ᠰᠢᠷ᠎ᠠ ᠲᠣᠰᠤᠨ ᠤ ᠰᠢᠮ᠎ᠡ ᠲᠡᠵᠢᠭᠡᠯ ᠪᠠ ᠡᠮᠲᠦ ᠬᠡᠷᠡᠭᠴᠡᠭᠡ
ᠨᠡᠶᠢᠲᠡᠯᠡᠭᠰᠡᠨ ᠴᠠᠭ᠄
2016/7/20
      ᠮᠣᠩᠭᠤᠯᠴᠣᠳ ᠤᠨ ᠡᠪᠡᠳᠴᠢᠨ ᠡᠮᠭᠡᠭ ᠢ ᠰᠡᠷᠭᠡᠶᠢᠯᠡᠬᠦ ᠠᠷᠭ᠎ᠠ ᠳᠣᠮ ᠮᠠᠰᠢ ᠣᠯᠠᠨ ᠪᠠᠶᠢᠳᠠᠭ᠃ ︽ᠵᠤᠷ ᠪᠠᠷᠢᠭᠰᠠᠨ ᠡᠮᠴᠢ ᠠᠴᠠ ᠵᠣᠪᠠᠯᠠᠩ ᠦᠵᠡᠭᠰᠡᠨ ᠴᠢᠪᠠᠭᠠᠨᠴᠠ ᠳᠡᠭᠡᠷ᠎ᠡ︾ ᠭᠡᠳᠡᠭᠴᠢᠯᠡᠨ ᠡᠷᠲᠡ ᠢᠵᠠᠭᠤᠷ ᠠᠴᠠ ᠮᠣᠩᠭᠤᠯᠴᠣᠳ ᠥᠪᠡᠷ ᠤᠨ ᠪᠡᠶ᠎ᠡ ᠪᠠᠨ ᠥᠪᠡᠷᠰᠡᠳ ᠢᠶᠠᠨ ᠡᠮᠴᠢᠯᠡᠨ᠂ ᠴᠡᠪᠡᠷ ᠠᠭᠠᠷ ᠢᠶᠠᠷ ᠰᠡᠳᠭᠢᠯ ᠢᠶᠠᠨ ᠠᠷᠢᠭᠤᠰᠬᠠᠵᠤ᠂ ᠠᠵᠢᠯ ᠬᠦᠳᠡᠯᠮᠦᠷᠢ ᠪᠠᠷ ᠪᠡᠶ᠎ᠡ ᠪᠠᠨ ᠴᠢᠬᠢᠷᠠᠭᠵᠢᠭᠤᠯᠵᠤ᠂ ᠤᠯᠠᠮᠵᠢᠯᠠᠯᠲᠤ ᠵᠠᠩ ᠳᠠᠳᠬᠠᠯ ᠢᠶᠠᠷ ᠢᠶᠠᠨ ᠴᠢᠬᠢᠷᠠᠭ ᠶᠠᠪᠤᠵᠤ ᠢᠷᠡᠭᠰᠡᠨ ᠶᠤᠮ᠃ ᠡᠭᠦᠨ ᠳᠤ ᠴᠠᠭᠠᠨ ᠢᠳᠡᠭᠡᠨ ᠤ ᠨᠢᠭᠡ ᠪᠣᠯᠬᠤ ᠰᠢᠷ᠎ᠠ ᠲᠣᠰᠤ ᠪᠣᠯ ᠬᠠᠯᠠᠭᠤᠨ ᠪᠦᠯᠢᠶᠡᠨ ᠴᠢᠨᠠᠷᠲᠠᠢ᠂ ᠬᠡᠢ ᠶᠢ ᠳᠠᠷᠤᠵᠤ ᠲᠠᠮᠢᠷ ᠢ ᠰᠠᠶᠢᠵᠢᠷᠠᠭᠤᠯᠤᠨ᠂ ᠳᠥᠷᠢ ᠲᠦᠷᠬᠦ ᠶᠢ ᠭᠤᠶᠤ ᠦᠵᠡᠰᠭᠦᠯᠡᠩ ᠪᠣᠯᠭᠠᠳᠠᠭ᠃ ᠬᠦᠮᠦᠨ ᠤ ᠪᠡᠶ᠎ᠡ ᠶᠢᠨ ᠡᠷᠡᠭᠦᠯ ᠮᠡᠨᠳᠦ ᠳᠤ ᠣᠯᠠᠨ ᠬᠡᠷᠡᠭᠴᠡᠭᠡ ᠲᠠᠢ᠂ ᠡᠮᠲᠦ ᠴᠢᠨᠠᠷᠲᠠᠢ ᠡᠷᠬᠢᠮ ᠴᠢᠬᠤᠯᠠ ᠢᠳᠡᠭᠡᠨ ᠪᠣᠯᠣᠨ᠎ᠠ᠃ ᠭᠤᠣᠯᠳᠠᠭᠤ ᠭᠠᠳᠠᠷ ᠢᠯᠢᠵᠦ ᠨᠤᠬᠤᠯᠠᠬᠤ ᠳᠤ ᠬᠡᠷᠡᠭᠯᠡᠵᠦ᠂ ᠭᠠᠷ ᠬᠠᠭᠠᠷᠠᠬᠤ ᠳᠤ ᠲᠦᠷᠬᠢᠪᠡᠯ ᠰᠠᠶᠢᠨ ᠪᠦᠭᠡᠳ ᠭᠠᠳᠠᠷ ᠪᠡᠶ᠎ᠡ ᠳᠤ ᠲᠦᠷᠬᠢᠪᠡᠯ ᠭᠠᠶᠢᠬᠠᠮᠰᠢᠭᠲᠤ ᠦᠢᠯᠡᠳᠦᠯ ᠲᠠᠢ᠃ ᠨᠢᠯᠬ᠎ᠠ ᠬᠡᠥᠬᠡᠳ ᠤᠨ ᠭᠡᠳᠡᠰᠦ᠂ ᠪᠡᠶ᠎ᠡ ᠶᠢ ᠨᠢ ᠢᠯᠢᠬᠦ ᠳᠤ ᠣᠨᠴᠠᠭᠠᠢ ᠲᠤᠰᠠᠲᠠᠢ᠂ ᠪᠡᠶ᠎ᠡ ᠶᠢᠨ ᠲᠠᠮᠢᠷ ᠬᠦᠴᠦ ᠶᠢ ᠰᠠᠶᠢᠵᠢᠷᠠᠭᠤᠯᠤᠨ᠂ ᠡᠪᠡᠳᠴᠢᠨ ᠲᠠᠬᠤᠯ ᠢ ᠡᠰᠡᠷᠭᠦᠴᠡᠬᠦ ᠴᠢᠳᠠᠪᠤᠷᠢ ᠶᠢ ᠨᠡᠮᠡᠭᠳᠡᠭᠦᠯᠦᠨ᠂ ᠨᠢᠯᠬ᠎ᠠ ᠬᠡᠥᠬᠡᠳ ᠦᠭᠡ ᠬᠡᠯᠡᠵᠦ ᠴᠢᠳᠠᠬᠤ ᠦᠭᠡᠢ᠂ ᠡᠮ ᠤᠤᠭᠤᠵᠤ ᠳᠡᠶᠢᠯᠬᠦ ᠦᠭᠡᠢ ᠲᠤᠯᠠ ᠰᠢᠷ᠎ᠠ ᠲᠣᠰᠤ ᠲᠠᠢ ᠭᠠᠷ ᠢᠶᠠᠷ ᠢᠯᠢᠵᠦ ᠡᠳᠡᠭᠡᠷᠡᠭᠦᠯᠬᠦ ᠪᠣᠯ ᠬᠠᠮᠤᠭ ᠰᠠᠶᠢᠨ ᠠᠷᠭ᠎ᠠ ᠳᠣᠮ ᠶᠤᠮ᠃ ᠰᠢᠷ᠎ᠠ ᠲᠣᠰᠤ ᠶᠢ ᠲᠦᠷᠬᠢᠨ ᠢᠯᠢᠭᠰᠡᠨ ᠬᠡᠥᠬᠡᠳ ᠰᠠᠯᠬᠢ ᠴᠢᠭᠢᠭ ᠠᠴᠠ ᠠᠶᠤᠬᠤ ᠦᠭᠡᠢ ᠲᠡᠰᠪᠦᠷᠢ ᠲᠠᠢ ᠪᠣᠯᠳᠠᠭ᠃ ᠰᠢᠷ᠎ᠠ ᠲᠣᠰᠤ ᠲᠠᠢ ᠬᠠᠭᠤᠷᠠᠢ ᠪᠤᠳᠠᠭ᠎ᠠ ᠪᠤᠶᠤ ᠪᠣᠯᠣᠭᠰᠠᠨ ᠭᠤᠯᠢᠷ ᠢᠳᠡᠭᠰᠡᠨ ᠬᠦᠮᠦᠨ ᠪᠠᠷᠤᠭᠲᠠᠢ ᠳᠤ ᠦᠯᠦᠰᠬᠦ ᠦᠭᠡᠢ ᠪᠠᠶᠢᠳᠠᠭ᠃ ᠰᠢᠭᠡᠰᠦ ᠣᠯᠠᠨ ᠬᠦᠷᠬᠦ᠂ ᠳᠠᠪᠤᠰᠠᠩ ᠡᠪᠡᠳᠬᠦ ᠳᠤ ᠳᠡᠭᠡᠷ᠎ᠡ ᠨᠢ ᠲᠦᠷᠬᠢᠵᠦ ᠬᠠᠷ᠎ᠠ ᠬᠦᠬᠡ ᠳᠠᠪᠤᠤ ᠪᠠᠷ ᠵᠢᠩ ᠲᠠᠯᠪᠢᠪᠠᠯ ᠶᠡᠭᠡ ᠲᠠᠭᠠᠲᠠᠢ ᠪᠣᠯᠵᠤ ᠡᠪᠡᠳᠬᠦ ᠨᠢ ᠵᠣᠭᠰᠣᠨ᠎ᠠ᠃ ᠰᠢᠷ᠎ᠠ ᠲᠣᠰᠤ ᠨᠢᠯᠠᠭᠤᠨ ᠠᠮᠲᠠᠲᠠᠢ᠂ ᠢᠳᠡᠬᠦ ᠳᠤ ᠬᠤᠷᠴᠠ ᠥᠯ ᠰᠠᠶᠢᠲᠠᠢ ᠢᠳᠡᠭᠡᠨ ᠶᠤᠮ᠃ ᠮᠣᠩᠭᠤᠯ ᠡᠮ ᠤᠨ ᠬᠥᠯᠭᠡ ᠪᠣᠯᠭᠠᠵᠤ᠂ ᠣᠯᠠᠨ ᠵᠦᠢᠯ ᠤᠨ ᠡᠪᠡᠳᠴᠢᠨ ᠡᠮᠭᠡᠭ ᠢ ᠵᠠᠰᠠᠳᠠᠭ᠃ ᠵᠢᠱᠢᠶᠡᠯᠡᠪᠡᠯ᠂ ᠬᠦᠢᠲᠡᠨ ᠬᠡᠢ ᠶᠢ ᠲᠠᠭᠤᠵᠤ᠂ ᠢᠯᠴᠢ ᠨᠦᠬᠦᠪᠦᠷᠢᠯᠡᠵᠦ ᠦᠶ᠎ᠡ ᠭᠡᠰᠢᠭᠦᠦ ᠬᠤᠶᠠᠩ ᠢ ᠵᠠᠰᠠᠬᠤ ᠳᠤ ᠮᠠᠰᠢ ᠰᠠᠶᠢᠨ ᠦᠢᠯᠡᠳᠦᠯ ᠲᠠᠢ᠃ ᠢᠯᠠᠩᠭᠤᠶ᠎ᠠ ᠡᠪᠦᠯ᠂ ᠬᠠᠪᠤᠷ ᠰᠢᠷ᠎ᠠ ᠲᠣᠰᠤ ᠢᠳᠡᠪᠡᠯ ᠪᠡᠶ᠎ᠡ ᠶᠢ ᠳᠤᠯᠠᠭᠠᠴᠠᠭᠤᠯᠬᠤ ᠶᠢᠨ ᠬᠠᠮᠲᠤ ᠰᠠᠯᠬᠢᠨ ᠳᠤ ᠵᠢᠩᠭᠢᠨᠡᠵᠦ ᠳᠠᠭᠠᠷᠠᠭᠰᠠᠨ ᠠᠴᠠ ᠣᠯᠣᠭᠰᠠᠨ ᠭᠡᠮ ᠢ ᠵᠠᠰᠠᠳᠠᠭ᠂ ᠤᠳᠠᠭᠠᠨ ᠵᠢᠯ ᠬᠠᠳᠠᠭᠠᠯᠠᠭᠰᠠᠨ ᠰᠢᠷ᠎ᠠ ᠲᠣᠰᠤ ᠬᠦᠯᠳᠡᠭᠰᠡᠨ ᠰᠢᠷᠬ᠎ᠠ᠂ ᠭᠡᠳᠡᠰᠦ ᠬᠥᠭᠡᠭᠡᠬᠦ ᠡᠪᠡᠳᠴᠢᠨ᠂ ᠰᠢᠷ᠎ᠠ ᠤᠰᠤᠨ ᠤ ᠡᠪᠡᠳᠴᠢᠨ ᠵᠡᠷᠭᠡ ᠳᠤ ᠣᠨᠴᠠ ᠲᠣᠰᠠᠲᠠᠢ᠃ ᠴᠢᠬᠢ ᠱᠤᠤᠭᠢᠵᠤ ᠪᠠᠶᠢᠪᠠᠯ ᠨᠢᠭᠡ ᠲᠤᠰᠤᠯ ᠰᠢᠷ᠎ᠠ ᠲᠣᠰᠤ ᠬᠢᠵᠦ ᠵᠢᠭᠠᠬᠠᠨ ᠤᠳᠠᠪᠠᠯ ᠵᠦᠭᠡᠷ ᠪᠣᠯᠴᠢᠬᠠᠨ᠎ᠠ᠃ ︵ᠴᠢᠮᠦᠭᠡ ᠬᠦᠷᠦᠭᠰᠡᠨ ᠬᠦᠮᠦᠨ ᠳᠤ ᠰᠢᠷ᠎ᠠ ᠲᠣᠰᠤ ᠲᠠᠢ ᠮᠣᠩᠭᠤᠯ ᠠᠷᠢᠬᠢ ᠤᠤᠭᠤᠯᠭᠠᠪᠠᠯ ᠲᠦᠷᠭᠡᠨ ᠲᠤᠰᠠᠯᠠᠵᠤ ᠴᠢᠳᠠᠨ᠎ᠠ︶᠃ ᠳᠠᠭᠠᠷᠠᠵᠤ ᠪᠡᠭᠡᠷᠡᠭᠰᠡᠨ ᠠᠴᠠ ᠬᠦᠢᠰᠦᠨ ᠳᠡᠭᠡᠷ᠎ᠡ ᠡᠪᠡᠳᠴᠦ ᠬᠠᠳᠬᠤᠯᠠᠬᠤ ᠳᠤ ᠬᠠᠭᠤᠷᠤᠭᠰᠠᠨ ᠪᠤᠳᠠᠭᠠᠨ ᠤ ᠠᠭᠠᠭ ᠲᠠᠢ ᠰᠢᠷ᠎ᠠ ᠲᠣᠰᠤ ᠲᠠᠯᠪᠢᠪᠡᠯ ᠳᠠᠷᠤᠢ ᠳᠤ ᠨᠢ ᠡᠪᠡᠳᠬᠦ ᠶᠢ ᠨᠠᠮᠳᠠᠭᠠᠨ᠎ᠠ᠃ ᠪᠦᠰᠡᠭᠦᠶᠢᠴᠦᠳ ᠰᠠᠪᠠᠨ ᠤ ᠰᠡᠷᠢᠭᠦᠨ ᠢᠶᠠᠷ ᠰᠠᠷ᠎ᠠ ᠶᠢᠨ ᠭᠭᠢᠷ ᠢᠷᠡᠬᠦ ᠳᠤ ᠡᠪᠡᠳᠪᠡᠯ ᠰᠢᠷ᠎ᠠ ᠲᠣᠰᠤ ᠶᠢ ᠲᠦᠷᠬᠢᠵᠦ᠂ ᠴᠡᠪᠡᠷ ᠬᠠᠷ᠎ᠠ ᠬᠦᠬᠡ ᠳᠠᠪᠤᠤ ᠳᠤ ᠰᠢᠩᠭᠡᠭᠡᠵᠦ ᠵᠢᠩ ᠲᠠᠯᠪᠢᠪᠠᠯ ᠰᠠᠶᠢᠨ ᠪᠣᠯᠴᠢᠬᠠᠳᠠᠭ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号