ᠤᠲᠤ ᠠᠴᠠ ᠵᠠᠭᠤ ᠠᠷᠪᠠᠨ ᠵᠢᠯ ᠤᠨ ᠲᠡᠷᠲᠡᠭᠡ ᠤᠰᠤᠨ ︵ᠬᠠᠷᠠᠭᠴᠢᠨ︶ ᠲᠠᠤᠯᠠᠢ ᠵᠢᠯ ︵1903 ᠤᠡ︶ | ᠪᠠᠲᠠᠷᠠᠭᠤᠯᠲᠦ ᠲᠦᠷᠤ ᠶᠢᠨ ᠬᠤᠷᠢ ᠶᠢᠰᠦᠲᠦᠭᠡᠷ ᠤᠡ ᠤ ᠵᠢᠷᠭᠤᠭᠠᠨ ᠰᠠᠷ᠎ᠡ ᠳᠤ ᠬᠤᠶᠢᠨ ᠭᠤᠤᠯ ︵黑问河 | ᠬᠤᠵᠢᠮ ᠨᠢ ᠲᠡᠤᠬᠡ ᠰᠤᠲᠤᠷ ᠲᠤ ᠬᠡᠶᠢᠪᠤᠡᠭ ᠭᠤᠤᠯ ᠭᠡᠵᠦ ᠲᠡᠮᠲᠡᠭᠯᠡᠭᠲᠡᠬᠦ ᠪᠤᠯᠵᠠᠢ︶ ᠤᠨ ᠪᠠᠷᠠᠭᠤᠨ ᠲᠡᠨᠵᠢ — | ᠬᠠᠯᠢᠭᠤᠲᠦ᠂ ᠠᠯᠲᠠᠨ ᠰᠢᠷᠡᠭᠡᠲᠦ ᠶᠢᠨ ᠰᠢᠷ᠎ᠠ ᠲᠠᠯ᠎ᠠ ᠲᠡᠭᠡᠷ᠎ᠡ ᠮᠬᠠᠵᠦ ᠴᠢᠩ ᠤᠯᠤᠰ ᠤᠨ ᠲᠦᠷᠤ ᠶᠢᠨ ᠲᠦᠷᠪᠡᠨ | ᠲᠤᠮᠤ ᠬᠤᠲᠤᠠᠨᠲᠦ ᠲᠠᠯᠠᠢ ᠯᠠᠮᠠ᠂ ᠪᠠᠨᠴᠢᠠᠡᠷᠳᠡᠨᠢ᠂ ᠪᠤᠭᠲᠠ ᠵᠢᠪᠽᠦᠨᠲᠠᠮᠪᠠ᠂ ᠵᠠᠩᠭᠢᠶ᠎ᠠ ᠭᠡᠭᠡᠨ ᠷᠤᠯᠪᠢᠲᠤᠷᠵᠢ | ᠨᠠᠷ ᠤᠨ ᠨᠢᠭᠡᠨ᠂ ᠤᠯᠤᠰ ᠤᠨ ᠶᠡᠭᠡ ᠪᠠᠭᠰᠢ ᠵᠠᠩᠭᠢᠶ᠎ᠠ ᠭᠡᠭᠡᠨ ᠤ ᠠᠷᠪᠠ ᠶᠢᠰᠦᠲᠦᠭᠡᠷ ᠲᠦᠷᠡᠢ ᠵᠠᠩᠭᠢᠶ᠎ᠠ ᠬᠤᠲᠤᠠᠨᠲᠦ | ᠯᠤᠪᠰᠠᠩᠪᠠᠯᠲᠠᠨᠲᠠᠮᠪᠢᠵᠦᠩᠨᠠᠢ ︵1891 — 1958︶ ᠶᠢᠨ ᠠᠷᠪᠠᠨ ᠭᠤᠷᠪᠠᠨ ᠨᠠᠰᠦᠨ ᠰᠡᠭᠦᠲᠡᠷ ᠵᠤᠭᠤᠠᠨᠯᠠᠵᠦ | ᠠᠪᠢᠰᠢᠭ ᠲᠠᠯᠪᠢᠠᠨᠰᠠᠨ ᠳ᠋ᠡᠩᠰᠢᠭ᠋ ᠶᠡᠭᠡ ᠨᠠᠶᠢᠷ ᠢ ᠲᠤᠯᠤᠨ ᠨᠠᠭᠤᠷ ᠤᠨ ᠰᠢᠷ᠎ᠠ ᠰᠦᠮ᠎ᠡ ᠬᠡᠶᠢᠳ ᠤᠨ ᠵᠠᠩᠭᠢᠶ᠎ᠠ ᠭᠡᠭᠡᠨ | ᠰᠠᠩ ᠠᠴᠠ ᠦᠪᠡᠳᠡᠭᠰᠢ ᠶᠡᠭᠡ ᠪᠠᠷ ᠬᠢᠭᠰᠡᠨ ᠪᠠᠶᠢᠨ᠎ᠠ᠃ ᠲᠤᠰ ᠨᠠᠶᠢᠷ ᠲᠤ ᠠᠷᠤ ᠲᠠᠪᠢᠨ ᠲᠤᠯᠤᠭ᠎ᠠ᠂ ᠦᠪᠦᠷ | ᠲᠦᠴᠢ ᠶᠢᠰᠦ᠂ ᠴᠠᠬᠠᠷ ᠨᠠᠢᠮᠠᠨ ᠬᠤᠰᠢᠭᠤ᠂ ᠰᠦᠷᠦᠭ ᠲᠤᠯᠤᠭᠠᠨ ᠮᠠᠯ᠂ ᠲᠤᠯᠤᠨ ᠨᠠᠭᠤᠷ ᠤᠨ ᠠᠷᠪᠠᠨ ᠭᠤᠷᠪᠠᠨ | ᠱᠠᠪᠢᠨᠠᠷ ᠤᠨ ᠠᠯᠲᠠᠷ ᠴᠤᠤᠲᠦ ᠪᠦᠬᠡᠴᠤᠤᠯ᠂ ᠠᠵᠢᠨᠠᠢ ᠬᠤᠷᠲᠤᠨ ᠬᠦᠯᠦᠭ ᠤᠳ ᠬᠤᠷᠠᠨ ᠴᠤᠠᠭᠯᠠᠷᠬᠠᠰᠠᠨ ᠮᠬᠠᠵᠦ | ᠴᠢᠩ ᠭᠦᠷᠦᠨ ᠤ ᠦᠶ᠎ᠡ ᠳᠤ ᠦᠪᠦᠷᠯᠡᠭᠴᠢᠳ ᠤᠨ ᠲᠡᠤᠬᠡᠨ ᠳᠤ 1024 ᠪᠦᠬᠡ ᠪᠠᠷᠢᠯᠲᠤᠭᠤᠯᠤᠭᠰᠠᠨ ᠲᠤᠭᠠᠲᠠᠢ | ᠲᠦᠷᠪᠡᠬᠡᠨ ᠲᠤᠮᠦ ᠨᠠᠶᠢᠷ ᠤᠨ ᠤᠳᠬᠠᠨ ᠨᠠᠶᠢᠷ ᠪᠤᠯᠤᠨ᠎ᠠ᠃ | ᠡᠨᠡ ᠨᠠᠶᠢᠷ ᠤᠨ ᠲᠠᠭᠠᠭᠠᠮᠠᠯ ᠢᠶᠠᠷ ᠵᠠᠩᠭᠢᠶ᠎ᠠ ᠭᠡᠭᠡᠨ ᠰᠠᠩ ᠤᠨ ᠶᠡᠷᠦᠩᠬᠡᠢ ᠬᠠᠮᠢᠶᠠᠷᠤᠭᠴᠢ ᠴᠢᠷᠢᠨᠵᠠᠮᠰᠦ᠂ ᠶᠡᠭᠡ | ᠨᠢᠷᠪᠠ ᠭᠤᠨᠴᠤᠠᠨᠰᠤᠷᠥᠩ ᠨᠠᠷ ᠠᠵᠢᠯᠯᠬᠠᠰᠠᠨ ᠪᠠᠶᠢᠨ᠎ᠠ᠃ ᠳ᠋ᠡᠩᠰᠢᠭ᠋ ᠨᠠᠶᠢᠷ ᠤᠨ ᠪᠡᠯᠡᠳᠭᠡᠯ ᠢᠶᠠᠨ ᠬᠡᠲᠦᠨ ᠵᠢᠯ ᠤᠨ | ᠡᠮᠦᠨ᠎ᠡ ᠠᠴᠠ ᠬᠢᠵᠠᠢ᠃ ᠵᠦᠪᠬᠡᠨ ᠨᠠᠶᠢᠷ ᠤᠨ ᠵᠠᠷ ᠲᠠᠷᠬᠠᠭᠠᠬᠤ ᠳᠤ ᠵᠢᠯ ᠭᠠᠷᠤᠢ ᠶᠢᠨ ᠴᠠᠭ ᠬᠡᠷᠡᠭᠰᠡᠭᠰᠡᠨ ᠭᠡᠳᠡᠭ | ᠪᠢᠯᠡ᠃ ᠪᠠᠲᠢᠷ ᠤᠨ ᠯᠠᠮᠠ ᠨᠠᠷ ᠡᠭᠦᠷᠭᠡ ᠡᠭᠦᠷᠴᠤ ᠵᠠᠷ ᠮᠡᠲᠡᠭᠡ ᠲᠠᠯᠪᠢᠠᠨᠰᠠᠨ ᠭᠡᠲᠡᠭ ᠶᠤᠮ᠃ ᠳ᠋ᠡᠩᠰᠢᠭ᠋ ᠨᠠᠶᠢᠷ ᠲᠤ | ᠭᠠᠵᠠᠷ ᠪᠤᠯᠭᠠᠨ ᠤ ᠤᠯᠠᠨ ᠮᠢᠩᠭᠠᠨ ᠮᠦᠷᠭᠦᠯᠴᠢᠨ ᠬᠤᠷᠠᠨ ᠴᠤᠭᠯᠠᠷᠠᠠᠭᠰᠠᠨ ᠢ ︽ᠬᠡᠶᠢᠪᠦᠩ ᠤᠨ ᠨᠠᠶᠢᠷ ᠲᠤ | ᠴᠤᠭᠯᠠᠷᠠᠠᠭᠰᠠᠨ ᠤᠯᠠᠨ ᠤ ᠤᠨᠤᠭ᠎ᠠ ᠮᠤᠷᠢᠳ ᠬᠡᠶᠢᠪᠦᠩ ᠭᠤᠤᠯ ᠤᠨ ᠤᠰᠤ ᠶᠢ ᠰᠢᠷᠭᠢᠭᠡᠪᠡ︾ ᠬᠡᠰᠡᠨ ᠤᠯᠠᠮᠵᠢᠯᠠᠯ | ᠶᠠᠷᠢᠶᠠᠨ ᠠᠴᠠ ᠤᠶᠢᠯᠭᠠᠵᠦ ᠪᠤᠯᠤᠨ᠎ᠠ᠃ ᠪᠡᠭᠡᠵᠢᠩ ᠤᠨ ᠲᠤᠮᠤ ᠲᠤᠮᠤ ᠮᠠᠶᠢᠮᠠᠶᠢᠴᠢᠳ ᠬᠤᠶᠢᠨ᠎ᠠ ᠬᠤᠶᠢᠨ᠎ᠠ ᠠᠴᠠ ᠪᠠᠨ | ᠦᠷᠢᠰᠦᠯᠳᠦᠨ ᠢᠷᠡᠵᠡᠭᠡᠵᠦ ᠠᠯᠲᠠᠨ ᠰᠢᠷᠡᠭᠡᠲᠦ ᠶᠢᠨ ᠴᠠᠭᠠᠨ ᠡᠯᠡᠰᠦ ᠶᠢ ᠲᠤᠭᠤᠷᠢᠨ ᠪᠠᠭᠤᠲᠠᠯᠯᠠᠵᠠᠭᠠᠨᠰᠠᠨ ᠢᠶᠠᠷ | ᠲᠡᠷᠡ ᠴᠠᠭᠠᠨ ᠮᠠᠩᠬ᠎ᠠ ᠶᠢ ︽ᠪᠡᠭᠡᠵᠢᠩ ᠴᠠᠭᠠᠨ︾ ᠬᠡᠮᠡᠨ ᠨᠡᠷᠡᠯᠡᠭᠰᠡᠨ ᠪᠠᠶᠢᠵᠠᠢ᠃ ᠲᠤᠯᠤᠨ ᠨᠠᠭᠤᠷ ᠤᠨ ᠰᠢᠷ᠎ᠠ | ᠰᠦᠮ᠎ᠡ ᠶᠢᠨ ᠵᠠᠩᠭᠢᠶ᠎ᠠ ᠭᠡᠭᠡᠨ ᠰᠠᠩ ᠠᠴᠠ ᠮᠡᠩᠵᠠ ᠪᠡᠯᠡᠳᠭᠡᠨ ᠵᠢᠷᠠᠨ ᠪᠦᠬᠡ ᠰᠤᠩᠭᠤᠨ ᠬᠤᠶᠠᠷ ᠰᠠᠷ᠎ᠠ ᠰᠤᠷᠢᠶ᠎ᠠ | ᠬᠢᠵᠠᠢ᠃ ᠰᠤᠷᠢᠶᠠᠨ ᠤ ᠪᠦᠬᠡᠴᠤᠳ ᠴᠦᠮ ᠢᠶᠠᠷ ᠢᠶᠠᠨ ᠲᠤᠯᠤᠨ ᠨᠠᠭᠤᠷ ᠤᠨ ᠠᠷᠪᠠᠨ ᠭᠤᠷᠪᠠᠨ ᠱᠠᠪᠢᠨᠠᠷ᠂ ᠰᠢᠷ᠎ᠠ | ᠰᠦᠮ᠎ᠡ᠂ ᠬᠦᠬᠡ ᠰᠦᠮ᠎ᠡ ᠶᠢᠨ ᠯᠠᠮᠠ ᠨᠠᠷ ᠪᠤᠯᠤᠨ᠎ᠠ᠃ ᠰᠤᠤᠨᠨᠠᠮ ᠪᠤᠯ ᠴᠠᠬᠠᠷ ᠲᠤᠯᠤᠨ ᠨᠠᠭᠤᠷ ᠤᠨ ᠠᠷᠪᠠᠨ | ᠭᠤᠷᠪᠠᠨ ᠱᠠᠪᠢᠨᠠᠷ ᠤᠨ ᠰᠢᠷᠡᠭᠡᠲᠦ ᠭᠡᠭᠡᠨ ᠱᠠᠪᠢᠨᠠᠷ ᠬᠦᠮᠦᠨ᠃ ᠪᠡᠶ᠎ᠡ ᠪᠢᠯᠲᠠᠷ ᠬᠦᠲᠡᠷ ᠲᠤᠮᠤ᠂ ᠪᠷᠢᠯᠲᠤᠭᠠ ᠰᠠᠶᠢᠲᠠᠢ | ᠪᠤᠯᠬᠤᠷ ᠰᠢᠷᠡᠭᠡᠲᠦ ᠭᠡᠭᠡᠨ ᠤ ᠪᠦᠬᠡ ᠪᠤᠯᠵᠠᠢ᠃ ᠲᠤᠯᠤᠨ ᠨᠠᠭᠤᠷ ᠤᠨ ᠠᠷᠪᠠᠨ ᠭᠤᠷᠪᠠᠨ ᠱᠠᠪᠢᠨᠠᠷ ᠲᠤ ᠪᠠᠨ ︽ | ᠰᠤᠤᠨᠨᠠᠮ ᠤᠨ ᠤᠠᠨᠰᠠᠷᠠᠭᠠ ᠲᠤᠯᠤᠭᠠᠨ ᠮᠡᠭᠡ︾ ᠭᠡᠵᠦ ᠠᠯᠲᠠᠷᠰᠢᠠᠨᠰᠠᠨ ᠪᠠᠶᠢᠵᠠᠢ᠃ ᠬᠡᠶᠢᠪᠦᠩ ᠤᠨ ᠰᠡᠭᠦᠯᠴᠢ ᠶᠢᠨ | ᠡᠨᠡ ᠨᠠᠶᠢᠷ ᠲᠤ 1024 ᠪᠦᠬᠡ ᠪᠠᠷᠢᠯᠲᠤᠭᠤᠯᠤᠭᠰᠠᠨ ᠪᠦᠭᠡᠳ ᠪᠦᠬᠡ ᠶᠢᠨ ᠤᠨᠤᠭ᠎ᠠ ᠶᠢ ᠬᠤᠷᠯᠤ ᠵᠠᠶᠢᠰᠠᠩ | ᠲᠠᠭᠠᠭᠠᠵᠦ ᠲᠤᠯᠤᠭᠠᠶᠢᠯᠠᠨ ᠭᠦᠢᠴᠳᠭᠡᠭᠰᠡᠨ ᠪᠠᠶᠢᠨ᠎ᠠ᠃ | ᠰᠢᠷᠡᠭᠡᠲᠦ ᠭᠡᠭᠡᠨ ᠤ ᠪᠦᠬᠡ ᠰᠤᠤᠨᠨᠠᠮ ᠳ᠋ᠡᠩᠰᠢᠭ᠋ ᠨᠠᠶᠢᠷ ᠲᠤ ᠵᠠᠩᠭᠢᠶ᠎ᠠ ᠭᠡᠭᠡᠨ ᠯᠤᠪᠰᠠᠩᠪᠠᠯᠲᠠᠨᠲᠠᠮᠪᠢᠵᠦᠩᠨᠠᠢ ᠶᠢᠨ | ᠨᠡᠷ᠎ᠡ ᠲᠡᠭᠡᠷ᠎ᠡ ᠪᠤᠰᠴᠤ ᠮᠤᠩᠭᠤᠯ ᠤᠨ ᠤᠯᠠᠨ ᠬᠤᠰᠢᠭᠤᠳ ᠠᠴᠠ ᠰᠢᠯᠭᠠᠷᠠᠨ ᠢᠷᠡᠵᠡᠭᠡᠵᠦ ᠳ᠋ᠡᠩᠰᠢᠭ᠋ ᠶᠡᠭᠡ ᠨᠠᠶᠢᠷ ᠤᠨ | ᠲᠡᠷᠢᠭᠦᠨ ᠢ ᠠᠪᠤᠨ᠎ᠠ ᠭᠡᠮᠡᠨ ᠲᠡᠮᠡᠴᠡᠯᠲᠦᠭᠰᠡᠨ ᠠᠯᠲᠠᠷᠲᠤ ᠪᠦᠭᠡᠴᠤᠳ ᠢ ᠲᠠᠷᠠᠭ᠎ᠠ ᠲᠠᠷᠠᠭ᠎ᠠ ᠪᠠᠷ ᠡᠪᠦᠳᠦᠭ | ᠰᠢᠷᠤᠶᠢᠲᠤᠭᠤᠯᠤᠨ ᠠᠷᠪᠠ ᠶᠢ ᠲᠠᠪᠠᠭᠠᠳ ᠲᠡᠷᠢᠭᠦᠯᠡᠨ ᠳ᠋ᠡᠩᠰᠢᠭ᠋ ᠨᠠᠶᠢᠷ ᠤᠨ ᠠᠷᠰᠯᠠᠨ ᠤ ᠪᠤᠯᠵᠤᠯ ᠬᠠᠩᠭᠠᠠᠰᠠᠨᠨᠠ | ᠵᠠᠩᠭᠢᠶ᠎ᠠ ᠭᠡᠭᠡᠨᠲᠡᠨ ︽ᠪᠦᠬᠡ ᠶᠢᠨ ᠬᠡᠶᠢᠮᠤᠷᠢ ᠰᠤᠶᠤᠷᠬ᠎ᠠ︕︾ ᠬᠡᠮᠡᠨ ᠬᠤᠷᠤᠶᠢᠯᠠᠨ ᠵᠦᠩᠨᠡᠵᠦ ᠲᠡᠭᠦᠨ ᠳᠤ ︽ | ᠱᠠᠵᠢᠠᠭᠡᠷᠡᠯ︾ ᠭᠡᠮᠡᠬᠦ ᠨᠡᠷ᠎ᠡ ᠬᠠᠶᠢᠷᠯᠠᠵᠦ᠂ ᠶᠢᠰᠦ ᠶᠢᠰᠦ ᠶᠢᠨ ᠨᠠᠶᠠᠨ ᠨᠢᠭᠡ ᠶᠢᠨ ᠲᠤᠮᠤ ᠬᠡᠰᠢᠭ ᠱᠠᠩ ᠬᠦᠷᠲᠡᠭᠡᠭᠰᠡᠨ | ᠪᠠᠶᠢᠨᠠᠮ᠃ ᠠᠯᠲᠠᠷᠲᠦ ᠪᠦᠬᠡ ᠷᠠᠬᠤ᠂ ᠭᠡᠭᠡᠨ ᠰᠠᠩ ᠤᠨ ᠬᠦᠩᠭᠦᠭᠡᠷ ᠲᠠᠮᠷᠢᠨ᠂ ᠵᠠᠩᠭᠢᠶ᠎ᠠ ᠭᠡᠭᠡᠨ ᠱᠠᠪᠢᠨᠠᠷ ᠤᠨ | ᠠᠰᠢᠠᠨᠲᠦ ᠱᠠᠳᠪᠠ᠂ ᠡᠮᠰᠢᠭᠡᠷ ᠵᠠᠮᠰᠦ᠋ᠷᠦᠩ ᠨᠠᠷ ᠰᠢᠯᠭᠠᠬᠤ ᠨᠠᠢᠮᠠ᠂ ᠲᠡᠭᠡᠲᠦ ᠲᠦᠷᠪᠡ ᠳᠤ ᠲᠡᠪᠢᠵᠡᠭᠡᠭᠰᠡᠨ ᠪᠠᠶᠢᠨ᠎ᠠ᠃ | ᠡᠨᠡ ᠨᠠᠶᠢᠷ ᠲᠤ ᠲᠠᠶᠢᠫᠤᠰᠧ ᠵᠡᠭᠦᠨ ᠭᠠᠷ ᠤᠨ ᠬᠤᠰᠢᠭᠤᠨ ᠤ ᠮᠤᠲᠤᠨ ᠰᠦᠮ᠎ᠡ ᠶᠢᠨ ᠴᠠᠭᠳᠠᠷᠭᠤᠮᠪᠤ ᠶᠢᠨ ᠬᠦᠷᠡᠩ | ᠮᠤᠷᠢ ᠲᠦᠷᠦᠭᠦᠯᠦᠭᠰᠡᠨ ᠪᠠᠶᠢᠨᠠᠮ᠃ | | | | | ᠬᠠᠲᠠᠬᠢᠨ ᠷᠠᠰᠢᠴᠢᠷᠢᠨ ᠪᠠᠲᠦᠪᠢᠯᠢᠭ ᠤᠨ ᠨᠠᠶᠢᠷᠠᠭᠤᠯᠤᠨ ᠵᠤᠬᠢᠶᠠᠭᠰᠠᠨ ︽ᠪᠦᠬᠡ ᠡᠷᠲᠡᠨᠢ︾ ᠭᠡᠬᠦ | ᠨᠤᠮ ᠠᠴᠠ ᠰᠡᠶᠢᠷᠡᠭᠦᠯᠪᠡ᠃ | | |