ᠦᠪᠦᠷ ᠮᠤᠩᠭᠤᠯ ᠠᠴᠠ ᠤᠯᠢᠮᠫᠢᠺ ᠲᠤ ᠵᠤᠲᠤᠬᠯᠠᠬᠰᠠᠨ ᠰᠠᠶᠢᠨᠵᠢᠷᠭᠠᠯ
ᠨᠡᠶᠢᠲᠡᠯᠡᠭᠰᠡᠨ ᠴᠠᠭ᠄
2016/8/15
        ᠪᠡᠭᠡᠵᠢᠩ ᠤᠨ ᠴᠠᠭ ᠢᠶᠠᠷ 8  ᠰᠠᠷ᠎ᠠ ᠶᠢᠨ  9 ᠤ  ᠦᠷᠯᠦᠭᠡ᠂  ᠷᠢᠦ᠋  ᠳ᠋ᠢ  ᠿᠧᠨ᠋ᠸᠢᠢᠷᠦ᠋ ᠶᠢᠨ ᠤᠯᠢᠮᠫᠢᠺ ᠤᠨ ᠲᠠᠮᠢᠷ ᠤᠨ ᠴᠤᠭᠯᠠᠭᠠᠨ ᠤ ᠡᠷᠡᠭᠲᠠᠢ ᠶᠢᠨ 73 ᠺᠢᠯᠦᠭᠷᠠᠮ ᠲᠡᠰ ᠤᠨ ᠵᠢᠤᠳᠤᠤ ᠪᠦᠭᠡ ᠶᠢᠨ ᠤᠷᠤᠯᠳᠤᠭᠠᠨ ᠦᠨᠳᠦᠷᠯᠡᠪᠡ᠂ ᠲᠤᠮᠳᠠᠳᠦ  ᠤᠯᠤᠰ ᠤᠨ ᠲᠦᠯᠦᠭᠡᠯᠡᠭᠴᠢ ᠶᠢᠨ ᠠᠩᠬᠢ ᠶᠢᠨ ᠲᠠᠮᠢᠷᠴᠢᠨ᠂ ᠦᠪᠦᠷ ᠮᠤᠩᠭᠤᠯ ᠨᠤᠲᠤᠭ ᠲᠠᠢ ᠵᠢᠤᠳᠤᠤ  ᠪᠦᠭᠡᠴᠢᠨ  ᠰᠠᠶᠢᠨᠵᠢᠷᠭᠠᠯ ᠳᠡᠭᠡᠳᠦ 8 ᠳᠤ ᠲᠠᠪᠰᠢᠬᠤ ᠤᠷᠤᠯᠳᠤᠭᠠᠨ ᠳᠤ ᠤᠷᠤᠰ ᠤᠨ ᠲᠠᠮᠢᠷᠴᠢᠨ ᠳᠤ ᠢᠯᠠᠭᠳᠠᠵᠦ᠂ ᠬᠠᠷᠠᠮᠰᠠᠯᠲᠠᠢ ᠪᠠᠷ 8 ᠬᠦᠴᠦᠷᠭᠡᠭ ᠠᠴᠠ ᠭᠤᠭᠤᠵᠢᠭᠳᠠᠯ᠎ᠠ᠃
       2014 ᠤᠨ ᠪᠠ 2015 ᠤᠨ ᠤ ᠪᠦᠬᠦ ᠤᠯᠤᠰ ᠤᠨ ᠵᠢᠤᠳᠤᠤ ᠪᠦᠬᠡ ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨ ᠤ ᠮᠠᠩᠯᠠᠢ ᠪᠤᠯᠬᠤ ᠰᠠᠶᠢᠨᠵᠢᠷᠭᠠᠯ ᠠᠩᠬᠠᠨ ᠤ  ᠨᠤᠭᠤᠯᠤᠭ᠎ᠠ  ᠤᠷᠤᠯᠳᠤᠭᠠᠨ ᠳᠤ  ᠬᠤᠭᠤᠰᠤᠨ  ᠤᠨᠤᠭ᠎ᠠ  ᠰᠤᠭᠤᠯᠵᠦ᠂  ᠬᠤᠶᠠᠳᠤᠭᠠᠷ ᠨᠤᠭᠤᠯᠤᠭ᠎ᠠ ᠤᠷᠤᠯᠳᠤᠭᠠᠨ ᠳᠤ ᠲᠡᠷᠡ ᠪᠤᠸᠧᠮᠪᠥ᠋ · ᠰᠢᠯᠸᠠ ᠲᠠᠢ ᠲᠠᠭᠠᠷᠠᠯᠳᠤᠵᠦ᠂ ᠤᠷᠤᠯᠳᠤᠭᠠᠨ ᠲᠠᠭᠤᠰᠬᠤ ᠠᠴᠠ  ᠡᠮᠦᠨᠡᠭᠡᠨ  5 ᠰᠧᠺᠦ᠋ᠨ᠋ᠳ᠋ ᠲᠤ ᠰᠠᠶ᠋ᠢ ᠨᠢᠭᠡ ︽ᠬᠦᠴᠦᠨ ᠲᠠᠢ︾ ᠪᠠᠷᠢᠯᠳᠤᠭᠠᠨ ᠢᠶᠠᠷ ᠲᠡᠭᠦᠨ ᠢ ᠢᠯᠠᠵᠦ᠂ 16 ᠬᠦᠴᠦᠷᠭᠡᠭ ᠲᠤ  ᠤᠷᠤᠪᠠ᠃ ᠬᠡᠪᠡᠴᠦ ᠲᠠᠷᠠᠭᠠᠴᠢ ᠪᠠᠷ  ᠶᠠᠪᠤᠭᠳᠠᠭᠰᠠᠨ  16 ᠠᠴᠠ  8 ᠳᠤ  ᠲᠠᠪᠰᠢᠬᠤ  ᠤᠷᠤᠯᠳᠤᠭᠠᠨ ᠳᠤ᠂  ᠰᠠᠶᠢᠨᠵᠢᠷᠭᠠᠯ   ᠤᠷᠤᠰ ᠤᠨ   ᠲᠠᠮᠢᠷᠴᠢᠨ ᠢᠯᠲ᠋ᠧᠼᠢᠶ᠋ᠸᠧ ᠲᠤ ᠢᠯᠠᠭᠳᠠᠵᠦ᠂ ᠬᠠᠷᠠᠮᠰᠠᠯᠳᠠᠢ ᠪᠠᠷ ᠳᠡᠭᠡᠳᠦ 8 ᠳᠤ ᠤᠷᠤᠵᠤ ᠴᠢᠳᠠᠭ᠎ᠠ ᠦᠭᠡᠢ ᠪᠢᠯᠠ᠃        ᠤᠷᠤᠯᠳᠤᠭᠠᠨ ᠤ ᠳᠠᠷᠠᠭ᠎ᠠ ᠰᠠᠶᠢᠨᠵᠢᠷᠭᠠᠯ ᠰᠤᠷᠪᠤᠯᠵᠢᠯᠠᠭ᠎ᠠ ᠭᠦᠯᠢᠶᠡᠭᠦ ᠳᠡᠭᠡᠨ᠄ ︽ᠪᠢ ᠠᠩᠬ᠎ᠠ ᠤᠳᠠᠭ᠎ᠠ ᠪᠠᠨ ᠤᠯᠢᠮᠫᠢᠺ ᠲᠤ ᠤᠷᠤᠯᠴᠠᠵᠤ ᠪᠠᠶᠢᠭ᠎ᠠ ᠤᠴᠢᠷ ᠠᠴᠠ ᠳᠠᠯᠠᠪᠠᠢ ᠳᠡᠭᠡᠷ᠎ᠠ ᠰᠠᠨᠳᠤᠷᠴᠤ ᠪᠠᠶᠢᠯ᠎ᠠ᠂ ᠪᠷᠠᠽᠢᠯ ᠤᠨ ᠳᠠᠮᠢᠷᠴᠢᠨ ᠲᠠᠢ ᠪᠠᠷᠢᠯᠳᠤᠬᠤ ᠳᠤ ᠳᠤᠬᠠᠢ ᠶᠢᠨ ᠳᠠᠯᠠᠪᠠᠢ ᠶᠢᠨ ᠪᠷᠠᠽᠢᠯ ᠤᠨ ᠳᠡᠮᠵᠢᠭᠴᠢᠳ ᠮᠠᠰᠢ ᠤᠯᠠᠨ ᠪᠠᠶᠢᠭᠰᠠᠨ᠂ ᠶᠡᠭᠡ ᠱᠤᠤᠭᠢᠶᠠᠨ ᠲᠠᠢ ᠪᠠᠶᠢᠯ᠎ᠠ᠂ ᠳᠠᠶᠢᠮᠦ ᠴᠤ ᠤᠴᠢᠷ ᠠᠴᠠ ᠭᠡᠷᠪᠡ ᠨᠡᠮᠡᠯᠳᠠ ᠴᠠᠭ ᠤᠨ ᠤᠷᠤᠯᠳᠤᠭᠠᠨ ᠳᠤ ᠤᠷᠤᠪᠠᠯ  ᠪᠢ  ᠤᠯᠠᠮ  ᠳᠠᠪᠠᠭᠤᠯᠢᠭ  ᠦᠭᠡᠢ  ᠪᠤᠯᠬᠤ  ᠤᠴᠢᠷ ᠠᠴᠠ  ᠪᠦᠭᠦ  ᠴᠢᠳᠠᠯ ᠢᠶᠠᠨ ᠰᠢᠪᠬᠠᠵᠤ᠂ ᠳᠤᠭᠳᠠᠭᠰᠠᠨ ᠤᠷᠤᠯᠳᠤᠭᠠᠨ ᠤ ᠴᠠᠭ ᠲᠤ ᠰᠢᠢᠳᠪᠤᠷᠢ ᠭᠠᠷᠭᠠᠬᠤ ᠪᠠᠷ ᠴᠢᠷᠮᠠᠶᠢᠭᠰᠠᠨ ᠶᠤᠮ᠃ ᠤᠷᠤᠰ ᠤᠨ ᠳᠠᠮᠢᠷᠴᠢᠨ ᠲᠠᠢ ᠤᠷᠤᠯᠳᠤᠬᠤ ᠳᠤ ᠪᠢ ᠪᠠᠰᠠᠯᠠ ᠰᠠᠨᠳᠤᠷᠴᠤ ᠪᠠᠴᠢᠮᠳᠠᠬᠤ ᠪᠠᠶᠢᠳᠠᠯ ᠠᠴᠠ ᠪᠠᠨ ᠭᠠᠷᠴᠤ ᠴᠢᠳᠠᠭ᠎ᠠ ᠦᠭᠡᠢ᠂ ᠡᠩ ᠤᠨ ᠴᠠᠭ ᠲᠤ ᠶᠡᠷᠦ ᠠᠴᠠ ᠡᠶᠢᠮᠦ ᠪᠢᠰᠢ ᠪᠠᠶᠢᠭᠰᠠᠨ᠂ ᠤᠯᠢᠮᠫᠢᠺ ᠤᠨ ᠡᠶᠢᠮᠦᠷᠭᠦ ᠳᠤᠮᠤ ᠳᠠᠪᠴᠠᠩ ᠳᠤ  ᠪᠠᠷᠢᠯᠳᠤᠵᠤ  ᠦᠡᠭᠭᠡᠷᠡᠭᠰᠡᠨ  ᠮᠢᠨᠢ  ᠮᠢᠨᠦ  ᠬᠤᠵᠢᠮ ᠤᠨ ᠮᠡᠷᠭᠡᠵᠢᠯ ᠤᠨ ᠭᠠᠷᠤᠭᠠᠨ ᠳᠤ ᠮᠠᠰᠢ ᠴᠢᠬᠤᠯᠠ ᠳᠤᠷᠰᠢᠯᠭ᠎ᠠ ᠰᠤᠷᠭᠠᠮᠵᠢ ᠪᠤᠯᠬᠤ ᠨᠢ ᠳᠠᠮᠵᠢᠭ ᠦᠭᠡᠢ ᠶᠤᠮ︾ ᠭᠡᠵᠦ ᠪᠠᠶᠢᠯ ᠎ᠠ᠃        ᠰᠠᠶᠢᠨᠵᠢᠷᠭᠠᠯ ᠪᠤᠯ ᠦᠪᠦᠷ ᠮᠤᠩᠭᠤᠯ ᠤᠨ ᠰᠢᠯᠢ ᠶᠢᠨ ᠭᠤᠤᠯ ᠠᠶᠢᠮᠠᠭ ᠤᠨ ᠰᠢᠯᠤᠭᠤᠨ  ᠬᠦᠭᠡ  ᠬᠤᠰᠢᠭᠤ  ᠨᠤᠲᠤᠭ ᠲᠠᠢ᠂ ᠲᠤᠮᠳᠠᠳᠦ ᠤᠯᠤᠰ ᠤᠨ ᠵᠢᠤᠳᠤᠤ ᠪᠦᠭᠡ ᠶᠢᠨ ᠠᠩᠭᠢ ᠶᠢᠨ 73 ᠺᠢᠯᠦᠭᠷᠠᠮ  ᠲᠡᠰ ᠤᠨ  ᠲᠠᠮᠢᠷᠴᠢᠨ  ᠪᠤᠯᠤᠨ᠎ᠠ᠃  ᠭᠡᠳᠦ᠋ᠢᠪᠡᠷ  ᠲᠤᠰ ᠤᠷᠤᠯᠳᠤᠭᠠᠨ ᠳᠤ  8  ᠬᠦᠴᠦᠷᠭᠡᠭ ᠲᠤ  ᠤᠷᠤᠵᠦ  ᠴᠢᠳᠠᠭ᠎ᠠ  ᠦᠭᠡᠢ  ᠪᠤᠯᠪᠠᠴᠤ  ᠤᠯᠢᠮᠫᠢᠺ ᠤᠨ   ᠦᠨᠳᠦᠷ   ᠳᠦᠪᠰᠢᠨ ᠳᠤ ᠦᠷᠢᠰᠦᠯᠳᠦᠵᠤ ᠶᠠᠪᠤᠭᠰᠠᠨ ᠦᠨᠠᠳᠦ ᠳᠤᠷᠰᠢᠯᠭ᠎ᠠ ᠨᠢ ᠳᠡᠭᠦᠨ ᠤ ᠢᠷᠡᠭᠡᠳᠦᠢ ᠳᠤ ᠭᠡᠷᠡᠯᠳᠦ ᠴᠠᠮᠬᠠᠭ  ᠪᠤᠯᠵᠤ᠂  ᠢᠷᠡᠭᠡᠳᠦᠢ ᠨᠢ  ᠨᠡᠩ ᠰᠠᠷᠠᠭᠤᠯᠬᠠᠨ ᠪᠤᠯᠬᠤ ᠨᠢ ᠯᠠᠪᠳᠠᠢ ᠪᠠᠶᠢᠬ᠎ᠠ᠃
 
ᠢᠷᠡᠯᠲᠡ᠄ ᠦᠪᠦᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号