠢᠨ ᠴᠢᠯᠦᠭᠡ︾᠂ ᠦᠪᠦᠷ ᠮᠤᠩᠭᠤᠯ ᠤᠨ ᠳᠧᠯᠸᠢᠰ ᠬᠤᠷᠢᠶᠠᠨ ᠤ ︽ ᠤᠷᠤᠰᠬᠠᠯ︾ ᠳᠡᠯᠭᠡᠴᠡ᠂ | ᠰᠢᠯᠢ ᠶᠢᠨ ᠭᠤᠤᠯ ᠤᠨ ᠷᠠᠳᠢᠣ᠋ ᠳᠧᠯᠸᠢᠰ ᠬᠤᠷᠢᠶᠠᠨ ᠤ ᠨᠡᠪᠳᠡᠷᠡᠬᠦᠯᠭᠡ ᠪᠠᠷ ᠴᠠᠬᠠᠷ ᠬᠤᠷᠢᠮ ᠤᠨ ᠳᠤᠬᠠᠢ ᠬᠦᠮᠦᠨ | ᠠᠷᠠᠳ ᠲᠠᠭᠠᠨ ᠳᠠᠨᠢᠯᠴᠠᠭᠤᠯᠵᠦ ᠦᠡᠭᠭᠡᠷᠡᠭᠰᠡᠨ ᠶᠤᠮ᠃ | ᠤᠯᠠᠨ ᠵᠢᠯ ᠰᠢᠯᠤᠭᠤᠨ ᠬᠦᠭᠡ ᠬᠤᠰᠢᠭᠤᠨ ᠳᠠᠭᠠᠨ ᠠᠷᠠᠳ ᠤᠨ ᠪᠠᠭᠰᠢ ᠶᠢᠨ ᠠᠵᠢᠯ ᠠᠯᠪᠠ ᠬᠦᠢᠴᠡᠳᠭᠡᠵᠦ | ᠶᠠᠪᠤᠭᠰᠠᠨ ᠪᠠᠳᠤᠨᠠᠰᠤᠨ 2014 ᠤᠨ ᠳᠤ ᠠᠶᠢᠮᠠᠭ ᠤᠨ ᠰᠤᠷᠭᠠᠨ ᠬᠦᠮᠦᠵᠢᠯ ᠤᠨ ᠳᠤᠪᠴᠢᠶᠠᠨ ᠤ ᠦᠨᠳᠦᠰᠦᠳᠡᠨ ᠤ | ᠰᠤᠷᠭᠠᠨ ᠬᠦᠮᠦᠵᠢᠯ ᠤᠨ ᠰᠠᠯᠠᠭᠠᠨ ᠳᠤ ᠠᠵᠢᠯ ᠰᠢᠯᠵᠢᠵᠦ ᠢᠷᠡᠭᠰᠡᠨ ᠪᠦᠭᠡᠳ ᠴᠡᠴᠡᠷᠯᠢᠭ ᠠᠴᠠ ᠳᠤᠮᠳᠠᠳᠤ ᠰᠤᠷᠭᠠᠭᠤᠯᠢ | ᠬᠦᠷᠳᠡᠯᠡᠬᠢ ᠨᠢᠭᠡ ᠢᠵᠢ ᠵᠢᠭᠠᠨ ᠰᠤᠷᠭᠠᠯᠳᠠ ᠶᠢᠨ ᠨᠤᠮ ᠢ ᠭᠤᠤᠯᠯᠠᠨ ᠨᠠᠶᠢᠷᠠᠭᠤᠯᠵᠦ᠂ ᠳᠤᠰ ᠨᠤᠮ ᠳᠠᠭᠠᠨ ᠮᠠᠨ ᠤ | ᠠᠶᠢᠮᠠᠭ ᠤᠨ ᠳᠦᠷᠪᠡᠨ ᠠᠶᠢᠮᠠᠭ ᠪᠦᠯᠦᠭ ᠤᠨ ᠤᠷᠤᠭ ᠬᠤᠷᠢᠮ ᠤᠨ ᠶᠤᠰᠤ ᠵᠠᠩᠰᠢᠯ ᠤᠨ ᠳᠤᠬᠠᠢ ᠳᠠᠨᠢᠯᠴᠠᠭᠤᠯᠵᠦ | ᠤᠷᠤᠭᠤᠯᠤᠭᠰᠠᠨ ᠪᠠᠶᠢᠯ᠎ᠠ᠃ ᠡᠨᠡ ᠨᠢ ᠮᠤᠩᠭᠤᠯ ᠰᠤᠶᠤᠯ ᠤᠨ ᠨᠢᠭᠡ ᠬᠡᠮᠵᠢᠶᠡᠨ ᠤ ᠬᠤᠷᠢᠶᠠᠩᠭᠤᠢᠢᠯᠠᠯ ᠪᠤᠯᠤᠭᠰᠠᠨ ᠤᠷᠤᠭ | ᠬᠤᠷᠢᠮ ᠤᠨ ᠶᠤᠰᠤ ᠵᠠᠩᠰᠢᠯ ᠢ ᠤᠯᠠᠮᠵᠢᠯᠠᠵᠦ ᠦᠪᠯᠡᠬᠦᠯᠬᠦ ᠠᠵᠢᠯ ᠤᠨ ᠳᠤᠷᠠᠳᠤᠭᠤᠰᠢᠳᠠᠢ ᠴᠢᠷᠮᠠᠶᠢᠯᠭ᠎ᠠ ᠪᠠᠶᠢᠯ᠎ᠠ᠃ | ︽ᠤᠷᠤᠭ ᠬᠤᠷᠢᠮ ᠭᠡᠵᠦ ᠵᠦᠭᠡᠷ ᠯᠡ ᠨᠢᠭᠡ ᠠᠶᠢᠯ ᠭᠡᠷ ᠪᠤᠯᠵᠦ ᠦᠷ᠎ᠠ ᠤᠳᠤᠮ ᠵᠠᠯᠭᠠᠬᠤ ᠡᠩ ᠤᠨ ᠤᠴᠢᠷ ᠰᠢᠭ᠋ | ᠪᠠᠶᠢᠪᠠᠴᠤ ᠮᠠᠰᠢ ᠨᠠᠷᠢᠨ ᠵᠢᠷᠤᠮ ᠭᠤᠷᠢᠮ ᠲᠠᠢ ᠰᠤᠶᠤᠯ ᠤᠨ ᠦᠵᠡᠭᠳᠡᠯ ᠶᠤᠮ᠃ ᠤᠷᠤᠭ ᠬᠤᠷᠢᠮ ᠳᠤ ᠨᠠᠷᠢᠨ ᠬᠢᠨᠠᠮᠠᠭᠠᠢ | ᠬᠠᠨᠳᠤᠵᠦ ᠪᠠᠶᠢᠨ᠎ᠠ ᠭᠡᠳᠡᠭ ᠪᠤᠯ ᠡᠪᠦᠭᠡ ᠳᠡᠭᠡᠳᠦᠰ ᠤᠨ ᠢᠶᠠᠨ ᠦᠯᠡᠳᠡᠭᠡᠭᠰᠡᠨ ᠦᠪ ᠰᠤᠶᠤᠯ ᠳᠤ᠂ ᠴᠢᠨᠠᠭᠰᠢᠯᠠᠪᠠᠯ | ᠦᠨᠳᠦᠰᠦᠳᠡᠨ ᠤ ᠪᠠᠨ ᠢᠷᠡᠭᠡᠳᠦᠢ ᠶᠢᠨ ᠤᠷᠤᠰᠢᠯ ᠳᠤᠭᠳᠠᠨᠢᠯ ᠳᠤ ᠬᠠᠷᠢᠭᠤᠴᠠᠯᠭ᠎ᠠ ᠲᠠᠢ ᠬᠠᠨᠳᠤᠵᠦ ᠪᠠᠶᠢᠨ᠎ᠠ ᠭᠡᠰᠡᠨ ᠦᠭᠡ | ᠃ ᠬᠤᠷᠢᠮ ᠨᠠᠶᠢᠷ ᠡᠷᠬᠢᠯᠡᠬᠦ ᠳᠡᠭᠡᠨ ᠰᠡᠳᠬᠢᠯ ᠳᠦᠬᠦᠷᠡᠩ ᠪᠠᠶᠠᠷ ᠵᠢᠷᠭᠠᠯ ᠲᠠᠢ ᠪᠠᠶᠢᠵᠦ᠂ ᠴᠢᠩ ᠰᠡᠳᠬᠢᠯ ᠠᠴᠠ ᠪᠠᠨ | ᠦᠢᠯᠡᠴᠢᠯᠡᠬᠦ ᠭᠡᠷᠡᠭᠳᠠᠢ᠃ ᠬᠤᠷᠢᠮ ᠨᠠᠶᠢᠷ ᠡᠷᠬᠢᠯᠡᠨ ᠶᠠᠪᠤᠭᠳᠠᠭᠤᠯᠵᠦ ᠪᠠᠶᠢᠭ᠎ᠠ ᠬᠦᠮᠦᠰ ᠪᠤᠯ ᠤᠷᠤᠭ ᠬᠤᠷᠢᠮ ᠤᠨ | ᠰᠤᠶᠤᠯ ᠤᠨ ᠪᠤᠤᠬᠢᠶ᠎ᠠ ᠶᠢ ᠳᠠᠮᠵᠢᠭᠤᠯᠤᠭᠴᠢ ᠶᠤᠮ︾ ᠭᠡᠵᠦ ᠶᠠᠷᠢᠭᠰᠠᠨ ᠪᠠᠳᠤᠨᠠᠰᠤᠨ ᠤᠷᠤᠭ ᠬᠤᠷᠢᠮ ᠤᠨ ᠶᠤᠰᠤᠨ ᠤ | ᠤᠯᠠᠮᠵᠢᠯᠠᠯ ᠰᠢᠨᠡᠴᠢᠯᠡᠯ ᠢ ᠤᠶᠠᠯᠳᠤᠭᠤᠯᠬᠤ ᠳᠠᠯ᠎ᠠ ᠪᠠᠷ ᠶᠠᠷᠢᠬᠤ ᠳᠠᠭᠠᠨ᠄ ︽ ᠰᠤᠶᠤᠯ ᠢᠶᠠᠨ ᠬᠦᠭᠵᠢᠬᠦᠯᠬᠦ ᠪᠡ | ᠰᠤᠶᠤᠯ ᠢᠶᠠᠨ ᠦᠪᠯᠡᠬᠦᠯᠬᠦ ᠭᠡᠳᠡᠭ ᠬᠤᠶᠠᠷ ᠦᠭᠡ ᠶᠢ ᠪᠢᠳᠡ ᠬᠡᠵᠢᠶᠡᠳᠠ ᠰᠠᠯᠤᠰᠢ ᠦᠭᠡᠢ ᠶᠠᠷᠢᠳᠠᠭ᠃ ᠰᠤᠶᠤᠯ ᠪᠤᠯ ᠴᠠᠭ | ᠦᠶ᠎ᠡ ᠪᠠᠨ ᠳᠠᠭᠠᠵᠦ ᠬᠦᠭᠵᠢᠳᠡᠭ᠃ ᠤᠳᠤ ᠦᠶ᠎ᠡ ᠶᠢᠨ ᠬᠦᠮᠦᠰ ᠤᠨ ᠬᠡᠷᠡᠭᠴᠡᠭᠡ ᠱᠠᠭᠠᠷᠳᠠᠯᠭ᠎ᠠ ᠪᠤᠶᠤ ᠰᠢᠨ᠎ᠠ | ᠤᠷᠴᠢᠨ ᠳᠤ ᠵᠤᠬᠢᠴᠠᠭᠤᠯᠬᠤ ᠪᠤᠯ ᠵᠠᠪᠠᠯ ᠶᠠᠪᠤᠬᠤ ᠬᠦᠭᠵᠢᠯᠳᠡ ᠶᠢᠨ ᠵᠠᠮ᠃ ᠡᠷᠳᠡᠨ ᠤ ᠦᠶ᠎ᠠ ᠶᠢᠨ ᠪᠤᠯᠢᠶᠠᠮᠠᠯ ᠤᠷᠤᠭ | ᠪᠤᠶᠤ ᠨᠢᠭᠡ ᠡᠷᠡᠭᠳᠠᠢ ᠤᠯᠠᠨ ᠡᠬᠡᠨᠡᠷ ᠠᠪᠴᠤ ᠪᠤᠯᠳᠠᠭ ᠬᠤᠤᠰᠯᠠᠮᠠᠯ ᠤᠷᠤᠭ ᠨᠢ ᠤᠳᠤ ᠶᠢᠨ ᠰᠢᠨ᠎ᠠ ᠤᠷᠴᠢᠨ᠂ | ᠤᠷᠤᠭ ᠤᠨ ᠬᠠᠤᠯᠢ ᠳᠤ ᠨᠡᠶᠢᠴᠡᠬᠦ ᠦᠭᠡᠢ ᠪᠤᠯᠬᠤᠷ ᠵᠠᠪᠠᠯ ᠦᠭᠡᠷᠡᠴᠢᠯᠡᠬᠦ ᠭᠡᠷᠡᠭᠳᠠᠢ᠃ ᠤᠯᠠᠮᠵᠢᠯᠠᠯ ᠤᠨ ᠤᠭ ᠶᠤᠰᠤ ᠶᠢ ᠨᠢ | ᠡᠪᠳᠡᠬᠦ ᠦᠭᠡᠢ ᠪᠠᠶᠢᠳᠠᠯ ᠤᠨ ᠳᠤᠤᠷ᠎ᠠ ᠰᠢᠨ᠎ᠠ ᠤᠷᠴᠢᠨ ᠳᠤ ᠵᠤᠬᠢᠴᠠᠭᠤᠯᠬᠤ ᠪᠤᠯ ᠰᠤᠶᠤᠯ ᠤᠨ ᠤᠯᠠᠮᠵᠢᠯᠠᠯ ᠰᠢᠨᠡᠴᠢᠯᠡᠯ ᠤᠨ | ᠳᠠᠯ᠎ᠠ ᠪᠠᠷ ᠮᠡᠳᠡᠪᠡᠰᠦ ᠵᠤᠬᠢᠬᠤ ᠤᠬᠠᠭᠳᠠᠬᠤᠨ ᠪᠤᠯᠬᠤ ᠶᠤᠮ᠃ ᠲᠦᠷᠢ ᠳᠦᠷᠬᠦ ᠶᠢ ᠨᠢ ᠠᠯᠳᠠᠭᠤᠯᠵᠦ ᠰᠢᠨᠡᠴᠢᠯᠡᠬᠦ ᠪᠤᠯ | ᠰᠤᠶᠤᠯ ᠳᠠᠭᠠᠨ ᠬᠢᠵᠦ ᠪᠠᠶᠢᠬᠤ ᠶᠠᠯ᠎ᠠ᠃ ᠨᠦᠬᠦᠭᠡ ᠳᠠᠯ᠎ᠠ ᠪᠠᠷ ᠤᠯᠠᠮᠵᠢᠯᠠᠯ ᠳᠠᠭᠠᠨ ᠳᠡᠩᠳᠡᠬᠦᠦ ᠪᠠᠷᠢᠭᠳᠠᠬᠤ ᠶᠢ ᠴᠤ | ᠰᠡᠷᠭᠡᠶᠢᠯᠡᠪᠡᠯ ᠳᠠᠭᠠᠷᠠᠨ᠎ᠠ᠃ ᠵᠠᠪᠠᠯ ᠪᠦᠬᠦ ᠵᠠᠩ ᠦᠢᠯᠡ ᠶᠢ ᠳᠠᠶᠢᠰᠠᠨ ᠳᠡᠭᠡᠷ᠎ᠡ ᠭᠠᠷᠭᠠᠬᠤ ᠭᠡᠵᠦ ᠵᠢᠳᠬᠦᠭᠡᠳ ᠪᠠᠶᠢᠪᠠᠯ ᠴᠠᠭ | ᠦᠶ᠎ᠡ ᠳᠡᠭᠡᠨ ᠳᠤᠬᠢᠷᠠᠬᠤ ᠦᠭᠡᠢ ᠪᠤᠯᠤᠨ᠎ᠠ᠃ ᠬᠠᠷᠢᠨ ᠵᠠᠷᠢᠮ ᠦᠢᠯᠡ ᠶᠢ ᠪᠤᠰᠤᠳ ᠲᠤ ᠯᠡ ᠦᠵᠡᠬᠦᠯᠬᠦ ᠶᠢᠨ ᠳᠦᠯᠦᠭᠡ | ᠪᠢᠰᠢ᠂ ᠦᠪᠡᠷ ᠢᠶᠠᠨ ᠭᠡᠷ ᠪᠦᠯᠢ ᠳᠡᠭᠡᠨ ᠶᠠᠪᠤᠭᠳᠠᠭᠤᠯᠪᠠᠯ ᠵᠤᠬᠢᠨ᠎ᠠ᠃ ᠳᠠᠬᠢᠪᠠᠯ ᠪᠤᠰᠤᠳ ᠤᠨ ᠵᠠᠩ ᠵᠠᠩᠰᠢᠯ ᠳᠤ | ᠭᠡᠳᠦᠷᠭᠡᠢ ᠨᠦᠯᠦᠭᠡᠯᠡᠭᠳᠡᠬᠦ ᠴᠢᠬᠤᠯᠠ ᠦᠭᠡᠢ᠃ ᠪᠤᠰᠤᠳ ᠤᠨ ᠰᠤᠶᠤᠯ ᠢ ᠠᠪᠬᠤ ᠶᠢ ᠨᠢ ᠠᠪᠤᠭᠠᠳ᠂ ᠶᠠᠭ ᠵᠠᠩ | ᠵᠠᠩᠰᠢᠯ ᠤᠨ ᠳᠠᠯ᠎ᠠ ᠪᠠᠷ ᠪᠤᠯ ᠦᠪᠡᠷ ᠢ ᠪᠠᠨ ᠠᠯᠳᠠᠬᠤ ᠦᠭᠡᠢ ᠪᠠᠶᠢᠬᠤ ᠤᠴᠢᠷᠳᠠᠢ︾ ᠭᠡᠵᠦ ᠵᠠᠯᠠᠭᠤ ᠦᠶ᠎ᠡ ᠶᠢᠨ ᠤᠷᠤᠭ | ᠬᠤᠷᠢᠮ ᠤᠨ ᠬᠦᠳᠦᠯᠦᠭᠴᠢ ᠪᠤᠶᠤ ᠤᠷᠤᠭ ᠬᠤᠷᠢᠮ ᠢ ᠤᠳᠤᠷᠢᠳᠤᠨ ᠡᠷᠬᠢᠯᠡᠵᠦ ᠪᠠᠶᠢᠭ᠎ᠠ ᠬᠦᠮᠦᠰ ᠲᠡᠭᠡᠨ ᠵᠦᠪ | ᠰᠠᠨᠠᠭᠤᠯᠤᠮᠵᠢ ᠵᠦᠢᠳᠡᠢ ᠵᠦᠪᠯᠡᠯᠭᠡ ᠦᠭᠴᠦ ᠪᠢᠯᠡ᠃ | | |