● ︽ᠰᠡᠳᠭᠢᠯ ᠤᠨ ᠬᠠᠨᠢ︾ ᠰᠢᠯᠦᠭ ᠤᠨ ᠲᠡᠭᠦᠪᠤᠷᠢ᠂ 1941 ᠤᠨ ᠳᠤ ᠶᠠᠫᠤᠨ ᠤ ᠲᠤᠤᠺᠢᠤ᠋ ᠳᠤ ᠲᠤᠰᠤᠨ | ᠲᠠᠷᠤᠮᠠᠯ ᠢᠶᠠᠷ ᠭᠡᠪᠯᠡᠭᠦᠯᠪᠡ᠃ ᠲᠤᠰ ᠲᠡᠭᠦᠪᠤᠷᠢ ᠳᠤ 32 ᠰᠢᠯᠦᠭ ᠤᠷᠤᠭᠤᠯᠵᠠᠢ᠃ 1942 ᠤᠨ ᠤ 1 ᠳ᠋ᠤᠭᠡᠷ ᠰᠠᠷ᠎ᠠ ᠳᠤ | ︽ᠲᠡᠷᠢᠭᠦᠨ ᠨᠤᠶᠠᠨ ᠤ ᠤᠷᠳᠤᠨ ᠤ ᠲᠠᠷᠤᠮᠠᠯ ᠤᠨ ᠭᠠᠵᠠᠷ︾ ᠠᠴᠠ ᠴᠢᠭᠤᠯᠤᠯᠳᠤ ᠬᠠᠭᠠᠯᠭᠠᠨ᠎ᠠ ᠲᠤᠭᠤᠯᠭᠠᠨ ᠪᠠᠷ ᠢᠶᠠᠷ | ᠭᠡᠪᠯᠡᠭᠦᠯᠪᠡ᠃ ᠲᠠᠭᠢᠨ ᠭᠡᠪᠯᠡᠭᠦᠯᠭᠦ ᠳᠡᠭᠡᠨ 31 ᠰᠢᠯᠦᠭ ᠤᠷᠤᠭᠤᠯᠵᠠᠢ᠃ ᠡᠨᠡ ᠪᠤᠯ ᠨᠠ᠊ · ᠰᠠᠶᠢᠨᠴᠤᠭᠳᠤ ᠶᠢᠨ ᠰᠢᠯᠦᠭ ᠤᠨ | ᠤᠤᠭᠠᠨ ᠲᠡᠭᠦᠪᠤᠷᠢ ᠮᠦᠨ᠃ | ● ︽ᠡᠯᠡᠰᠤ ᠮᠠᠩᠬᠠᠨ ᠤ ᠡᠭᠡ ᠨᠤᠳᠤᠭ︾ ᠡᠳᠤᠷ ᠤᠨ ᠲᠡᠮᠳᠡᠭᠯᠡᠯ ᠤᠨ ᠲᠢᠭᠳᠦ ᠨᠠᠶᠢᠷᠠᠭᠤᠯᠤᠯ ᠤᠨ ᠲᠡᠭᠦᠪᠤᠷᠢ᠂ 1941 | ᠤᠨ ᠤ 11 ᠳ᠋ᠤᠭᠡᠷ ᠰᠠᠷ᠎ᠠ ᠶᠢᠨ 1 ᠤ ᠡᠳᠤᠷ ︽ᠲᠡᠷᠢᠭᠦᠨ ᠨᠤᠶᠠᠨ ᠤ ᠤᠷᠳᠤᠨ ᠤ ᠨᠢᠭᠳᠠᠯᠠᠨ ᠨᠠᠷᠢᠪᠴᠢᠯᠠᠬᠤ ᠭᠡᠷ ᠤᠨ | ᠲᠡᠷᠤᠮᠠᠯ ᠤᠨ ᠭᠠᠵᠠᠷ︾ ᠠᠴᠠ ᠲᠠᠷᠤᠮᠠᠯᠯᠠᠪᠠ᠃ | ● ︽ᠵᠢᠷᠤᠭᠡᠨ ᠤ ᠭᠡᠷᠡᠯ︾ ᠤᠷᠴᠢᠭᠤᠯᠤᠨ ᠨᠠᠶᠢᠷᠠᠭᠤᠯᠤᠭᠰᠠᠨ ᠰᠤᠷᠭᠠᠯ ᠦᠭᠡᠰ ᠤᠨ ᠲᠡᠭᠦᠪᠤᠷᠢ᠂ 1942 ᠤᠨ ᠳᠤ ︽ | ᠲᠡᠷᠢᠭᠦᠨ ᠨᠤᠶᠠᠨ ᠤ ᠤᠷᠳᠤᠨ ᠤ ᠨᠢᠭᠳᠠᠯᠠᠨ ᠨᠠᠷᠢᠪᠴᠢᠯᠠᠬᠤ ᠭᠡᠷ ᠤᠨ ᠲᠠᠷᠤᠮᠠᠯ ᠤᠨ ᠭᠠᠵᠠᠷ︾ ᠠᠴᠠ ᠲᠡᠷᠤᠮᠠᠯᠯᠠᠪᠠ᠃ ᠡᠨᠡ | ᠪᠤᠯ ᠡᠷᠳᠡ ᠡᠳᠤᠭᠡ ᠲᠤᠳᠤᠭᠠᠳᠤ ᠭᠠᠳᠠᠭᠠᠳᠤ ᠶᠢᠨ ᠡᠷᠳᠡᠮᠳᠡᠨ ᠮᠡᠷᠭᠡᠳ ᠪᠠᠭᠠᠳᠤᠷ ᠭᠠᠪᠢᠶᠠᠳᠠᠨ ᠤ ᠰᠤᠷᠭᠠᠯ ᠦᠭᠡᠰ ᠢ | ᠡᠮᠭᠢᠳᠭᠡᠨ ᠤᠷᠴᠢᠭᠤᠯᠤᠭᠰᠠᠨ ᠲᠡᠭᠦᠪᠤᠷᠢ ᠪᠤᠯᠤᠨ᠎ᠠ᠃ | ● ︽ᠮᠠᠨ ᠤ ᠮᠤᠩᠭᠤᠯ ᠤᠨ ᠮᠠᠨᠳᠤᠬᠤ ᠲᠠᠭᠤᠨ︾ ᠦᠭᠦᠯᠡᠯ ᠨᠠᠶᠢᠷᠠᠭᠤᠯᠤᠯ ᠤᠨ ᠲᠡᠭᠦᠪᠤᠷᠢ᠂ 1944 ᠤᠨ ᠤ 4 ᠳ᠋ᠤᠭᠡᠷ | ᠰᠠᠷ᠎ᠠ ᠳᠤ ︽ᠲᠡᠷᠢᠭᠦᠨ ᠨᠤᠶᠠᠨ ᠤ ᠤᠷᠳᠤᠨ ᠤ ᠰᠤᠳᠤᠷ ᠪᠢᠴᠢᠭ ᠤᠨ ᠭᠡᠷ︾ ᠠᠴᠠ ᠲᠠᠷᠬᠠᠭᠠᠪᠠ᠃ ᠡᠨᠡ ᠪᠤᠯ ᠤᠷᠴᠢᠨ | ᠦᠶ᠎ᠠ ᠶᠢᠨ ᠮᠤᠩᠭᠤᠯ ᠦᠨᠳᠤᠰᠤᠳᠡᠨ ᠤ ᠰᠡᠭᠡᠭᠡᠷᠡᠭᠦᠯᠭᠦ ᠦᠵᠡᠯ ᠤᠨ ᠰᠢᠯᠢᠳᠡᠭ ᠪᠦᠳᠦᠭᠡᠯ ᠶᠤᠮ᠃ | ● ︽ᠤᠷᠤᠭᠰᠢᠯᠠᠬᠤ ᠪᠢᠳᠡᠨ ᠤ ᠤᠭᠤᠷ ᠤᠨ ᠲᠠᠭᠤᠨ︾ ᠲᠠᠭᠤᠤ ᠰᠢᠯᠦᠭ ᠤᠨ ᠲᠡᠭᠦᠪᠤᠷᠢ᠂ 1942 ᠤᠨ ᠠᠴᠠ | 1945 ᠤᠨ ᠤ 1 ᠳ᠋ᠤᠭᠡᠷ ᠰᠠᠷ᠎ᠠ ᠭᠦᠷᠳᠡᠯ᠎ᠡ ᠪᠠᠷᠠᠭᠤᠨ ᠰᠦᠨᠢᠳ ᠤᠨ ᠦᠭᠢᠳ ᠤᠨ ᠰᠤᠷᠭᠠᠭᠤᠯᠢ ᠳᠤ ᠪᠠᠭᠰᠢᠯᠠᠵᠤ | ᠪᠠᠶᠢᠬᠤ ᠳᠠᠭᠠᠨ ᠵᠤᠭᠢᠶᠠᠭᠰᠠᠨ ᠵᠠᠭᠤ ᠭᠠᠷᠤᠢ ᠲᠠᠭᠤᠤ ᠰᠢᠯᠦᠭ ᠢᠶᠠᠨ ᠭᠠᠷ ᠪᠢᠴᠢᠮᠡᠯ ᠪᠤᠶᠤ ᠲᠤᠰᠤᠨ ᠲᠠᠷᠤᠮᠠᠯ ᠢᠶᠠᠷ | ᠰᠤᠷᠤᠭᠴᠢᠳ ᠲᠠᠭᠠᠨ ᠲᠠᠷᠬᠠᠭᠠᠨ ᠦᠭᠴᠤ ᠤᠩᠰᠢᠭᠤᠯᠵᠤ ᠪᠠᠶᠢᠵᠠᠢ᠃ | ● ︽ᠭᠦᠮᠤᠵᠢᠭᠦᠯᠭᠦ ᠠᠷᠭ᠎ᠠ︾ 1945 ᠤᠨ ᠳᠤ ︽ᠲᠡᠷᠢᠭᠦᠨ ᠨᠤᠶᠠᠨ ᠤ ᠤᠷᠳᠤᠨ ᠤ ᠨᠢᠭᠳᠠᠯᠠᠨ ᠨᠠᠷᠢᠪᠴᠢᠯᠠᠬᠤ | ᠭᠡᠷ ᠤᠨ ᠲᠠᠷᠤᠮᠠᠯ ᠤᠨ ᠭᠠᠵᠠᠷ︾ ᠠᠴᠠ ᠲᠤᠰᠤᠨ ᠪᠠᠷ ᠢᠶᠠᠷ ᠲᠠᠷᠤᠮᠠᠯᠯᠠᠪᠠ᠃ ᠡᠨᠡ ᠪᠤᠯ ᠪᠠᠭᠰᠢ ᠨᠠᠷ ᠤᠨ ᠵᠢᠭᠠᠨ ᠰᠤᠷᠭᠠᠬᠤ | ᠲᠤᠰᠠᠯᠠᠮᠵᠢ ᠶᠢᠨ ᠪᠢᠴᠢᠭ ᠪᠤᠯᠤᠨ᠎ᠠ᠃ | ● ︽ᠭᠢᠳᠠᠳ ᠮᠤᠩᠭᠤᠯ ᠬᠠᠷᠢᠴᠠᠭᠤᠯᠤᠭᠰᠠᠨ ᠲᠤᠯᠢ︾ ᠨᠠ᠊ • ᠰᠠᠶᠢᠨᠴᠤᠭᠳᠤ᠂ ᠡᠷᠳᠡᠨᠢᠳᠤᠭᠳᠠᠬᠤ ᠨᠠᠷ ᠨᠠᠶᠢᠷᠠᠭᠤᠯᠵᠤ᠂ | 1948 ᠤᠨ ᠳᠤ ᠭᠡᠪᠯᠡᠭᠦᠯᠪᠡ᠃ | ● ︽ᠮᠤᠬᠤᠷ ᠰᠦᠰᠦᠭ ᠲᠤ ᠮᠤᠩᠬᠠᠷᠠᠬᠤ ᠦᠭᠡᠢ︾ ᠵᠦᠴᠤᠭᠡ ᠶᠢᠨ ᠲᠡᠪᠳᠡᠷ᠂ 1950 ᠤᠨ ᠤ 5 ᠳ᠋ᠤᠭᠠᠷ ᠰᠠᠷ᠎ᠠ ᠳᠤ | ᠦᠪᠤᠷ ᠮᠤᠩᠭᠤᠯ ᠤᠨ ᠡᠳᠤᠷ ᠤᠨ ᠰᠤᠨᠢᠨ ᠤ ᠬᠤᠷᠢᠶ᠎ᠠ ᠠᠴᠠ ᠭᠡᠪᠯᠡᠭᠦᠯᠪᠡ᠃ ᠮᠤᠬᠤᠷ ᠰᠦᠰᠦᠭ ᠢ ᠠᠷᠢᠯᠭᠠᠨ ᠰᠢᠨᠵᠢᠯᠡᠭᠦ | ᠤᠬᠠᠭᠠᠨ ᠢ ᠡᠷᠭᠢᠮᠯᠡᠭᠦ ᠶᠢ ᠰᠤᠷᠳᠠᠯᠴᠢᠯᠠᠭᠰᠠᠨ ᠠᠭᠤᠯᠭ᠎ᠠ ᠲᠠᠢ᠃ ᠡᠨᠡ ᠪᠤᠯ ᠰᠢᠨ᠎ᠠ ᠲᠤᠮᠳᠠᠳᠤ ᠤᠯᠤᠰ | ᠪᠠᠶᠢᠭᠤᠯᠤᠭᠳᠠᠭᠰᠠᠨ ᠠᠴᠠ ᠲᠠᠷᠠᠭᠠᠭᠢ ᠠᠩᠬᠠᠳᠠᠭᠴᠢ ᠮᠤᠩᠭᠤᠯ ᠵᠦᠴᠦᠭᠡ ᠪᠤᠯᠤᠨ᠎ᠠ᠃ | ● ︽ᠬᠤᠯᠪᠤᠭᠠᠳᠤ ᠵᠠᠰᠠᠭ ᠤᠨ ᠲᠤᠬᠠᠢ︾ ᠮᠠᠤ ᠽᠧ ᠳ᠋ᠦᠩ ᠵᠤᠭᠢᠶᠠᠵᠤ᠂ ᠨᠠ᠊ · ᠰᠠᠶᠢᠨᠴᠤᠭᠳᠤ ᠤᠷᠴᠢᠭᠤᠯᠪᠠ᠃ | 1950 ᠤᠨ ᠳᠤ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠰᠤᠶᠤᠯ ᠭᠡᠭᠡᠷᠡᠯ ᠤᠨ ᠶᠠᠮᠤᠨ ᠠᠴᠠ ᠭᠡᠪᠯᠡᠭᠦᠯᠪᠡ | ᠃ | ● ︽ᠠᠷᠠᠳ ᠤᠨ ᠦᠰᠦᠭ ᠲᠠᠨᠢᠬᠤ ᠪᠢᠴᠢᠭ︾ 1950 ᠤᠨ ᠤ 10 ᠳ᠋ᠤᠭᠠᠷ ᠰᠠᠷ᠎ᠠ ᠳᠤ ᠦᠪᠤᠷ ᠮᠤᠩᠭᠤᠯ ᠤᠨ | ᠦᠪᠡᠷᠳᠡᠭᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠰᠤᠶᠤᠯ ᠭᠡᠭᠡᠷᠡᠯ ᠤᠨ ᠶᠠᠮᠤᠨ ᠠᠴᠠ ᠭᠡᠪᠯᠡᠭᠦᠯᠪᠡ᠃ | 1951 ᠤᠨ ᠤ 5 ᠳ᠋ᠤᠭᠠᠷ ᠰᠠᠷ᠎ᠠ ᠳᠤ ᠠᠷᠠᠳ ᠤᠨ ᠲᠦᠪ ᠵᠠᠰᠠᠭ ᠤᠨ ᠤᠷᠳᠤᠨ ᠤ ᠦᠨᠳᠤᠰᠤᠳᠡᠨ ᠤ ᠭᠡᠷᠡᠭ ᠡᠷᠭᠢᠯᠡᠭᠦ | ᠺᠤᠮᠢᠰ ᠠᠴᠠ ᠪᠡᠭᠡᠵᠢᠩ ᠳᠤ ᠬᠠᠭᠤᠯᠤᠨ ᠭᠡᠪᠯᠡᠭᠦᠯᠪᠡ᠃ | ● ︽ᠦᠨᠳᠤᠰᠤᠳᠡᠨ ᠤ ᠠᠰᠠᠭᠤᠳᠠᠯ ᠪᠡ ᠯᠧᠨᠢᠨᠢᠰᠮ︾ ᠰᠲ᠋ᠠᠯᠢᠨ ᠵᠤᠭᠢᠶᠠᠵᠤ᠂ ᠡᠷᠳᠡᠨᠢᠳᠤᠭᠳᠠᠬᠤ᠂ ᠨᠠ᠊ · ᠰᠠᠶᠢᠨᠴᠤᠭᠳᠤ | ᠮᠤᠩᠭᠤᠯᠴᠢᠯᠠᠪᠠ᠃ 1953 ᠤᠨ ᠳᠤ ᠦᠪᠤᠷ ᠮᠤᠩᠭᠤᠯ ᠤᠨ ᠠᠷᠠᠳ ᠤᠨ ᠭᠡᠪᠯᠡᠯ ᠤᠨ ᠬᠤᠷᠢᠶ ᠠ ᠭᠡᠪᠯᠡᠭᠦᠯᠪᠡ᠃ | ● ︽ᠵᠦᠢᠷ ᠦᠭᠡ ᠶᠢᠨ ᠲᠡᠭᠦᠪᠤᠷᠢ︾ ᠨᠠ᠊ · ᠰᠠᠶᠢᠨᠴᠤᠭᠳᠤ᠂ ᠡᠷᠳᠡᠨᠢᠳᠤᠭᠳᠠᠬᠤ ᠨᠠᠷ ᠴᠤᠭᠯᠠᠭᠤᠯᠤᠨ ᠡᠮᠭᠢᠳᠭᠡᠵᠤ | ᠨᠠᠶᠢᠷᠠᠭᠤᠯᠪᠠ᠃ 1954 ᠤᠨ ᠳᠤ ᠦᠪᠤᠷ ᠮᠤᠩᠭᠤᠯ ᠤᠨ ᠠᠷᠠᠳ ᠤᠨ ᠭᠡᠪᠯᠡᠯ ᠤᠨ ᠬᠤᠷᠢᠶ ᠠ ᠭᠡᠪᠯᠡᠭᠦᠯᠪᠡ᠃ | ● ︽ᠮᠤᠩᠭᠤᠯ ᠤᠯᠤᠰ ᠤᠨ ᠤᠷᠠᠯᠢᠭ ᠤᠨ ᠪᠠᠷᠢᠭᠠᠳᠠ ᠲᠠᠢ ᠬᠠᠮᠳᠤ ᠶᠠᠪᠤᠭᠰᠠᠨ ᠡᠳᠤᠷ ᠤᠳ︾ ᠨᠠᠶᠢᠷᠠᠭᠤᠯᠤᠯ ᠤᠨ | ᠲᠡᠭᠦᠪᠤᠷᠢ᠂ 1954 ᠤᠨ ᠤ 3 ᠳ᠋ᠤᠭᠠᠷ ᠰᠠᠷ᠎ᠠ ᠳᠤ ᠦᠪᠤᠷ ᠮᠤᠩᠭᠤᠯ ᠤᠨ ᠠᠷᠠᠳ ᠤᠨ ᠭᠡᠪᠯᠡᠯ ᠤᠨ ᠬᠤᠷᠢᠶ᠎ᠠ ᠭᠡᠪᠯᠡᠭᠦᠯᠪᠡ | ᠃ | ● ︽ᠵᠦᠢᠷ ᠦᠭᠡ︾ ᠨᠠ᠊ · ᠰᠠᠶᠢᠨᠴᠤᠭᠲᠦ᠂ ᠡᠷᠳᠡᠨᠢᠳᠤᠭᠳᠤᠬᠤ᠂ ᠲ᠊ · ᠦᠷᠭᠦᠨ ᠂ ᠲ᠊ · ᠵᠢᠮᠪᠠ ᠨᠠᠷ ᠴᠤᠭᠯᠠᠭᠤᠯᠤᠨ | ᠡᠮᠬᠢᠳᠬᠡᠵᠦ ᠨᠠᠶᠢᠷᠠᠭᠤᠯᠪᠠ᠃ 1956 ᠤᠨ ᠤ ᠨᠠᠢᠮᠠᠨ ᠰᠠᠷ᠎ᠠ ᠳᠤ ᠥᠪᠦᠷ ᠮᠤᠩᠭᠤᠯ ᠤᠨ ᠠᠷᠠᠳ ᠤᠨ ᠬᠡᠪᠯᠡᠯ ᠤᠨ | ᠬᠤᠷᠢᠶ᠎ᠠ ᠬᠡᠪᠯᠡᠭᠦᠯᠪᠡ᠃ ᠡᠨᠡ ᠪᠤᠯ ᠮᠤᠩᠭᠤᠯ ᠵᠦᠢᠷ ᠦᠭᠡ ᠶᠢᠨ ᠰᠤᠩᠭᠤᠳᠠᠭ ᠲᠡᠭᠦᠪᠦᠷᠢ ᠪᠤᠯᠤᠨ᠎ᠠ᠃ | ● ︽ᠮᠠᠨ ᠤ ᠬᠦᠴᠦᠷᠬᠡᠭ ᠳᠠᠭᠤᠨ︾ ᠰᠢᠯᠦᠭ ᠤᠨ ᠲᠡᠭᠦᠪᠦᠷᠢ᠂ ᠳ᠋᠊ · ᠲᠠᠷᠪᠠ ᠷᠧᠳᠡᠺᠲ᠋ᠤᠷᠯᠠᠪᠠ᠃ 1957 ᠤᠨ ᠤ | ᠬᠤᠶᠠᠷ ᠳ᠋ᠤᠭᠠᠷ ᠰᠠᠷ᠎ᠠ ᠳᠤ ᠪᠥᠭᠦᠳᠡ ᠨᠠᠶᠢᠷᠠᠮᠳᠠᠬᠤ ᠮᠤᠩᠭᠤᠯ ᠠᠷᠠᠳ ᠤᠯᠤᠰ ᠤᠨ ᠬᠡᠪᠯᠡᠬᠦ ᠭᠠᠵᠠᠷ ᠠᠴᠠ ᠬᠡᠪᠯᠡᠭᠦᠯᠪᠡ᠃ | ᠥᠪᠦᠷ ᠮᠤᠩᠭᠤᠯ ᠳᠤ ᠬᠡᠪᠯᠡᠭᠳᠡᠭᠰᠡᠨ ︽ᠮᠠᠨ ᠤ ᠬᠦᠴᠦᠷᠬᠡᠭ ᠳᠠᠭᠤᠨ︾ ᠲᠡᠭᠦᠪᠦᠷᠢ ᠶᠢᠨ ᠤᠯᠠᠩᠬᠢ ᠰᠢᠯᠦᠭ ᠤᠨ ᠳᠡᠭᠡᠷ᠎ᠡ | ᠮᠤᠩᠭᠤᠯ ᠤᠯᠤᠰ ᠲᠤ ᠰᠤᠷᠤᠯᠴᠠᠵᠦ ᠪᠠᠶᠢᠭᠰᠠᠨ ᠦᠶ᠎ᠡ ᠶᠢᠨ 12 ᠰᠢᠯᠦᠭ ᠢ ᠨᠡᠮᠡᠭᠡᠳ ᠨᠡᠶᠢᠲᠡ 34 ᠰᠢᠯᠦᠭ ᠤᠷᠤᠭᠤᠯᠵᠠᠢ | ᠃ | ● ︽ᠯᠢ ᠢᠦ ᠽᠠᠢ ᠶᠢᠨ ᠬᠤᠯᠪᠤᠭ᠎ᠠ︾ ᠵᠤᠤ ᠱᠦ ᠯᠢ ᠵᠤᠬᠢᠶᠠᠵᠤ᠂ ᠨᠠ᠊ · ᠰᠠᠶᠢᠨᠴᠤᠭᠲᠦ ᠤᠷᠴᠢᠭᠤᠯᠪᠠ ᠃ 1958 | ᠤᠨ ᠤ 11 ᠳ᠋ᠤᠭᠡᠷ ᠰᠠᠷ᠎ᠠ ᠳᠤ ᠥᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠬᠡᠪᠯᠡᠭᠦᠯᠪᠡ᠃ | ● ︽ᠠᠷᠤᠯᠤ ᠭᠤᠸ᠎ᠠ︾ 1959 ᠤᠨ ᠤ 2 ᠳ᠋ᠤᠭᠠᠷ ᠰᠠᠷ᠎ᠠ ᠳᠤ ᠥᠪᠦᠷ ᠮᠤᠩᠭᠤᠯ ᠤᠨ ᠠᠷᠠᠳ ᠤᠨ ᠬᠡᠪᠯᠡᠯ ᠤᠨ | ᠬᠤᠷᠢᠶ᠎ᠠ ᠬᠡᠪᠯᠡᠭᠦᠯᠪᠡ᠃ ᠡᠨᠡ ᠪᠤᠯ ︽ᠬᠡᠰᠡᠷ ᠤᠨ ᠲᠤᠭᠤᠵᠢ︾ ᠶᠢᠨ ᠳᠥᠷᠪᠡᠳᠦᠭᠡᠷ ᠭᠡᠰᠡᠭ ᠢ ᠤᠳᠤᠭᠢ ᠮᠤᠩᠭᠤᠯ ᠬᠡᠯᠡ | ᠳᠡᠭᠡᠷ᠎ᠡ ᠪᠠᠭᠤᠯᠭᠠᠭᠰᠠᠨ ᠨᠤᠮ ᠪᠤᠯᠤᠨ᠎ᠠ᠃ | ● ︽ᠨᠡᠶᠢᠲᠡ ᠶᠢᠨ ᠳᠤᠭᠤᠢᠢᠯᠠᠩ ᠨᠢᠭᠡᠳᠦᠯ ᠪᠤᠯᠪᠠ︾ ᠪᠠᠷᠢᠮᠲᠠᠲᠦ ᠨᠠᠶᠢᠷᠠᠭᠤᠯᠤᠯ᠂ 1959 ᠤᠨ ᠤ 12 ᠳ᠋ᠤᠭᠠᠷ | ᠰᠠᠷ᠎ᠠ ᠳᠤ ᠥᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠬᠡᠪᠯᠡᠭᠦᠯᠪᠡ᠃ | ● ︽ᠪᠠᠶᠠᠷ ᠤᠨ ᠳᠠᠭᠤᠯᠠᠯ︾ ᠨᠠᠶᠢᠷᠠᠭᠯᠠᠯ ︵ᠮᠤᠩᠭᠤᠯ᠂ ᠭᠢᠳᠡᠳ ᠭᠡᠪᠯᠡᠯ︶᠂ 1960 ᠤᠨ ᠤ 6 ᠳ᠋ᠤᠭᠠᠷ ᠰᠠᠷ᠎ᠠ ᠳᠤ | ᠥᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠬᠡᠪᠯᠡᠭᠦᠯᠪᠡ᠃ ᠡᠨᠡ ᠪᠤᠯ ᠨᠠ᠊ · ᠰᠠᠶᠢᠨᠴᠤᠭᠲᠦ ᠶᠢᠨ ᠠᠯᠳᠠᠷᠲᠦ | ᠨᠠᠶᠢᠷᠠᠭᠯᠠᠯ ︽ᠪᠠᠶᠠᠷ ᠤᠨ ᠳᠠᠭᠤᠯᠠᠯ︾ ᠤᠨ ᠮᠤᠩᠭᠤᠯ᠂ ᠬᠢᠲᠠᠳ ᠬᠡᠯᠡᠨ ᠤ ᠳᠠᠩ ᠳᠡᠪᠲᠡᠷ ᠪᠤᠯᠤᠨ᠎ᠠ᠃ | ● ︽ᠡᠷᠳᠡᠨᠢ ᠶᠢᠨ ᠲᠤᠬᠠᠢ ᠶᠠᠷᠢᠶ᠎ᠠ︾ ᠱᠤᠭ ᠶᠠᠷᠢᠶ᠎ᠠ᠂ 1961 ᠤᠨ ᠤ 5 ᠳ᠋ᠤᠭᠠᠷ ᠰᠠᠷ᠎ᠠ ᠳᠤ ᠥᠪᠦᠷ ᠮᠤᠩᠭᠤᠯ ᠤᠨ | ᠠᠷᠠᠳ ᠤᠨ ᠬᠡᠪᠯᠡᠯ ᠤᠨ ᠬᠤᠷᠢᠶ᠎ᠠ ᠬᠡᠪᠯᠡᠭᠦᠯᠪᠡ᠃ | ● ︽ᠤᠯᠠᠭᠠᠨ ᠬᠦᠷᠬᠢᠷ᠎ᠡ︾ ᠰᠢᠯᠦᠭ ᠶᠢᠨ ᠲᠡᠭᠦᠪᠦᠷᠢ᠂ ᠬᠢᠲᠠᠳ ᠬᠡᠪᠯᠡᠯ᠂ 1963 ᠤᠨ ᠤ 6 ᠳ᠋ᠤᠭᠠᠷ ᠰᠠᠷ᠎ᠠ ᠳᠤ | ᠥᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠬᠡᠪᠯᠡᠭᠦᠯᠪᠡ᠃ ᠡᠨᠡ ᠪᠤᠯ ᠨᠠ᠊ · ᠰᠠᠶᠢᠨᠴᠤᠭᠲᠦ ᠶᠢᠨ | ᠰᠢᠯᠦᠭ ᠤᠳ ᠠᠴᠠ ᠰᠤᠩᠭᠤᠵᠦ᠂ ᠬᠢᠲᠠᠳ ᠬᠡᠯᠡ ᠪᠠᠷ ᠤᠷᠴᠢᠭᠤᠯᠵᠦ ᠬᠡᠪᠯᠡᠭᠦᠯᠦᠭᠰᠡᠨ ᠲᠡᠭᠦᠪᠦᠷᠢ ᠪᠤᠯᠤᠨ᠎ᠠ᠃ | | ︽ᠮᠠᠨ ᠤ ᠬᠦᠴᠦᠷᠬᠡᠭ ᠳᠠᠭᠤᠨ︾ ᠰᠢᠯᠦᠭ ᠤᠨ ᠲᠡᠭᠦᠪᠦᠷᠢ᠂ 1955 ᠤᠨ ᠤ ᠬᠤᠶᠠᠳᠤᠭᠠᠷ ᠰᠠᠷ᠎ᠠ ᠳᠤ ᠥᠪᠦᠷ | ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠬᠡᠪᠯᠡᠭᠦᠯᠪᠡ᠃ ᠲᠤᠰ ᠲᠡᠭᠦᠪᠦᠷᠢ ᠳᠤ 1947.12- 1954.7 ᠰᠠᠷ᠎ᠠ | ᠬᠦᠷᠲᠡᠯᠡᠬᠢ ᠰᠢᠯᠦᠭ ᠠᠴᠠ ᠪᠠᠨ ᠠᠷᠪᠠᠨ ᠳᠥᠷᠪᠡᠨ ᠰᠢᠯᠦᠭ᠂ ᠮᠤᠩᠭᠤᠯ ᠤᠯᠤᠰ ᠲᠤ ᠰᠤᠷᠤᠯᠴᠠᠵᠦ ᠪᠠᠶᠢᠬᠤ ᠦᠶ᠎ᠡ ᠶᠢᠨ | ᠰᠢᠯᠦᠭ ᠠᠴᠠ 4 ᠰᠢᠯᠦᠭ᠂ ᠶᠠᠫᠤᠨ ᠳᠤ ᠰᠤᠷᠤᠯᠴᠠᠵᠦ ᠪᠠᠶᠢᠬᠤ ᠦᠶ᠎ᠡ ᠶᠢᠨ ᠰᠢᠯᠦᠭ ᠠᠴᠠ 5 ᠰᠢᠯᠦᠭ ᠰᠤᠩᠭᠤᠨ | ᠤᠷᠤᠭᠤᠯᠵᠠᠢ᠃ ᠡᠨᠡ ᠪᠤᠯ ᠴᠢᠯᠦᠭᠡᠯᠡᠭᠳᠡᠭᠰᠡᠨ ᠠᠴᠠ ᠬᠤᠶᠢᠰᠢᠬᠢ ᠨᠠ᠊ · ᠰᠠᠶᠢᠨᠴᠤᠭᠲᠦ ᠶᠢᠨ ᠰᠢᠯᠦᠭ ᠤᠨ ᠠᠩᠬᠠᠳᠠᠭᠴᠢ | ᠲᠡᠭᠦᠪᠦᠷᠢ ᠶᠤᠮ᠃ | | ︽ᠠᠯᠲᠠᠨ ᠬᠥᠭᠦᠷᠭᠡ︾ ᠰᠢᠯᠦᠭ ᠤᠨ ᠲᠡᠭᠦᠪᠦᠷᠢ᠂ 1959 ᠤᠨ ᠤ 8 ᠳ᠋ᠤᠭᠠᠷ ᠰᠠᠷ᠎ᠠ ᠳᠤ ᠥᠪᠦᠷ ᠮᠤᠩᠭᠤᠯ ᠤᠨ | ᠠᠷᠠᠳ ᠤᠨ ᠬᠡᠪᠯᠡᠯ ᠤᠨ ᠬᠤᠷᠢᠶ᠎ᠠ ᠬᠡᠪᠯᠡᠭᠦᠯᠪᠡ᠃ ᠲᠤᠰ ᠲᠡᠭᠦᠪᠦᠷᠢ ᠳᠤ 1955 ᠤᠨ ᠤ 2 ᠳ᠋ᠤᠭᠠᠷ ᠰᠠᠷ᠎ᠠ ᠶᠢᠨ 15 ᠤ | ᠡᠳᠦᠷ ᠠᠴᠠ 1958 ᠤᠨ ᠤ 12 ᠳ᠋ᠤᠭᠠᠷ ᠰᠠᠷ᠎ᠠ ᠶᠢᠨ 18 ᠤ ᠡᠳᠦᠷ ᠬᠦᠷᠲᠡᠯᠡᠬᠢ 42 ᠰᠢᠯᠦᠭ ᠢ ᠤᠷᠤᠭᠤᠯᠪᠠ᠃ | | ︽ᠰᠢᠯᠤᠭᠤᠨ ᠬᠥᠬᠡ ᠶᠢᠨ ᠲᠡᠮᠳᠡᠭᠯᠡᠯ ᠰᠢᠯᠦᠭ︾ ᠰᠢᠯᠦᠭ ᠤᠨ ᠲᠡᠭᠦᠪᠦᠷᠢ᠂ 1962 ᠤᠨ ᠤ 6 ᠳ᠋ᠤᠭᠠᠷ ᠰᠠᠷ᠎ᠠ ᠳᠤ | ᠥᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠬᠡᠪᠯᠡᠭᠦᠯᠪᠡ᠃ ᠡᠨᠡ ᠪᠤᠯ 16 ᠰᠢᠯᠦᠭ ᠢᠶᠠᠷ ᠪᠥᠷᠢᠯᠳᠦᠭᠰᠡᠨ | ᠲᠤᠮᠤ ᠬᠡᠪᠴᠢᠶᠡᠨ ᠤ ᠮᠥᠴᠡᠯᠭᠡ ᠰᠢᠯᠦᠭ ᠶᠤᠮ᠃ | | ︽ᠬᠠᠪᠤᠷ ᠤᠨ ᠨᠠᠷᠠᠨ ᠪᠡᠭᠡᠵᠢᠩ ᠠᠴᠠ︾ 1956 ᠤᠨ ᠤ 9 ᠳ᠋ᠤᠭᠡᠷ ᠰᠠᠷ᠎ᠠ ᠳᠤ ᠥᠪᠦᠷ ᠮᠤᠩᠭᠤᠯ ᠤᠨ ᠠᠷᠠᠳ ᠤᠨ | ᠬᠡᠪᠯᠡᠯ ᠤᠨ ᠬᠤᠷᠢᠶ᠎ᠠ ᠬᠡᠪᠯᠡᠭᠦᠯᠪᠡ᠃ ᠡᠨᠡ ᠪᠤᠯ ᠨᠠ᠊ · ᠰᠠᠶᠢᠨᠴᠤᠭᠲᠦ ᠶᠢᠨ ᠪᠢᠴᠢᠭᠰᠡᠨ ᠰᠢᠯᠢᠳᠡᠭ ᠲᠤᠭᠤᠵᠢ ᠶᠤᠮ᠃ | | ︽ᠬᠠᠪᠤᠷ ᠤᠨ ᠨᠠᠷᠠ ᠦᠵᠦᠮᠦᠴᠢᠨ ᠨᠤᠲᠤᠭ ᠢ ᠭᠡᠶᠢᠭᠦᠯᠦᠯ᠎ᠡ︾ ᠲᠤᠭᠤᠵᠢ᠂ ᠬᠢᠲᠠᠳ ᠬᠡᠪᠯᠡᠯ᠂ 1958 ᠤᠨ ᠤ 8 | ᠳ᠋ᠤᠭᠠᠷ ᠰᠠᠷ᠎ᠠ ᠳᠤ ᠵᠤᠬᠢᠶᠠᠯᠴᠢᠳ ᠤᠨ ᠬᠡᠪᠯᠡᠯ ᠤᠨ ᠬᠤᠷᠢᠶ᠎ᠠ ᠬᠡᠪᠯᠡᠭᠦᠯᠪᠡ᠃ ᠡᠨᠡ ᠪᠤᠯ ︽ᠬᠠᠪᠤᠷ ᠤᠨ ᠨᠠᠷᠠᠨ | ᠪᠡᠭᠡᠵᠢᠩ ᠠᠴᠠ︾ ᠲᠤᠭᠤᠵᠢ ᠶᠢᠨ ᠬᠢᠲᠠᠳ ᠬᠡᠯᠡᠨ ᠤ ᠤᠷᠴᠢᠭᠤᠯᠭ᠎ᠠ ᠮᠥᠨ᠃ | | ︽ᠠᠶᠢᠯ ᠶᠢᠡᠨ ᠦᠭᠡᠳᠡᠯᠡᠭᠦᠯᠭᠦ ᠪᠢᠴᠢᠭ︾ 1942 ᠤᠨ ᠤ 10 ᠳ᠋ᠤᠭᠠᠷ ᠰᠠᠷ᠎ᠠ ᠳᠤ ︽ᠲᠡᠷᠢᠭᠦᠨ ᠨᠤᠶᠠᠨ ᠤ ᠤᠷᠳᠤᠨ ᠤ | ᠲᠠᠷᠤᠮᠠᠯ ᠤᠨ ᠭᠠᠵᠠᠷ︾ ᠠᠴᠠ ᠲᠡᠷᠤᠮᠠᠯᠯᠠᠵᠤ᠂ ︽ᠲᠡᠷᠢᠭᠦᠨ ᠨᠤᠶᠠᠨ ᠤ ᠤᠷᠳᠤᠨ ᠤ ᠪᠢᠴᠢᠭ ᠰᠤᠳᠤᠷ ᠤᠨ ᠭᠡᠷ︾ ᠠᠴᠠ | ᠲᠠᠷᠬᠠᠭᠠᠪᠠ᠃ | | ︽ᠵᠤᠯ ᠵᠢᠷᠭᠠᠯ ᠪᠠ ᠨᠥᠬᠦᠷᠯᠡᠯ︾ ᠰᠢᠯᠦᠭ ᠤᠨ ᠲᠡᠭᠦᠪᠦᠷᠢ᠂ ᠬᠢᠲᠠᠳ ᠬᠡᠪᠯᠡᠯ᠂ 1956 ᠤᠨ ᠤ 11 ᠳ᠋ᠤᠭᠡᠷ ᠰᠠᠷ᠎ᠠ ᠳᠤ | ᠵᠤᠬᠢᠶᠠᠯᠴᠢᠳ ᠤᠨ ᠬᠡᠪᠯᠡᠯ ᠤᠨ ᠬᠤᠷᠢᠶ᠎ᠠ ᠬᠡᠪᠯᠡᠭᠦᠯᠪᠡ᠃ ᠡᠨᠡ ᠪᠤᠯ ︽ᠮᠠᠨ ᠤ ᠬᠦᠴᠦᠷᠬᠡᠭ ᠳᠠᠭᠤᠨ︾ ᠲᠡᠭᠦᠪᠦᠷᠢ ᠳᠤ | ᠤᠷᠤᠭᠰᠠᠨ ᠰᠢᠯᠦᠭ ᠤᠳ ᠢ ᠬᠢᠲᠠᠳ ᠬᠡᠯᠡ ᠪᠠᠷ ᠤᠷᠴᠢᠭᠤᠯᠵᠦ ᠬᠡᠪᠯᠡᠭᠦᠯᠦᠭᠰᠡᠨ ᠲᠡᠭᠦᠪᠦᠷᠢ ᠪᠤᠯᠤᠨ᠎ᠠ᠃ ᠮᠥᠡᠭᠬᠡᠪᠤᠶᠠᠨ᠂ | ᠬᠤᠷᠴᠠ᠂ ᠮᠥᠸᠧ ᠨᠠᠨ᠂ ᠤᠴᠢ ᠤᠷᠴᠢᠭᠤᠯᠪᠠ᠃ ᠲᠤᠰ ᠲᠡᠭᠦᠪᠦᠷᠢ ᠶᠢ ᠵᠤᠬᠢᠶᠠᠭᠴᠢ ᠶᠢᠨ ᠰᠠᠨᠠᠯ ᠢᠶᠠᠷ ︽ᠵᠤᠯ ᠵᠢᠷᠭᠠᠯ ᠪᠠ | ᠨᠥᠬᠦᠷᠯᠡᠯ︾ ᠭᠡᠵᠦ ᠨᠡᠷᠡᠯᠡᠵᠠᠢ᠃ |