| | ᠬᠦᠮᠤᠰ ᠤᠨ ᠪᠤᠳᠠᠭᠠᠨ ᠰᠢᠷᠡᠬᠡᠨ ᠲᠡᠬᠡᠷ᠎ᠠ ᠬᠠᠶᠠᠭᠳᠠᠭᠰᠠᠨ ᠬᠤᠨᠢᠨ ᠤ ᠶᠠᠰᠤ ᠨᠢ ᠮᠠᠨᠳᠤᠬᠤ ᠶᠢᠨ ᠭᠠᠷ ᠢᠶᠠᠷ | ᠳᠠᠮᠵᠢᠪᠠᠯ ᠮᠠᠰᠢ ᠤᠯᠠᠨ ᠭᠤᠸ᠎ᠠ ᠰᠠᠶᠢᠬᠠᠨ ᠶᠠᠰᠤᠨ ᠰᠡᠶᠢᠯᠣᠮᠡᠯ ᠤᠨ ᠪᠥᠳᠤᠬᠡᠯ ᠪᠤᠯᠵᠣ ᠬᠦᠮᠤᠰ ᠤᠨ ᠠᠨᠩᠬᠠᠷᠤᠯ ᠢ ᠲᠠᠲᠠᠳᠠᠭ᠃ | | 58 ᠨᠠᠰᠤᠳᠠᠢ ᠮᠠᠨᠳᠤᠬᠤ ᠪᠣᠯ ᠮᠤᠩᠭᠤᠯ ᠦᠨᠳᠤᠰᠤᠳᠡᠨ ᠤ ᠠᠷᠠᠳ ᠤᠨ ᠶᠠᠰᠣᠨ ᠰᠡᠶᠢᠯᠪᠤᠷᠢᠴᠢᠨ ᠪᠤᠯᠣᠨ᠎ᠠ᠃ | ᠠᠷᠪᠠᠨ ᠬᠡᠳᠤᠨ ᠵᠢᠯ ᠤᠨ ᠲᠤᠳᠣᠷ᠎ᠠ ᠲᠡᠬᠦᠨ ᠤ ᠬᠤᠨᠢᠨ ᠤ ᠶᠠᠰᠤ ᠪᠠᠷ ᠭᠤᠤᠯᠳᠠᠭᠤᠯᠣᠨ᠂ ᠦᠬᠡᠷ ᠪᠠ ᠲᠡᠮᠡᠭᠡᠨ ᠤ ᠶᠠᠰᠤ | ᠶᠢ ᠪᠠᠭᠲᠠᠭᠠᠭᠰᠠᠨ ᠬᠡᠳᠤᠨ ᠵᠠᠭᠤᠨ ᠵᠤᠶᠢᠯ ᠤᠨ ᠶᠡᠭᠡ ᠪᠠᠭ᠎ᠠ ᠨᠢ ᠠᠳᠠᠯᠢ ᠪᠤᠰᠤ ᠤᠷᠠᠨ ᠰᠠᠶᠢᠬᠠᠨ ᠪᠦᠳᠤᠬᠡᠯ ᠤᠳ ᠨᠢ | ᠮᠤᠩᠭᠤᠯ ᠦᠨᠳᠤᠰᠤᠳᠡᠨ ᠤ ᠠᠷᠠᠳ ᠤᠨ ᠰᠤᠶᠤᠯ ᠢ ᠠᠮᠢᠳᠤᠯᠢᠭ ᠢᠶᠠᠷ ᠲᠡᠯᠬᠡᠨ ᠦᠵᠡᠬᠦᠯᠤᠭ᠍ᠰᠡᠨ ᠪᠠᠶᠢᠨ᠎ᠠ᠃ | ᠶᠠᠰᠤᠨ ᠰᠡᠶᠢᠯᠣᠮᠡᠯ ᠨᠢ ᠬᠦᠮᠤᠰ ᠤᠨ ᠬᠦᠨᠳᠤᠳᠬᠡᠯ ᠢ ᠤᠯᠬᠤ ᠪᠠᠷ ᠪᠠᠷᠠᠬᠤ ᠦᠬᠡᠢ ᠪᠠᠰᠠ ᠮᠦᠩᠭᠦ ᠤᠯᠬᠤ | ᠪᠤᠯᠬᠤᠷ ᠪᠢ ᠡᠨᠡᠬᠦ ᠭᠠᠷ ᠤᠷᠠᠯᠠᠯ ᠢ ᠰᠠᠶᠢᠨ ᠬᠢᠨ᠎ᠡ》 | ᠮᠠᠨᠳᠤᠬᠤ ᠪᠣᠯ ᠰᠢᠯᠢ ᠶᠢᠨ ᠭᠤᠣᠯ ᠠᠶᠢᠮᠠᠭ ᠤᠨ ᠰᠦᠨᠢᠳ ᠪᠠᠷᠠᠭᠤᠨ ᠬᠤᠰᠢᠭᠤᠨ ᠤ ᠬᠦᠮᠤᠨ᠂ ᠪᠠᠭ᠎ᠠ ᠶᠢᠨ | ᠦᠶ᠎ᠡ ᠳᠤ ᠡᠳᠤᠷᠵᠢᠨ ᠬᠤᠨᠢ ᠬᠠᠷᠢᠭᠤᠯᠵᠤ ᠶᠠᠪᠤᠬᠤ ᠳᠠᠭᠠᠨ ᠬᠠᠶᠠ ᠵᠢᠷᠤᠭ ᠵᠢᠷᠤᠵᠤ᠂ ᠶᠠᠮᠠᠷ ᠨᠢᠭᠡᠨ ᠰᠠᠶᠢᠬᠠᠨ ᠪᠣᠳᠣᠯ | ᠤᠷᠤᠪᠡᠯ ᠦᠷᠬᠦᠯᠵᠢ ᠪᠢᠴᠢᠬᠠᠨ ᠬᠢᠳᠤᠭ᠎ᠠ ᠪᠠᠷ ᠬᠤᠨᠢᠨ ᠶᠠᠰᠤᠨ ᠲᠡᠬᠡᠷ᠎ᠠ ᠶᠠᠭᠤᠮ᠎ᠠ ᠰᠡᠶᠢᠯᠤᠵᠤ ᠨᠠᠭᠠᠳᠤᠳᠠᠭ ᠶᠤᠮ | ᠪᠠᠶᠢᠨ᠎ᠠ᠂ ᠤᠳᠣ ᠴᠤ ᠬᠡᠰᠡᠨ ᠮᠠᠨᠳᠤᠬᠤ ᠶᠢᠨ ᠠᠵᠢᠯ ᠤᠨ ᠦᠷᠤᠬᠡᠨ ᠳᠤ ᠮᠠᠰᠢ ᠤᠯᠠᠨ ᠬᠦᠮᠤᠨ᠂ ᠠᠮᠢᠳᠠᠨ᠂ ᠪᠠᠶᠠᠷ | ᠨᠠᠶᠢᠷ ᠤᠨ ᠡᠳᠤᠷ ᠢ ᠵᠢᠷᠤᠭᠰᠠᠨ ᠵᠢᠷᠤᠭ ᠤᠳ ᠦᠵᠡᠭᠳᠡᠨ᠎ᠡ᠃ | 《ᠪᠢ ᠤᠷᠠᠨ ᠵᠢᠷᠤᠭ ᠤᠨ ᠲᠤᠰᠬᠠᠢ ᠮᠡᠷᠬᠡᠵᠢᠯ ᠤᠨ ᠪᠣᠯᠪᠠᠰᠤᠷᠠᠯ ᠬᠦᠷᠳᠡᠵᠤ ᠦᠩᠭᠡᠷᠡᠭᠰᠡᠨ ᠦᠬᠡᠢ᠂ ᠬᠡᠪᠡᠴᠤ | ᠵᠢᠷᠤᠭ ᠵᠢᠷᠤᠬᠤ ᠲᠣᠷᠠᠳᠠᠢ ᠪᠦᠬᠡᠳ ᠪᠠᠭ᠎ᠠ ᠰᠠᠭ᠎ᠠ ᠶᠠᠭᠤᠮ᠎ᠠ ᠰᠡᠶᠢᠯᠳᠡᠭ ᠪᠣᠯᠬᠤᠷ ᠡᠳᠤᠢ ᠣᠯᠠᠨ ᠵᠢᠯ ᠭᠠᠷ | ᠤᠷᠠᠯᠠᠯ ᠢᠶᠠᠨ ᠬᠠᠶᠠᠭᠰᠠᠨ ᠦᠬᠡᠢ》ᠬᠡᠵᠤ ᠮᠠᠨᠳᠤᠬᠤ ᠢᠨᠢᠶᠡᠮᠰᠦᠭᠯᠡᠨ᠎ᠡ᠃ | 2000 ᠤᠨ ᠤ ᠨᠢᠭᠡ ᠡᠳᠤᠷ ᠪᠠᠶᠢᠵᠦ ᠪᠢᠯᠡ᠂ ᠲᠡᠷᠡ ᠦᠬᠢᠨ ᠤ ᠪᠠᠨ ᠬᠢᠴᠢᠶᠡᠯ ᠤᠨ ᠪᠢᠴᠢᠭ ᠳᠡᠭᠡᠷᠡᠬᠢ | ᠬᠤᠨᠢᠨ ᠶᠠᠰᠤᠨ ᠤ ᠲᠠᠭᠤᠳᠠᠯᠭ᠎ᠠ ᠨᠢ ᠲᠤᠬᠠᠢ ᠶᠢᠨ ᠭᠠᠵᠠᠷ ᠤᠨ ᠮᠠᠯᠴᠢᠳ ᠤᠨ ᠬᠢ ᠲᠠᠢ ᠶᠡᠭᠡ ᠵᠦᠷᠢᠶ᠎ᠡ ᠲᠠᠢ ᠪᠠᠶᠢᠬᠤ ᠶᠢ | ᠭᠡᠨᠡᠳᠲᠡ ᠤᠯᠵᠦ ᠮᠡᠳᠡᠯ᠎ᠡ᠃ 《ᠬᠤᠨᠢᠨ ᠤ ᠶᠠᠰᠤᠨ ᠤ ᠨᠡᠷ᠎ᠠ ᠳᠠᠭᠤᠳᠠᠯᠭ᠎ᠠ ᠶᠢ ᠤᠯᠠᠨ ᠪᠤᠷᠤᠭᠤ ᠶᠠᠷᠢᠵᠤ ᠪᠠᠶᠢᠨ᠎ᠠ᠂ | ᠮᠤᠩᠭᠤᠯ ᠭᠠᠵᠠᠷ ᠢᠶᠠᠨ ᠠᠮᠢᠳᠤᠷᠠᠵᠤ ᠪᠠᠶᠢᠭᠠᠳ ᠶᠠᠭᠤᠨ ᠳᠤ ᠪᠤᠷᠤᠭᠤ ᠬᠡᠯᠡᠬᠦ ᠪᠤᠢ》 ᠭᠡᠵᠦ ᠲᠡᠷᠡ ᠪᠤᠲᠤᠯᠠ᠂ | ᠬᠡᠪᠡᠴᠤ᠂ ᠵᠦᠪᠡᠬᠡᠨ ᠨᠢᠭᠡ ᠶᠠᠰᠤ ᠪᠠᠷᠢᠴᠢᠬᠠᠭᠠᠳ ᠬᠡᠥᠬᠡᠳ ᠤᠳ ᠲᠤ ᠬᠢᠴᠢᠶᠡᠯ ᠤᠷᠤᠪᠡᠯ᠂ ᠬᠡᠥᠬᠡᠳ ᠤᠨ ᠤᠷᠮ᠎ᠠ | ᠪᠠᠬ᠎ᠠ ᠶᠢ ᠬᠦᠭᠵᠢᠭᠡᠵᠦ ᠴᠢᠳᠠᠬᠤ ᠦᠬᠡᠢ ᠮᠦᠷᠳᠡᠬᠡᠨ ᠦᠪᠡᠷ ᠢᠶᠠᠨ ᠴᠤ ᠰᠠᠶᠢᠬᠠᠨ ᠲᠠᠶᠢᠯᠪᠤᠷᠢᠯᠠᠵᠦ ᠴᠢᠳᠠᠬᠤ ᠦᠬᠡᠢ | ᠪᠤᠯᠬᠤᠷ᠂ ᠮᠠᠨᠳᠤᠬᠤ ᠶᠠᠰᠤ ᠪᠠᠷ 《ᠨᠠᠭᠠᠳᠤᠮ ᠤᠨ ᠮᠤᠷᠢᠨ ᠬᠤᠭᠤᠷ》 ᠰᠡᠶᠢᠯᠵᠦ ᠤᠷᠤᠯᠳᠤᠪᠠ᠃ | ᠲᠤᠬᠠᠢ ᠶᠢᠨ ᠦᠶ᠎ᠡ ᠳᠤ ᠮᠦᠯᠵᠢᠭᠡᠳ ᠦᠯᠡᠳᠡᠭᠰᠡᠨᠨᠢᠭᠡᠨ ᠬᠡᠰᠡᠭ ᠶᠠᠰᠤ ᠨᠢ ᠶᠠᠭ ᠰᠠᠶᠢᠬᠠᠨ ᠨᠢᠳᠤᠷᠭᠠᠨ | ᠬᠡᠯᠪᠡᠷᠢ ᠲᠠᠢ ᠪᠤᠯᠬᠤᠷ ᠡᠨᠡᠬᠦ ᠤᠨᠴᠠᠯᠢᠭ ᠶᠢ ᠨᠢ ᠠᠰᠢᠭᠯᠠᠨ ᠮᠣᠷᠢᠨ ᠬᠤᠭᠤᠷ ᠤᠨ ᠮᠠᠶ᠋ᠢᠭ ᠲᠠᠢ ᠪᠤᠯᠭᠠᠵᠦ ᠰᠡᠶᠢᠯᠪᠡ᠃ ᠡᠨᠡᠬᠦ | ᠪᠦᠳᠤᠬᠡᠯ ᠨᠢ ᠦᠨᠤᠳᠤᠷ ᠪᠤᠯᠲᠠᠯ᠎ᠠ ᠮᠠᠨᠳᠤᠬᠤ ᠶᠢᠨ ᠬᠡᠷ ᠲᠤ ᠬᠠᠳᠠᠭᠠᠯᠠᠭᠳᠠᠵᠤ ᠪᠠᠶᠢᠭᠰᠠᠭᠠᠷ ᠪᠦᠬᠡᠳ ᠲᠡᠭᠦᠨ ᠤ ᠬᠡᠷ | ᠳᠦᠭᠦᠷᠡᠩ ᠤᠪᠤᠭᠠᠯᠠᠭᠰᠠᠨ ᠪᠤᠰᠤᠳ ᠶᠠᠰᠤᠨ ᠰᠡᠶᠢᠯᠣᠮᠡᠯ ᠲᠠᠢ ᠬᠠᠷᠢᠴᠠᠭᠤᠯᠠᠪᠠᠯ ᠲᠣᠩ ᠴᠦ ᠬᠢᠯᠪᠠᠷᠬᠠᠨ ᠮᠦᠢᠷᠳᠡᠬᠡᠨ | ᠪᠦᠳᠤᠬᠦᠯᠢᠭ ᠪᠠᠶᠢᠠᠯᠠ᠃ | 《ᠬᠠᠮᠤᠭ ᠠᠨᠩᠬᠠᠨ ᠤ ᠪᠦᠳᠤᠬᠡᠯ ᠮᠠᠨᠢ ᠰᠦᠨᠢᠳ ᠪᠠᠷᠠᠭᠤᠨ ᠬᠤᠰᠢᠭᠤᠨ ᠤ ᠠᠨᠩᠬᠠᠳᠤᠭᠠᠷ ᠤᠳᠠᠭᠠᠨ ᠤ | ᠵᠤᠭᠠᠴᠠᠯ ᠤᠨ ᠭᠠᠷ ᠤᠷᠠᠯᠠᠯ ᠤᠨ ᠪᠦᠳᠦᠭᠡᠭᠳᠡᠭᠦᠨ ᠤ ᠰᠢᠯᠭᠠᠷᠠᠭᠤᠯᠤᠯᠲᠠ ᠲᠣᠮᠳᠠ ᠭᠤᠷᠪᠠᠳᠤᠭᠠᠷ ᠲᠡᠰ ᠤᠨ ᠱᠠᠨᠩᠨᠠᠯ | ᠤᠯᠬᠤ ᠬᠡᠵᠤ ᠪᠤᠳᠤᠵᠤ ᠤᠯᠤᠭᠰᠠᠨ ᠦᠬᠡᠢ》 ᠭᠡᠵᠦ ᠲᠡᠷᠡ ᠬᠡᠯᠡᠨ᠎ᠡ᠃ ᠲᠡᠬᠦᠨ ᠤ ᠪᠦᠳᠤᠬᠡᠯ ᠨᠢ ᠠᠭᠠᠵᠢᠮ ᠢᠶᠠᠷ ᠠᠶᠢᠯ | ᠰᠠᠭᠠᠬᠠᠯᠲᠠ ᠶᠢᠨ ᠬᠢᠨ ᠪᠤᠶᠤ ᠵᠤᠭᠠᠴᠠᠬᠤ ᠪᠠᠷ ᠢᠷᠡᠭᠰᠡᠨ ᠵᠤᠴᠢᠳ ᠤᠨ ᠬᠦᠷᠢᠶᠡᠯᠡᠯ ᠢ ᠤᠯᠵᠣ᠂ ᠤᠯᠠᠨ ᠬᠦᠮᠤᠰ | ᠲᠡᠬᠦᠨ ᠠᠴᠠ ᠬᠤᠳᠠᠯᠳᠤᠨ ᠠᠪᠬᠤ ᠪᠠᠷ ᠪᠤᠯᠪᠠ᠃ 《ᠪᠢ ᠶᠡᠭᠡ ᠵᠤᠷᠢᠭᠵᠢᠭᠰᠠᠨ ᠪᠦᠬᠡᠳ ᠶᠠᠰᠤᠨ ᠰᠡᠶᠢᠯᠤᠮᠡᠯ ᠬᠢᠬᠦ ᠨᠢ | ᠪᠤᠰᠤᠳ ᠤᠨ ᠬᠦᠨᠳᠤᠳᠬᠡᠯ ᠢ ᠤᠯᠬᠤ ᠪᠠᠷ ᠪᠠᠷᠠᠬᠤ ᠦᠬᠡᠢ ᠪᠠᠰᠠ ᠮᠦᠩᠬᠦ ᠤᠯᠬᠤ ᠪᠤᠯᠬᠤᠷ ᠡᠨᠡᠬᠦ ᠭᠠᠷ ᠤᠷᠠᠯᠠᠯ ᠢᠶᠠᠨ | ᠰᠠᠶᠢᠨ ᠯᠠᠪ ᠬᠢᠨ᠎ᠡ》᠃ | 《ᠬᠠᠶᠠᠭᠳᠠᠮᠠᠯ ᠡᠳ᠋ ᠢ ᠡᠷᠳᠡᠨᠢ ᠪᠤᠯᠭᠠᠬᠤ ᠴᠢᠳᠠᠬᠤ ᠶᠢ ᠮᠠᠨᠢ ᠬᠦᠮᠤᠰ ᠢᠲᠡᠭᠡᠳᠡᠭ》 | ᠮᠠᠨᠳᠤᠬᠤ ᠬᠤᠨᠢ᠂ ᠦᠬᠡᠷ᠂ ᠲᠡᠮᠡᠬᠡᠨ ᠤ ᠡᠯ᠎ᠡ ᠵᠤᠶᠢᠯ ᠤᠨ ᠶᠠᠰᠤᠨ ᠤ ᠤᠨᠴᠠᠯᠢᠭ ᠲᠤ ᠲᠤᠬᠢᠷᠠᠭᠤᠯᠤᠨ᠂ ᠬᠡᠯᠪᠡᠷᠢ | ᠲᠦᠷᠬᠦ ᠨᠢ ᠠᠳᠠᠯᠢ ᠪᠤᠰᠤ ᠭᠠᠷ ᠤᠷᠠᠯᠠᠯ ᠤᠨ ᠪᠦᠳᠤᠬᠡᠯ ᠢ ᠰᠡᠶᠢᠯᠵᠤ ᠭᠠᠷᠭᠠᠳᠠᠭ᠃ 《ᠬᠤᠨᠢ᠂ ᠦᠬᠡᠷ ᠤᠨ ᠪᠦᠬᠦ ᠪᠡᠶ᠎ᠡ ᠶᠢᠨ | ᠠᠷᠠᠭ ᠶᠠᠰᠤ ᠪᠠᠷ ᠪᠦᠷ ᠰᠡᠶᠢᠯᠤᠮᠡᠯ ᠬᠢᠵᠣ ᠪᠤᠯᠤᠨ᠎ᠠ᠂ ᠨᠢᠭᠡ ᠪᠦᠬᠦᠯᠢ ᠬᠤᠨᠢᠨ ᠤ ᠶᠠᠰᠤ ᠪᠠᠷ 80 ᠭᠠᠷᠤᠢ ᠵᠤᠶᠢᠯ ᠤᠨ | ᠶᠠᠰᠣᠨ ᠰᠡᠶᠢᠯᠤᠮᠡᠯ ᠪᠦᠳᠦᠭᠡᠵᠦ ᠲᠡᠶᠢᠯᠤᠨ᠎ᠡ》᠃ | ᠮᠠᠨᠳᠤᠬᠤ ᠶᠢᠨ ᠠᠵᠢᠯ ᠤᠨ ᠦᠷᠤᠬᠡᠨ ᠳᠤ᠂ ᠲᠡᠬᠦᠨ ᠤ ᠰᠢᠷᠡᠬᠡᠨ ᠲᠡᠬᠡᠷ᠎ᠠ ᠰᠡᠶᠢᠯᠪᠤᠷᠢ ᠶᠢᠨ ᠪᠠᠭᠠᠵᠢ ᠬᠡᠷᠡᠭᠰᠡᠯ | ᠤᠯᠠᠨ ᠬᠠᠷᠠᠭᠳᠠᠨ᠎ᠠ᠃ | ᠮᠠᠨᠳᠤᠬᠤ ᠰᠢᠷᠡᠭᠡᠨ ᠲᠤᠤᠷ᠎ᠠ ᠠᠴᠠ ᠪᠠᠨ ᠲᠡᠬᠦᠨ ᠤ ᠴᠤᠭᠠᠯᠠᠭᠤᠯᠤᠭᠰᠠᠨ ᠶᠡᠭᠡ ᠪᠠᠭ᠎ᠠ ᠨᠢ ᠠᠳᠠᠯᠢ | ᠪᠤᠰᠤ ᠶᠢᠨ ᠡᠯ᠎ᠠ ᠵᠤᠶᠢᠯ ᠤᠨ ᠠᠮᠢᠳᠠᠨ ᠤ ᠠᠷᠠᠭ ᠶᠠᠰᠤᠨ ᠤ ᠲᠦᠭᠦᠬᠡᠢ ᠮᠠᠲ᠋ᠧᠷᠢᠶᠠᠯ ᠢ ᠠᠪᠴᠤ ᠭᠠᠷᠭᠠᠠᠪᠠ᠃ ︽ᠲᠠᠯ᠎ᠠ | ᠨᠣᠳᠤᠭ ᠲᠤ ᠠᠮᠢᠳᠤᠷᠠᠵᠤ ᠪᠠᠶᠢᠭ᠎ᠠ ᠬᠦᠮᠤᠰ ᠲᠤ ᠠᠪᠴᠤ ᠬᠡᠯᠡᠪᠡᠯ᠂ ᠠᠮᠢᠳᠠᠨ ᠤ ᠠᠷᠠᠭ ᠶᠠᠰᠤ ᠤᠯᠳᠠᠬᠤ ᠯᠡ ᠪᠤᠶᠠᠨ᠃ | ᠪᠢᠳᠡ ᠠᠰᠢᠭᠯᠠᠵᠦ ᠴᠢᠳᠠᠨ᠎ᠠ ᠦᠦ ᠦᠭᠡᠢ ᠦᠦ ᠭᠡᠰᠡᠨ ᠳᠤ ᠪᠠᠶᠢᠨ᠎ᠠ》 ᠭᠡᠵᠦ ᠮᠠᠨᠳᠤᠬᠤ ᠤᠴᠢᠷᠯᠠᠨ᠎ᠠ᠃ | ᠦᠪᠤᠷ ᠮᠣᠩᠭᠤᠯ ᠤᠨ ᠬᠦᠮᠤᠰ ᠬᠤᠨᠢᠨ ᠮᠢᠬᠠᠨ ᠳᠤ ᠲᠤᠷᠠᠳᠠᠢ᠂ ᠨᠢᠭᠡ ᠴᠠᠭ ᠤᠨ ᠬᠤᠭᠤᠯᠠᠨ ᠳᠤ ᠲᠤᠩ | ᠠᠷᠪᠢᠨ ᠶᠠᠰᠤ ᠭᠠᠷᠳᠠᠭ᠃ ᠮᠠᠨᠳᠤᠬᠤ 《ᠲᠦᠮᠡᠨ ᠠᠭᠲᠠ ᠶᠢᠨ ᠲᠦᠪᠡᠷᠬᠡᠨ》 ᠭᠡᠬᠦ ᠪᠦᠳᠤᠬᠡᠯ ᠢᠶᠠᠨ ᠠᠪᠴᠤ ᠭᠠᠷᠭᠠᠪᠠ᠃ | ᠡᠨᠡ ᠨᠢ 24 ᠬᠡᠰᠡᠭ ᠬᠠᠪᠢᠷᠭᠠᠨ ᠤ ᠶᠠᠰᠤ ᠪᠠ ᠬᠤᠶᠠᠷ ᠢᠮᠠᠭᠠᠨ ᠡᠪᠡᠷ ᠢᠶᠠᠷ ᠲᠦᠬᠦᠬᠡᠢ ᠮᠠᠲ᠋ᠧᠷᠢᠶᠠᠯ ᠪᠤᠯᠠᠭᠠᠨ᠂ ᠬᠠᠪᠢᠷᠭᠠᠨ | ᠲᠤᠯᠤᠭᠠᠢ ᠪᠦᠬᠦᠨ ᠢ ᠮᠤᠷᠢᠨ ᠤ ᠲᠤᠯᠤᠭᠠᠢ ᠶᠢᠨ ᠬᠡᠯᠪᠡᠷᠢ ᠪᠤᠯᠭᠠᠨ ᠰᠡᠶᠢᠯᠵᠤ᠂ ᠲᠡᠬᠡᠷ᠎ᠠ ᠨᠢ ᠮᠠᠨᠤ ᠰᠢᠬᠢᠳᠭᠡᠭᠰᠡᠨ ᠪᠠᠶᠢᠯ᠎ᠠ᠃ | 《ᠡᠨᠡᠬᠦ ᠪᠦᠳᠤᠬᠡᠯ ᠨᠢ ᠭᠤᠤᠯᠳᠠᠭᠤ ᠬᠤᠨᠢᠨ ᠤ 24 ᠬᠠᠪᠢᠷᠭᠠᠨ ᠶᠠᠰᠤᠨ ᠤ ᠰᠠᠯᠤᠰᠢ ᠦᠬᠡᠢ ᠪᠦᠯᠬᠦᠮᠳᠡᠨ | ᠨᠢᠬᠡᠳᠤᠭ᠍ᠰᠡᠨ ᠬᠦᠴᠣᠨ ᠢ ᠲᠤᠪᠣᠶᠢᠮ᠎ᠠ ᠢᠯᠡᠷᠭᠦᠯᠣᠭ᠍ᠰᠡ ᠪᠠᠶᠢᠨ᠎ᠠ᠃ ᠬᠠᠪᠢᠷᠭ᠎ᠠ ᠪᠤᠯᠭᠠᠨ ᠢ ᠮᠤᠷᠢᠨ ᠤ ᠬᠡᠯᠪᠡᠷᠢ ᠲᠠᠢ | ᠰᠡᠶᠢᠯᠦᠭᠰᠡᠨ ᠪᠤᠯᠬᠤᠷ ᠪᠢ ᠲᠡᠬᠦᠨ ᠢ ᠢᠶᠠᠨ《ᠲᠦᠮᠡᠨ ᠠᠭᠲᠠ ᠶᠢᠨ ᠲᠦᠪᠡᠷᠬᠡᠨ》 ᠬᠡᠵᠤ ᠨᠡᠷᠡᠯᠡᠭᠰᠡᠨ ᠶᠤᠮ》 ᠭᠡᠵᠦ | ᠮᠠᠨᠳᠤᠬᠤ ᠶᠠᠷᠢᠨ᠎ᠠ᠃ ᠮᠠᠨᠳᠤᠬᠤ ᠡᠨᠡ ᠮᠡᠲᠦ ᠪᠠᠷ ᠦᠪᠡᠷ ᠤᠨ ᠪᠦᠳᠤᠬᠡᠯ ᠢᠶᠠᠷ ᠢᠶᠠᠨ ᠦᠨᠳᠤᠰᠤᠳᠡᠨ ᠤ ᠪᠠᠨ ᠰᠤᠶᠤᠯ ᠢ | ᠢᠯᠡᠳᠬᠡᠵᠤ᠂ ᠬᠦᠮᠤᠰ ᠲᠤ ᠤᠶᠢᠯᠠᠭᠠᠨ ᠮᠡᠳᠡᠷᠡᠬᠦᠯᠦᠭᠰᠨ ᠪᠠᠶᠢᠨ᠎ᠠ᠃ | ᠰᠡᠭᠦᠯᠳᠡᠵᠦ ᠢᠷᠡᠭᠡᠳ ᠮᠠᠯᠴᠢᠳ ᠦᠪᠡᠷ ᠤᠨ ᠮᠦᠯᠵᠢᠵᠦ ᠬᠠᠶᠠᠭᠰᠠᠨ ᠶᠠᠰᠤ ᠪᠠᠨ ᠪᠦᠷ ᠲᠡᠬᠦᠨ ᠤ ᠠᠵᠢᠯ ᠤᠨ | ᠦᠷᠤᠬᠡᠨ ᠳᠤ ᠬᠦᠷᠭᠡᠵᠦ ᠦᠭᠳᠡᠭ ᠶᠤᠮ ᠪᠠᠶᠢᠨ᠎ᠠ᠃ 《ᠬᠠᠶᠠᠭᠳᠠᠮᠠᠯ ᠡᠳ᠋ ᠢ ᠡᠷᠳᠡᠨᠢ ᠪᠤᠯᠭᠠᠬᠤ ᠴᠢᠳᠠᠬᠤ ᠶᠢ ᠮᠠᠨᠢ ᠲᠡᠳᠡ | ᠢᠲᠡᠭᠡᠳᠡᠭ》》 ᠬᠡᠵᠤ ᠮᠠᠨᠳᠤᠬᠤ ᠪᠠᠶᠠᠷᠲᠠᠶᠢᠬᠠᠨ ᠶᠠᠷᠢᠨ᠎ᠠ᠃ 《ᠪᠢ ᠨᠢᠭᠡ ᠪᠦᠯᠦᠭ ᠶᠠᠰᠤᠨ ᠤ ᠰᠡᠶᠢᠯᠤᠮᠡᠯ ᠢᠶᠠᠨ | ᠭᠠᠳᠠᠭᠠᠳᠤ ᠳᠤ ᠪᠤᠷᠤᠯᠠᠭᠤᠯᠪᠠ᠂᠂ ᠵᠠᠷᠢᠮ ᠨᠢ ᠵᠠᠭᠤ ᠭᠠᠷᠤᠢ ᠲᠦᠬᠦᠷᠢᠭ ᠲᠤ ᠬᠦᠷᠴᠤ᠂ ᠵᠠᠷᠢᠮ ᠨᠢ ᠮᠢᠩᠭᠠᠨ ᠲᠦᠬᠦᠷᠢᠭ | ᠬᠦᠷᠳᠡᠭ᠂ ᠭᠠᠳᠠᠷ ᠤᠷᠤᠨ ᠤ ᠵᠤᠭᠠᠴᠠᠭᠠᠰᠡᠳ ᠶᠡᠭᠡ ᠲᠤᠷᠠᠳᠠᠢ ᠪᠠᠶᠢᠳᠠᠭ》 ᠭᠡᠵᠦ ᠲᠡᠷᠡ ᠬᠡᠯᠡᠨ᠎ᠡ᠃ | | 《ᠮᠣᠩᠭᠤᠯ ᠦᠨᠳᠤᠰᠤᠳᠡᠨ ᠤ ᠶᠠᠰᠤᠨ ᠰᠡᠶᠢᠯᠤᠮᠡᠯ ᠤᠨ ᠰᠤᠶᠤᠯ ᠢ ᠵᠠᠯᠭᠠᠮᠵᠢᠯᠠᠨ ᠤᠯᠠᠮᠵᠢᠯᠠᠬᠤ ᠪᠣᠯ ᠮᠢᠨᠣ | ᠲᠠᠷᠬᠠᠨ ᠬᠠᠷᠢᠭᠤᠴᠠᠯᠭ᠎ᠠ》 | 2011 ᠤᠨ ᠳᠤ᠂ ᠮᠠᠨᠳᠤᠬᠤ ᠨᠡᠯᠢᠶᠡᠳ ᠤᠯᠠᠨ ᠠᠷᠠᠳ ᠤᠨ ᠲᠣᠮᠳᠠᠬᠢ ᠶᠠᠰᠤᠨ ᠰᠡᠶᠢᠯᠪᠤᠷᠢᠴᠢᠨ ᠢ | ᠵᠤᠬᠢᠶᠠᠨ ᠪᠠᠶᠢᠭᠤᠯᠵᠤ᠂ ᠰᠦᠨᠢᠳ ᠪᠠᠷᠠᠭᠤᠨ ᠬᠤᠰᠢᠭᠤᠨ ᠤ ᠶᠠᠰᠤᠨ ᠰᠡᠶᠢᠯᠣᠮᠡᠯ ᠤᠨ ᠲᠤᠰᠬᠠᠢ ᠬᠤᠷᠰᠢᠶ᠎ᠠ ᠶᠢ ᠪᠠᠶᠢᠭᠤᠯᠪᠠ᠃ | ᠲᠤᠰ ᠵᠢᠯ ᠳᠤ᠂ ᠬᠤᠷᠰᠢᠶᠠᠨ ᠤ ᠠᠨᠩᠬᠠᠳᠤᠭᠠᠷ ᠬᠤᠭᠤᠴᠠᠭᠠᠨ ᠤ ᠶᠠᠰᠤᠨ ᠰᠡᠶᠢᠯᠤᠮᠡᠯ ᠤᠨ ᠤᠷᠠᠯᠢᠭ ᠤᠨ ᠪᠤᠯᠪᠠᠰᠤᠷᠠᠯ ᠤᠨ | ᠠᠨᠩᠬᠢ ᠶᠢ ᠡᠷᠬᠢᠯᠡᠵᠦ᠂ ᠶᠠᠰᠤᠨ ᠰᠡᠶᠢᠯᠣᠮᠡᠯ ᠳᠤ ᠳᠤᠷ᠎ᠠ ᠪᠠᠬ᠎ᠠ ᠲᠠᠢ 50 ᠭᠠᠷᠤᠢ ᠬᠦᠮᠤᠨ ᠴᠤᠭᠯᠠᠷᠠᠨ ᠰᠤᠷᠣᠯᠴᠠᠵᠤ᠂ | ᠮᠠᠨᠳᠤᠬᠤ ᠶᠠᠰᠤᠨ ᠰᠡᠶᠢᠯᠤᠮᠡᠯ ᠤᠨ ᠤᠷ᠎ᠠ ᠮᠡᠷᠬᠡᠵᠢᠯ ᠢᠶᠠᠨ ᠵᠢᠠᠭᠠᠵᠤ ᠦᠭᠴᠠᠢ᠃ | 2013 ᠤᠨ ᠳᠤ᠂ ᠮᠠᠨᠳᠤᠬᠤ ᠰᠢᠯᠢ ᠶᠢᠨ ᠭᠤᠣᠯ ᠠᠶᠢᠮᠠᠭ ᠤᠨ《ᠮᠣᠩᠭᠤᠯ ᠦᠨᠳᠤᠰᠤᠳᠡᠨ ᠤ ᠶᠠᠰᠤᠨ | ᠰᠡᠶᠢᠯᠤᠮᠡᠯ ᠤᠨ ᠤᠷ᠎ᠠ ᠮᠡᠷᠬᠡᠵᠢᠯ ᠤᠨ ᠪᠤᠳᠠᠰ ᠤᠨ ᠪᠤᠰᠤ ᠰᠤᠶᠤᠯ ᠤᠨ ᠦᠪ ᠤᠨ ᠲᠦᠯᠤᠬᠡᠯᠡᠬᠦ ᠴᠢᠨᠠᠷᠳᠠᠢ ᠤᠯᠠᠮᠵᠢᠯᠠᠨ | ᠵᠠᠯᠭᠠᠮᠵᠢᠯᠠᠭᠴᠢ》 ᠶᠢᠨ ᠴᠣᠯᠠ ᠬᠦᠷᠲᠡᠪᠡ᠃ ᠲᠤᠰ ᠵᠢᠯ ᠳᠡᠭᠡᠨ ᠮᠠᠨᠳᠤᠬᠤ ᠰᠦᠨᠢᠳ ᠪᠠᠷᠠᠭᠤᠨ ᠬᠤᠰᠢᠭᠤᠨ ᠤ ᠮᠤᠩᠭᠤᠯ | ᠲᠣᠮᠳᠠᠳᠤ ᠰᠤᠷᠭᠠᠭᠤᠯᠢ ᠳᠤ ᠦᠨ᠎ᠡ ᠲᠦᠯᠤᠪᠤᠷᠢ ᠦᠬᠡᠢ ᠪᠠᠷ ᠶᠠᠰᠤᠨ ᠰᠡᠶᠢᠯᠣᠮᠡᠯ ᠤᠨ ᠲᠣᠷ᠎ᠠ ᠰᠤᠨᠢᠷᠬᠠᠯ ᠤᠨ ᠠᠨᠩᠬᠢ | ᠡᠷᠬᠢᠯᠡᠵᠤ᠂ ᠤᠷᠢᠳ ᠬᠤᠵᠢᠳ 100 ᠭᠠᠷᠤᠢ ᠰᠤᠷᠤᠭᠴᠢ ᠳᠤ ᠶᠠᠰᠤᠨ ᠰᠡᠶᠢᠯᠤᠮᠡᠯ ᠤᠨ ᠤᠷ᠎ᠠ ᠮᠡᠷᠭᠡᠵᠢᠯ ᠶᠢ | ᠤᠯᠠᠮᠵᠢᠯᠠᠪᠠ᠃ | |