| ᠨᠠ᠊· ᠭᠠᠷᠤᠳᠢᠨᠤᠷᠪᠤ | ᠠᠮᠤᠷ ᠤᠤ︖ ᠰᠠᠶᠢᠨ ᠤᠤ︖ ᠠᠨᠲᠠ ᠮᠢᠨᠢ︕ | ᠠᠳᠬᠤᠭᠰᠠᠨ ᠭᠠᠷ ᠤᠨ ᠴᠢᠩᠭ᠎ᠠ ᠨᠢ | ᠠᠵᠠ ᠶᠢᠨ ᠲᠡᠭᠷᠢ ᠶᠢ ᠬᠠᠮᠲᠤᠷᠠᠭᠤᠯᠤᠭᠰᠠᠨ | ᠠᠨᠲᠠ ᠶᠢᠨ ᠵᠢᠷᠤᠮ ᠢᠶᠠᠷ ᠠᠭᠤᠯᠵᠠᠯ᠎ᠠ︕ | ᠠᠷᠢᠭᠤᠨ ᠴᠠᠭᠠᠨ ᠰᠦ ᠪᠠᠷ ᠡᠵᠢ ᠨᠢᠬᠡᠲᠡᠢ ᠪᠤᠯᠤᠭᠰᠠᠨ | ᠠᠮᠢᠯᠠᠯ ᠤᠨ ᠤᠯᠠᠭᠠᠨ ᠴᠢᠰᠤ ᠪᠠᠷ ᠠᠪᠦ ᠨᠢᠬᠡ ᠪᠤᠯᠵᠤ | ᠠᠯᠲᠠᠨ ᠭᠤᠯᠤᠮᠲᠠ ᠳᠠᠭᠠᠨ ᠮᠦᠷᠬᠦᠬᠡᠳ | ᠠᠮᠠᠯᠠᠵᠤ ᠠᠨᠲᠠᠭᠠᠶᠢᠯᠠᠭᠰᠠᠨ ᠲᠠᠩᠭᠠᠷᠢᠭ ᠢᠶᠠᠷ | ᠠᠬ᠎ᠠ ᠲᠡᠬᠦᠤ ᠪᠤᠯᠤᠭᠰᠠᠨ ᠲᠠᠨᠠᠷ ᠮᠢᠨᠢ | ᠠᠰ ᠤᠨ ᠪᠡᠶ᠎ᠡ ᠴᠢᠨᠢ ᠮᠡᠨᠲᠤ ᠤᠤ︖ | ᠠᠵᠤ ᠠᠮᠢᠲᠤᠷᠠᠯ ᠴᠢᠨᠢ ᠰᠠᠶᠢᠨ ᠤᠤ︖ | ᠁ | ᠤᠷᠲᠤᠰ ᠮᠤᠩᠭᠤᠯᠴᠤᠳ ᠤᠨ ᠠᠨᠲᠠᠯᠠᠬᠤ ᠶᠤᠰᠤᠨ ᠲᠡᠭᠡᠷ᠎ᠠ ᠵᠠᠭᠤᠨ ᠤ ᠲᠠᠪᠢᠭᠠᠳ ᠤᠨ ᠠᠴᠠ | ᠬᠡᠬᠡᠭᠳᠡᠨ ᠠᠷᠢᠯᠵᠦ᠂ ︽ᠠᠨᠲᠠ ︾ ᠶᠢᠨ ᠤᠬᠠᠭᠲᠠᠬᠤᠨ ᠶᠠᠪᠤᠬᠤ ᠲᠤᠲᠤᠮ ᠪᠠᠯᠠᠷᠠᠵᠤ ᠡᠬᠢᠯᠡᠭᠰᠡᠨ ᠨᠢ ᠬᠠᠷᠠᠮᠰᠠᠯᠳᠠᠢ ᠠᠵᠢ᠃ | ︽ᠨᠠᠷᠠᠲᠤ ᠶᠢᠨ ᠵᠠᠶᠠᠭ᠎ᠠ︾ ᠠᠨᠲᠠ ᠶᠢᠨ ᠬᠤᠯᠪᠤᠭ᠎ᠠ ᠪᠠᠶᠢᠭᠤᠯᠤᠬᠳᠠᠭᠰᠠᠨ | ︽ᠠᠨᠲᠠ︾ ᠬᠡᠲᠡᠭ ᠤᠬᠠᠭᠲᠠᠬᠤᠨ ᠬᠦᠨᠲᠦ ᠪᠠᠨ ᠠᠯᠲᠠᠵᠤ᠂ ᠬᠡᠮ ᠦᠭᠡᠢ ᠬᠡᠷᠡᠭᠯᠡᠭᠲᠡᠬᠡᠳ ᠬᠠᠭᠠᠰ | ᠵᠠᠭᠤᠨ ᠵᠢᠯ ᠪᠤᠯᠤᠭᠰᠠᠨ ᠤ ᠲᠠᠷᠠᠭ᠎ᠠ ︽ᠨᠠᠷᠠᠲᠤ ᠶᠢᠨ ᠵᠠᠶᠠᠭ᠎ᠠ︾ ᠠᠨᠲᠠ ᠶᠢᠨ ᠬᠤᠯᠪᠤᠭᠠᠨ ᠤ ᠠᠬᠠᠯᠠᠭᠴᠢ | ᠬᠦᠭᠵᠢᠯᠴᠡᠴᠡᠭ ᠬᠡᠲᠡᠭ ᠪᠦᠰᠡᠬᠦᠢ ᠬᠦᠭᠡᠭᠴᠢᠨ ᠬᠤᠨᠢᠨ ᠵᠢᠯ ᠤᠨ ᠴᠠᠭᠠᠨ ᠰᠠᠷ᠎ᠠ ᠶᠢᠨ ᠠᠷᠪᠠᠨ ᠲᠠᠪᠤᠨ ︵2015.3. | 5︶ ᠳᠤ ᠭᠡᠷ ᠲᠤ ᠮᠢᠨᠢ ᠢᠷᠡᠵᠤ᠂ ᠠᠨᠲᠠ ᠪᠠᠷᠢᠯᠲᠤᠬᠤ ᠵᠠᠩ ᠦᠢᠯᠡ ᠶᠢᠨ ᠲᠤᠬᠠᠢ ᠠᠰᠠᠭᠤᠨ ᠰᠤᠷᠪᠤᠯᠵᠢᠯᠠᠨ᠂ | ᠠᠨᠲᠠ ᠶᠢᠨ ᠬᠤᠯᠪᠤᠭ᠎ᠠ ᠪᠠᠶᠢᠭᠤᠯᠬᠤ ᠲᠤᠬᠠᠢ ᠵᠦᠪᠲᠡᠯᠴᠡᠭᠡᠳ᠂ ᠨᠠᠮ ᠠ ᠶᠢ ᠠᠨᠲᠠ ᠶᠢᠨ ᠪᠠᠭᠰᠢ ᠪᠠᠷ ᠤᠷᠢᠬᠤ | ᠰᠠᠨᠠᠭ᠎ᠠ ᠪᠠᠨ ᠢᠯᠡᠳᠭᠡᠭᠰᠡᠨ ᠶᠤᠮ᠃ ᠤᠷᠲᠤᠰ ᠮᠤᠩᠭᠤᠯᠴᠤᠳ ᠤᠨ ᠡᠷᠬᠢᠮ ᠨᠠᠨᠳᠢᠨ ᠠᠨᠲᠠ ᠶᠢᠨ ᠰᠤᠶᠤᠯ ᠢ ᠠᠪᠤᠷᠠᠨ | ᠤᠯᠠᠮᠵᠢᠯᠠᠬᠤ ᠳᠤ ᠨᠢᠬᠡᠨ ᠮᠦᠷᠦᠨ ᠤ ᠬᠦᠴᠦ ᠪᠠᠨ ᠡᠷᠬᠦᠬᠦ ᠶᠢ ᠰᠠᠨᠠᠵᠦ᠂ ᠡᠨᠡᠬᠦ ︽ᠠᠨᠲᠠ ᠶᠢᠨ ᠪᠠᠭᠰᠢ︾ ᠶᠢᠨ | ᠬᠠᠲᠠᠭᠤ ᠴᠢᠩᠭ᠎ᠠ ᠡᠬᠦᠷᠭᠡ ᠶᠢ ᠬᠦᠯᠢᠶᠡᠨ ᠠᠪᠤᠬᠰᠠᠨ ᠪᠢᠯᠡ᠃ | ᠬᠦᠬᠡᠭᠴᠢᠨ ᠬᠤᠨᠢᠨ ᠵᠢᠯ ᠤᠨ ᠴᠠᠭᠠᠨ ᠰᠠᠷ᠎ᠠ ᠶᠢᠨ ᠠᠷᠪᠠᠨ ᠵᠢᠷᠭᠤᠭᠠᠨ ︵2015.3.6︶ ᠤ ᠡᠲᠦᠷ | ︽ᠨᠠᠷᠠᠲᠤ ᠶᠢᠨ ᠵᠠᠶᠠᠭ᠎ᠠ︾ ᠠᠨᠲᠠ ᠶᠢᠨ ᠬᠤᠯᠪᠤᠭ᠎ᠠ ᠬᠡᠲᠡᠭ ᠰᠢᠨ᠎ᠡ ᠡᠷᠡᠨ ᠤ ᠦᠨᠦᠷ ᠠᠮᠲᠠ ᠲᠠᠢ ︽ᠠᠨᠲᠠ ᠶᠢᠨ | ᠵᠢᠷᠤᠮ ᠤᠨ ᠬᠤᠯᠪᠤᠭ᠎ᠠ︾ ᠪᠠᠶᠢᠭᠤᠯᠤᠭᠲᠠᠭᠰᠠᠨ ᠢ ᠤᠲᠤᠭ ᠬᠤᠰᠢᠭᠤᠨ ᠤ ᠤᠯᠠᠭᠠᠨ ᠪᠠᠯᠭᠠᠰᠤᠨ ᠳᠤ ᠲᠤᠩᠬᠠᠭᠯᠠᠯᠠ᠃ ᠡᠶᠢᠨ | ᠬᠦ ᠤᠷᠲᠤᠰ ᠮᠤᠩᠭᠤᠯᠴᠤᠳ ᠤᠨ ᠠᠨᠲᠠᠯᠠᠬᠤ ᠶᠤᠰᠤᠨ ᠤ ᠰᠤᠶᠤᠯ ᠳᠤ ᠰᠢᠨ᠎ᠡ ᠴᠠᠭ ᠦᠶ᠎ᠡ ᠶᠢᠨ ᠬᠡᠪ ᠨᠠᠮᠪᠠ ᠨᠡᠮᠡᠷᠢᠯᠡᠭᠰᠡᠨ | ᠠᠨᠲᠠ ᠶᠢᠨ ᠰᠢᠨ᠎ᠡ ᠰᠤᠶᠤᠯ ᠦᠷᠦᠬᠡ ᠪᠠᠨ ᠰᠡᠬᠦᠵᠤ ᠡᠬᠦᠲᠡ ᠪᠠᠨ ᠨᠡᠬᠡᠬᠡᠭᠰᠡᠨ ᠶᠤᠮ᠃ ᠡᠨᠡ ᠬᠦ ︽ᠨᠡᠷᠡᠲᠤ ᠶᠢᠨ ᠵᠠᠶᠠᠭ᠎ᠠ︾ | ᠠᠨᠲᠠ ᠶᠢᠨ ᠬᠤᠯᠪᠤᠭ᠎ᠠ ᠨᠢ ᠬᠤᠶᠠᠷ ᠤᠲᠤᠭ ᠪᠤᠯᠤᠨ ᠬᠠᠩᠬᠢᠨ᠂ ᠦᠤᠰᠢᠨ ᠬᠤᠰᠢᠭᠤ ᠵᠡᠷᠭᠡ ᠭᠠᠵᠠᠷ ᠤᠨ ᠠᠷᠪᠠᠨ | ᠬᠦᠮᠦᠨ ᠢᠶᠠᠷ ᠪᠦᠷᠢᠯᠲᠦᠭᠰᠠᠨ ᠶᠤᠮ᠃ ᠬᠤᠯᠪᠤᠭᠠᠨ ᠤ ᠠᠬᠠᠯᠠᠭᠴᠢ ᠬᠦᠭᠵᠢᠯᠴᠡᠴᠡᠭ ᠬᠡᠭᠴᠢ ᠬᠠᠩᠬᠢᠨ ᠬᠤᠰᠢᠭᠤᠨ ᠤ | ᠬᠦᠲᠡᠭᠡ ᠶᠢᠨ ᠨᠢᠬᠡᠨ ᠰᠤᠶᠤᠯᠵᠢᠬᠰᠡᠨ ᠮᠠᠯᠴᠢᠨ᠃ ᠡᠳᠡᠭᠡᠷ ᠬᠦᠮᠦᠰ ︽ᠠᠷᠪᠠᠨ ᠠᠨᠲᠠ ᠨᠢᠬᠡ ᠪᠠᠭᠰᠢ ᠲᠠᠢ︾ ᠰᠢᠨ᠎ᠡ | ᠴᠠᠭ ᠦᠶ᠎ᠡ ᠶᠢᠨ ᠰᠢᠨᠠᠷᠭᠡᠤ ᠮᠠᠶ᠋ᠢᠭ ᠤᠨ ᠤᠨᠴᠠᠭᠠᠢ ᠨᠢᠬᠡᠨ ᠠᠨᠲᠠ ᠶᠢᠨ ᠰᠤᠶᠤᠯ ᠢ ᠢᠩᠬᠢᠵᠦ ᠪᠤᠢ ᠪᠤᠯᠭᠠᠬᠰᠠᠨ ᠪᠢᠯᠡ᠃ | ᠡᠶᠢᠨᠬᠦ ᠪᠢ ︽ᠨᠠᠷᠠᠲᠤ ᠶᠢᠨ ᠵᠠᠶᠠᠭ᠎ᠠ︾ ᠠᠨᠲᠠ ᠠᠬ᠎ᠠ ᠲᠡᠬᠦᠤ ᠨᠡᠷ ᠲᠤ ᠮᠤᠩᠭᠤᠯᠴᠤᠳ ᠤᠨ ᠠᠨᠲᠠᠯᠠᠬᠤ ᠶᠤᠰᠤᠨ ᠢ | ᠶᠠᠷᠢᠵᠤ ᠰᠠᠭᠤᠬᠤ ᠪᠤᠯᠤᠬᠰᠠᠨ ᠶᠤᠮ᠃ | ᠮᠤᠩᠭᠤᠯᠴᠤᠳ ᠤᠨ ︽ᠠᠨᠲᠠᠯᠠᠬᠤ ᠶᠤᠰᠤᠨ︾ | ︽ᠮᠤᠩᠭᠤᠯ ᠤᠨ ᠨᠢᠭᠤᠴᠠ ᠲᠤᠪᠴᠢᠶᠠᠨ︾ ᠤ 116 — 117 ᠳ᠋ᠤᠭᠠᠷ ᠵᠦᠢᠯ ᠤᠨ | ᠲᠡᠮᠲᠡᠭᠯᠡᠯ ᠳᠤ᠄ ᠲᠡᠮᠦᠵᠢᠨ ᠵᠠᠮᠤᠬ᠎ᠠ ᠬᠤᠶᠠᠷ ᠬᠤᠷᠬᠤᠨᠠᠭ ᠵᠦᠪᠦᠷ ᠲᠤ ᠨᠡᠶᠢᠯᠡᠨ ᠪᠠᠭᠤᠵᠤ᠂ ᠡᠷᠲᠡᠨ ᠤ ᠠᠨᠲᠠ | ᠪᠤᠯᠤᠯᠴᠠᠭᠰᠠᠨ ᠢᠶᠠᠨ ᠲᠤᠷᠠᠲᠤᠯᠴᠠᠨ᠂ ᠠᠨᠲᠠ ᠰᠡᠷᠬᠦᠬᠡᠵᠤ ᠠᠮᠠᠷᠠᠯᠲᠤᠶᠠ ᠬᠡᠪᠡ᠃ | ᠠᠩᠬ᠎ᠠ ᠤᠷᠢᠲᠤ ᠠᠨᠲᠠ ᠪᠤᠯᠤᠯᠴᠠᠬᠤ ᠳᠤ᠂ ᠲᠡᠮᠤᠵᠢᠨ ᠠᠷᠪᠠᠨ ᠨᠢᠬᠡᠨ ᠨᠠᠰᠤᠲᠠᠢ ᠪᠠᠶᠢᠪᠠ᠃ ᠵᠠᠮᠤᠬ᠎ᠠ | ᠡᠷ᠎ᠡ ᠵᠦᠷ ᠤᠨ ᠱᠠᠭ᠎ᠠ ᠶᠢ ᠲᠡᠮᠦᠵᠢᠨ ᠳᠤ ᠦᠭᠪᠡ᠃ ᠲᠡᠮᠦᠵᠢᠨ ᠭᠠᠤᠯᠢ ᠴᠢᠳᠬᠤᠭᠰᠠᠨ ᠱᠠᠭ᠎ᠠ ᠶᠢ ᠬᠠᠷᠢᠭᠤ ᠦᠭᠴᠤ | ᠠᠨᠲᠠ ᠪᠤᠯᠤᠯᠴᠠᠪᠠ᠃ ᠤᠨᠤᠨ ᠮᠦᠷᠡᠨ ᠤ ᠮᠦᠰᠦᠨ ᠲᠡᠭᠡᠷ᠎ᠡ ᠱᠠᠭ᠎ᠠ ᠨᠠᠭᠠᠳᠬᠤ ᠳᠤ ᠠᠨᠲᠠ ᠭᠡᠪᠡ᠃ ᠲᠡᠬᠦᠨ ᠤ ᠬᠤᠶᠢᠲᠤ | ᠬᠠᠪᠤᠷ ᠠᠯᠠᠩᠬᠢᠷ ᠨᠤᠮᠤ ᠬᠠᠷᠪᠤᠯᠴᠠᠨ ᠪᠠᠶᠢᠬᠤ ᠳᠤ ᠵᠠᠮᠤᠬ᠎ᠠ ᠪᠢᠷᠠᠭᠤ ᠶᠢᠨ ᠬᠤᠶᠠᠷ ᠡᠪᠡᠷ ᠢ ᠨᠠᠭᠠᠵᠤ ᠨᠦᠬᠡᠯᠡᠵᠤ ᠬᠢᠭᠰᠡᠨ | ᠲᠠᠭᠤᠲᠤ ᠰᠤᠮᠤ ᠪᠠᠨ ᠲᠡᠮᠦᠵᠢᠨ ᠳᠤ ᠦᠭᠪᠡ᠃ ᠲᠡᠮᠦᠵᠢᠨ ᠠᠷᠴᠠ ᠮᠤᠲᠤᠨ ᠭᠤᠲᠤᠯᠢ ᠪᠠᠨ ᠬᠠᠷᠢᠭᠤ ᠦᠭᠴᠤ ᠲᠡᠬᠢᠨ | ᠠᠨᠲᠠ ᠪᠤᠯᠤᠯᠴᠠᠪᠠ᠃ ᠬᠤᠶᠠᠲᠠᠬᠢ ᠤᠲᠠᠭ᠎ᠠ ᠠᠨᠲᠠ ᠬᠡᠰᠡᠨ ᠤ ᠶᠤᠰᠤ ᠲᠡᠶᠢᠮᠦ ᠪᠤᠯᠠᠢ᠃ | ᠤᠷᠲᠤᠰ ᠲᠡᠭᠡᠲᠦᠰ ᠤᠨ ᠦᠬᠡ ᠶᠢ ᠰᠤᠨᠤᠰᠪᠠᠯ᠄ ︽ᠠᠨᠲᠠ ᠬᠦᠮᠦᠨ ᠠᠮᠢᠨ ᠨᠢᠬᠡ ᠲᠠᠢ᠂ ᠦᠯᠦ | ᠲᠠᠪᠴᠢᠯᠲᠤᠨ᠂ ᠠᠮᠢᠨ ᠥᠮᠦᠭᠯᠡᠭᠴᠢ ᠪᠤᠯᠤᠶᠤ︾ ᠬᠡᠵᠤ ᠠᠮᠠᠷᠠᠯᠲᠤᠬᠤ ᠶᠤᠰᠤᠨ ᠲᠡᠶᠢᠮᠦ ᠪᠢᠯᠡ᠂ ᠡᠲᠦᠬᠡ ᠪᠠᠰᠠ ᠠᠨᠲᠠ | ᠰᠡᠷᠬᠦᠬᠡᠵᠤ ᠠᠮᠠᠷᠠᠯᠲᠤᠶᠠ ᠬᠡᠪᠡ᠃ | ᠲᠡᠮᠦᠵᠢᠨ ᠮᠡᠷᠭᠡᠳ ᠤᠨ ᠲᠤᠭᠲᠤᠭ᠎ᠠ ᠠᠴᠠ ᠤᠯᠵᠠᠯᠠᠵᠤ ᠠᠪᠤᠭᠰᠠᠨ ᠠᠯᠲᠠᠨ ᠪᠦᠰᠡ ᠶᠢ | ᠵᠠᠮᠤᠬ᠎ᠠ ᠠᠨᠲᠠ ᠳᠤ ᠪᠦᠰᠡᠯᠡᠬᠦᠯᠪᠡ᠃ ᠲᠤᠭᠲᠤᠭ᠎ᠠ ᠶᠢᠨ ᠡᠰᠬᠡᠯ ᠬᠠᠯᠢᠭᠤ ᠶᠢ ᠵᠠᠮᠤᠬ᠎ᠠ ᠠᠨᠲᠠ ᠳᠤ ᠤᠨᠤᠭᠤᠯᠪᠠ᠃ | ᠵᠠᠮᠤᠬ᠎ᠠ᠂ ᠤᠸᠠᠰ ᠮᠡᠷᠭᠡᠳ ᠤᠨ ᠲᠠᠶᠢᠷ ᠤᠰᠤᠨ ᠠᠴᠠ ᠤᠯᠵᠠᠯᠠᠵᠤ ᠠᠪᠤᠭᠰᠠᠨ ᠠᠯᠲᠠᠨ ᠪᠦᠰᠡ ᠶᠢ | ᠲᠡᠮᠤᠵᠢᠨ ᠳᠤ ᠪᠦᠰᠡᠯᠡᠬᠦᠯᠪᠡ᠃ ᠪᠠᠰᠠ ᠲᠠᠶᠢᠷ ᠤᠰᠤᠨ ᠤ ᠡᠪᠡᠷ ᠲᠤ ᠦᠨᠦᠬᠦᠨ ᠴᠠᠭᠠᠨ ᠢ ᠲᠡᠮᠤᠵᠢᠨ ᠳᠤ ᠤᠨᠤᠭᠤᠯᠪᠠ᠃ | ᠬᠤᠷᠬᠤᠨᠠᠭ ᠵᠤᠪᠤᠷ ᠤᠨ | ᠬᠤᠲᠠᠯᠠᠭᠠᠷ ᠬᠠᠲᠠᠨ ᠤ ᠦᠪᠦᠷ ᠲᠤ | ᠰᠠᠭᠯᠠᠭᠠᠷ ᠮᠤᠲᠤᠨ ᠳᠤ | ᠠᠨᠲᠠ ᠬᠡᠮᠡᠯᠲᠤᠨ ᠠᠮᠠᠷᠠᠯᠲᠤᠵᠤ | ᠬᠤᠷᠢᠮᠯᠠᠨ ᠲᠦᠢᠯᠡᠨ ᠵᠢᠷᠭᠠᠯᠲᠤᠪᠠ᠃ | ᠰᠦᠨᠢ ᠭᠠᠭᠴᠠ ᠬᠦᠨᠵᠢᠯᠡᠨ ᠳᠤ ᠬᠤᠨᠤᠬᠤ ᠪᠢᠯᠡ ᠬᠡᠵᠡᠢ᠃ ᠡᠨᠡ ᠪᠤᠯ ︽ᠮᠤᠩᠭᠤᠯ ᠤᠨ ᠨᠢᠭᠤᠴᠠ | ᠲᠤᠪᠴᠢᠶᠠᠨ︾ ᠳᠤ᠂ ᠲᠡᠮᠦᠵᠢᠨ᠂ ᠵᠠᠮᠤᠬ᠎ᠠ ᠬᠤᠶᠠᠭᠤᠯᠠ ᠤᠷᠢᠳ ᠬᠤᠵᠢᠳ ᠭᠤᠷᠪᠠ ᠤᠲᠠᠭ᠎ᠠ ᠲᠠᠩᠭᠠᠷᠢᠬᠯᠠᠵᠤ᠂ ᠠᠨᠲᠠ | ᠪᠠᠷᠢᠯᠲᠤᠭᠰᠠᠨ ᠲᠤᠬᠠᠢ ᠨᠠᠷᠢᠨ ᠲᠡᠮᠲᠡᠭᠯᠡᠯ ᠪᠤᠯᠤᠨ᠎ᠠ᠃ ᠲᠤᠰ ᠲᠡᠮᠲᠡᠭᠯᠡᠯ ᠳᠤ᠂ ︽ᠤᠷᠲᠤᠰ ᠲᠡᠭᠡᠲᠦᠰ ᠤᠨ ᠦᠬᠡ ᠶᠢ | ᠰᠤᠨᠤᠰᠪᠠᠯ᠄ ︿ ᠠᠨᠲᠠ ᠬᠦᠮᠦᠨ ᠠᠮᠢᠨ ᠨᠢᠬᠡ ᠲᠠᠢ᠂ ᠦᠯᠦ ᠲᠠᠪᠴᠢᠯᠲᠤᠨ᠂ ᠠᠮᠢᠨ ᠦᠮᠦᠭᠯᠡᠭᠴᠢ ᠪᠤᠯᠤᠶᠤ︾ ᠬᠡᠵᠤ | ᠪᠠᠶᠢᠬᠤ ᠠᠴᠠ ᠦᠵᠡᠪᠡᠯ ᠮᠤᠩᠭᠤᠯᠴᠤᠳ ᠤᠨ ᠠᠨᠲᠠᠯᠠᠬᠤ ᠶᠤᠰᠤᠨ ᠨᠢ ᠠᠷᠪᠠᠨ ᠭᠤᠷᠪᠠᠲᠤᠭᠠᠷ ᠵᠠᠭᠤᠨ ᠠᠴᠠ ᠶᠡᠭᠡ ᠡᠮᠦᠨ᠎ᠡ | ᠪᠠᠶᠢᠭᠰᠠᠨ ᠬᠡᠰᠡᠨ ᠢ ᠦᠵᠡᠵᠤ ᠭᠠᠷᠬᠤ ᠶᠤᠮ᠃ ᠮᠦᠨᠴᠤ ︽ᠦᠯᠦ ᠲᠠᠪᠴᠢᠯᠲᠤᠨ᠂ ᠠᠮᠢᠨ ᠦᠮᠦᠭᠯᠡᠭᠴᠢ ᠪᠤᠯᠤᠶᠤ︾ | ᠬᠡᠲᠡᠭ ᠨᠢ ᠬᠠᠷᠢᠯᠴᠠᠨ ᠲᠡᠮᠡᠴᠡᠯᠲᠤᠨ ᠲᠠᠩᠭᠠᠷᠢᠭ ᠠᠴᠠ ᠪᠠᠨ ᠲᠠᠷᠰᠯᠡᠪᠡᠯ ᠠᠮᠢ ᠪᠠᠷ ᠢᠶᠠᠨ ᠠᠨᠲᠠ ᠶᠢᠨ ᠲᠠᠩᠭᠠᠷᠢᠭ ᠢᠶᠠᠨ | ᠬᠦᠢᠴᠡᠳᠬᠡᠨ᠎ᠡ ᠬᠡᠰᠡᠨ ᠰᠠᠨᠠᠭ᠎ᠠ ᠮᠦᠨ᠃ | ︽ᠨᠢᠭᠤᠴᠠ ᠲᠤᠪᠴᠢᠶᠠᠨ︾ ᠤ 200 ᠳ᠋ᠤᠭᠠᠷ ᠵᠦᠢᠯ ᠳᠤ᠄ ︽ᠨᠠᠢᠮᠠᠨ ᠮᠡᠷᠭᠡᠳ ᠢ ᠮᠦᠬᠦᠬᠡᠵᠤ᠂ | ᠨᠠᠢᠮᠠᠨ ᠯᠤᠭ᠎ᠠ ᠬᠠᠮᠲᠤ ᠪᠠᠶᠢᠭᠰᠠᠨ ᠵᠠᠮᠤᠬ᠎ᠠ ᠤᠯᠤᠰ ᠢᠶᠠᠨ ᠠᠯᠲᠠᠵᠤ ᠲᠠᠪᠤᠨ ᠨᠦᠬᠦᠳ ᠲᠠᠢ ᠪᠠᠨ ᠲᠤᠨᠤᠭᠠᠴᠢ ᠪᠤᠯᠵᠤ | ᠲᠠᠩᠨᠤ ᠠᠭᠤᠯᠠᠨ ᠳᠤ ᠤᠭᠠᠯᠵᠠ ᠠᠯᠠᠵᠤ ᠰᠢᠷᠠᠵᠤ ᠢᠲᠡᠬᠦ ᠵᠠᠪᠰᠠᠷ᠎ᠠ ᠲᠠᠪᠤᠨ ᠨᠦᠬᠦᠳ ᠨᠢ ᠵᠠᠮᠤᠬ᠎ᠠ ᠶᠢ ᠪᠠᠷᠢᠵᠤ ᠴᠢᠩᠬᠢᠰ | ᠬᠠᠭᠠᠨ ᠳᠤ ᠬᠦᠷᠭᠡᠵᠤ ᠢᠷᠡᠪᠡ︾᠃ ᠢᠩᠬᠢᠬᠡᠳ ᠴᠢᠩᠬᠢᠰ ᠬᠠᠭᠠᠨ ︽ᠲᠤᠰ ᠬᠠᠨ ᠳᠠᠭᠠᠨ ᠭᠠᠷ ᠬᠦᠷᠦᠭᠰᠡᠨ ᠬᠦᠮᠦᠨ ᠢ | ᠬᠡᠷᠬᠢᠨ ᠠᠬᠤᠭᠤᠯᠵᠤ ᠪᠤᠯᠬᠤ ᠪᠤᠢ︖ ᠲᠡᠶᠢᠮᠦ ᠬᠦᠮᠦᠨ ᠲᠠᠢ ᠬᠡᠷᠬᠢᠨ ᠨᠦᠬᠦᠷᠯᠡᠬᠦ ᠪᠤᠢ︖ ᠬᠠᠨ ᠳᠠᠭᠠᠨ ᠭᠠᠷ | ᠬᠦᠷᠦᠭᠰᠡᠨ ᠠᠷᠠᠳ ᠢ ᠤᠷᠤᠭ ᠲᠦᠷᠦᠯ ᠢ ᠨᠢ ᠬᠦᠷᠲᠡᠯ᠎ᠡ ᠴᠠᠪᠴᠢᠨ ᠠᠯᠠᠭᠲᠤᠨ︾ ᠬᠡᠵᠤ ᠵᠠᠷᠯᠢᠭ ᠪᠤᠯᠵᠤ᠂ ᠵᠠᠮᠤᠬ᠎ᠠ ᠶᠢᠨ | ᠨᠢᠲᠤᠨ ᠡᠮᠦᠨ᠎ᠡ ᠲᠡᠬᠦᠨ ᠳᠤ ᠭᠠᠷ ᠬᠦᠷᠦᠭᠰᠡᠨ ᠠᠷᠠᠳ ᠢ ᠠᠯᠠᠪᠠ᠃ ᠪᠠᠰᠠ ᠴᠢᠩᠬᠢᠰ ᠬᠠᠭᠠᠨ ᠵᠠᠮᠤᠬ᠎ᠠ ᠲᠠᠢ ᠲᠠᠬᠢᠨ | ᠨᠦᠬᠦᠷᠯᠡᠶᠡ ᠬᠡᠬᠦ ᠳᠤ ᠵᠠᠮᠤᠬ᠎ᠠ᠄ ︽ᠨᠦᠬᠦᠷᠯᠡᠬᠦ ᠴᠠᠭ ᠲᠤ ᠪᠢ ᠨᠦᠬᠦᠷᠯᠡᠭᠰᠡᠨ ᠦᠭᠡᠢ ᠪᠢᠯᠡ᠃ ᠡᠲᠦᠬᠡ ᠠᠨᠲᠠ ᠮᠢᠨᠢ | ᠦᠷᠦᠰᠢᠶᠡᠪᠡᠯ ᠨᠠᠮᠠᠢᠢ ᠦᠬᠦᠬᠦᠯᠵᠤ ᠦᠪᠡᠷ ᠤᠨ ᠰᠡᠳᠬᠢᠯ ᠢᠶᠠᠨ ᠠᠮᠤᠷᠵᠢᠭᠤᠯᠳᠤᠭᠠᠢ᠃ ᠠᠨᠲᠠ ᠲᠠ ᠰᠤᠶᠤᠷᠬᠠᠵᠤ | ᠠᠯᠠᠬᠤ ᠳᠤ ᠬᠦᠷᠪᠡᠯ ᠴᠢᠰᠤ ᠭᠠᠷᠭᠠᠯ ᠦᠭᠡᠢ ᠦᠬᠦᠬᠦᠯᠬᠦ ᠪᠤᠯᠪᠠᠤ︖︾ ᠬᠡᠵᠤ ᠠᠨᠲᠠ ᠶᠢᠨ ᠲᠠᠩᠭᠠᠷᠢᠭ ᠢᠶᠠᠨ | ᠬᠦᠢᠴᠡᠳᠬᠡᠭᠰᠡᠨ ᠪᠠᠶᠢᠨ᠎ᠠ᠃ ᠡᠨᠡ ᠬᠦ ᠲᠡᠮᠲᠡᠭᠯᠡᠯ ᠨᠢ ᠮᠤᠩᠭᠤᠯᠴᠤᠳ ᠤᠨ ᠠᠨᠲᠠ ᠶᠢᠨ ᠶᠤᠰᠤᠨ ᠤ ᠲᠠᠩᠭᠠᠷᠢᠭ ᠨᠢ ᠬᠠᠲᠠᠭᠤ | ᠴᠢᠩᠭ᠎ᠠ ᠵᠢᠷᠤᠮ ᠶᠤᠰᠤ ᠶᠢᠨ ᠬᠡᠷᠡᠴᠢ ᠪᠤᠯᠵᠤ ᠦᠯᠡᠲᠡᠵᠡᠢ᠃ | ᠤᠷᠲᠤᠰ ᠮᠤᠩᠭᠤᠯ ᠤᠨ ᠠᠨᠲᠠᠯᠠᠬᠤ ᠶᠤᠰᠤᠨ | ᠨᠢᠬᠡ᠂ ᠠᠨᠲᠠ ᠬᠡᠲᠡᠭ ᠦᠬᠡ ᠶᠢᠨ ᠤᠬᠠᠭᠲᠠᠬᠤᠨ | ᠠᠨᠲᠠ ᠬᠡᠲᠡᠭ ᠦᠬᠡ ᠪᠤᠯ ︽ᠠᠨᠲᠠᠭᠠᠢ᠂ ᠠᠨᠲᠠᠭᠠᠶᠢᠯᠠᠬᠤ︾ ᠬᠡᠲᠡᠭ ᠦᠬᠡ ᠶᠢᠨ ᠢᠵᠠᠭᠤᠷ ᠪᠤᠯᠤᠨ᠎ᠠ᠃ | ᠦᠬᠡᠷ᠎ᠡ ᠪᠠᠷ ᠬᠡᠯᠡᠪᠡᠯ᠂ ᠲᠠᠩᠭᠠᠷᠢᠬᠯᠠᠬᠤ ᠬᠡᠰᠡᠨ ᠰᠠᠨᠠᠭ᠎ᠠ ᠲᠠᠢ ᠦᠬᠡ ᠮᠦᠨ᠃ ᠡᠶᠢᠮᠦ ᠠᠴᠠ ︽ᠠᠨᠲᠠ ᠠᠬ᠎ᠠ ᠲᠠᠬᠦᠤ︾ | ᠬᠡᠲᠡᠭ ᠨᠢ ᠲᠡᠭᠷᠢ ᠳᠤ ᠮᠦᠷᠬᠦᠵᠤ ᠲᠡᠩᠭᠠᠷᠢᠬᠯᠠᠭᠰᠠᠨ ᠠᠬ᠎ᠠ ᠲᠡᠬᠦᠤ ᠬᠡᠰᠡᠨ ᠤᠳᠬ᠎ᠠ ᠲᠠᠢ᠃ | ᠬᠤᠶᠠᠷ᠂ ᠠᠨᠲᠠ ᠠᠬ᠎ᠠ ᠲᠡᠬᠦᠤ ᠪᠠᠷᠢᠯᠲᠤᠬᠤ ᠶᠢ ᠬᠡᠷᠡᠴᠢᠯᠡᠬᠦ ᠤᠩᠭᠤᠳ ᠰᠢᠲᠦᠬᠡᠨ | ᠠᠨᠲᠠ ᠠᠬ᠎ᠠ ᠲᠡᠬᠦᠤ ᠪᠠᠷᠢᠯᠲᠤᠬᠤ ᠳᠤ᠂ ᠬᠦᠬᠡ ᠮᠦᠩᠬᠡ ᠲᠡᠭᠷᠢ᠂ ᠬᠦᠷᠦᠰᠦᠲᠤ ᠠᠯᠲᠠᠨ | ᠲᠡᠯᠡᠬᠡᠢ ᠳᠤ ᠲᠠᠭᠠᠳᠬᠠᠵᠤ ᠬᠡᠷᠡᠴᠢᠯᠡᠬᠦᠯᠤᠨ ᠲᠡᠭᠷᠢ ᠳᠤ ᠠᠮᠠᠯᠲᠤᠬᠤ᠂ ᠤᠪᠤᠭ᠎ᠠ ᠤᠷᠤᠳ᠂ ᠤᠩᠭᠤᠳ ᠪᠠᠭᠤᠮᠠᠯ | ᠰᠢᠲᠤᠭᠡᠨ ᠢᠶᠠᠷ ᠭᠡᠷᠡᠴᠢᠯᠡᠬᠦᠯᠦᠨ ᠲᠠᠩᠭᠠᠷᠢᠬᠯᠠᠨ ᠠᠮᠠᠯᠲᠤᠬᠤ᠂ ᠰᠠᠭᠯᠠᠭᠠᠷ ᠮᠤᠲᠤᠨ ᠤᠩᠭᠤᠳ ᠢᠶᠠᠷ ᠬᠡᠷᠡᠴᠢᠯᠡᠬᠦᠯᠦᠨ | ᠲᠠᠩᠭᠠᠷᠢᠬᠯᠠᠵᠤ ᠠᠮᠠᠯᠲᠤᠬᠤ ᠵᠡᠷᠭᠡ ᠭᠤᠷᠪᠠᠨ ᠵᠦᠢᠯ ᠠᠴᠠ ᠠᠯᠢ ᠨᠢᠬᠡ ᠶᠢ ᠨᠢ ᠰᠤᠩᠭᠤᠵᠤ᠂ ᠲᠡᠭᠷᠢ ᠳᠤ ᠮᠦᠷᠬᠦᠵᠤ | ᠲᠠᠩᠭᠠᠷᠢᠬᠯᠠᠨ ᠪᠠᠶᠢᠵᠦ ᠠᠬ᠎ᠠ ᠲᠠᠬᠦᠤ ᠪᠠᠷᠢᠯᠲᠤᠨ᠎ᠠ᠃ | ᠭᠤᠷᠪᠠ᠂ ᠲᠠᠩᠭᠠᠷᠢᠭ ᠤᠨ ᠦᠴᠢᠭ ᠪᠠ ᠠᠭᠤᠯᠭ᠎ᠠ | ᠴᠢᠰᠤᠨ ᠲᠠᠩᠭᠠᠷᠢᠭ | ᠴᠢᠰᠤᠨ ᠲᠠᠩᠭᠠᠷᠢᠭ ᠬᠡᠲᠡᠭ ᠨᠢ ᠲᠠᠷᠤᠢ ᠠᠨᠲᠠ ᠠᠬ᠎ᠠ ᠲᠡᠬᠦᠤ ᠪᠤᠯᠤᠯᠴᠠᠬᠤ ᠬᠦᠮᠦᠰ ᠨᠢ ᠵᠡᠬᠦᠨ | ᠭᠠᠷ ᠤᠨ ᠡᠷᠡᠬᠡᠢ ᠬᠤᠷᠤᠭᠤ ᠪᠠᠨ ᠵᠡᠬᠦᠤ ᠪᠠᠷ ᠰᠢᠪᠡᠵᠤ ᠴᠢᠰᠤ ᠭᠠᠷᠭᠠᠭᠠᠳ ᠨᠢᠬᠡ ᠠᠶᠠᠭ᠎ᠠ ᠠᠷᠢᠬᠢ ᠳᠤ ᠲᠤᠰᠬᠠᠵᠤ᠂ | ᠪᠦᠬᠦᠲᠠ ᠪᠠᠷ ᠢᠶᠠᠨ ᠬᠤᠪᠢᠶᠠᠯᠴᠠᠨ ᠤᠤᠭᠤᠭᠠᠳ᠄ ︽ᠪᠢᠲᠠ ᠡᠴᠢᠬᠡ ᠲᠡᠭᠷᠢ ᠳᠤ ᠮᠦᠷᠬᠦᠵᠤ᠂ ᠬᠦᠬᠡ ᠮᠦᠩᠬᠡ ᠲᠡᠭᠷᠢ ᠪᠠᠷ | ᠡᠴᠢᠬᠡ ᠬᠢᠵᠤ᠂ ᠬᠦᠷᠦᠰᠤᠲᠤ ᠠᠯᠲᠠᠨ ᠲᠡᠯᠡᠬᠡᠢ ᠪᠠᠷ ᠡᠬᠡ ᠪᠤᠯᠭᠠᠵᠤ᠂ ᠠᠬ᠎ᠠ ᠲᠡᠬᠦᠤ ᠪᠠᠷᠢᠯᠲᠤᠵᠤ ᠪᠠᠶᠢᠨ᠎ᠠ᠃ ᠡᠨᠡ | ᠡᠲᠦᠷ ᠤᠨ ᠡᠨᠡ ᠴᠠᠭ ᠠᠴᠠ ᠡᠬᠢᠯᠡᠨ ᠪᠢᠲᠠ ᠵᠢᠷᠭᠠᠯ ᠵᠤᠪᠠᠯ ᠢᠶᠠᠨ ᠬᠠᠮᠲᠤᠳᠬᠠᠵᠤ᠂ ᠬᠠᠷᠢᠯᠴᠠᠨ ᠨᠢᠬᠡ ᠨᠢᠬᠡᠨ ᠢᠶᠠᠨ | ᠲᠡᠮᠵᠢᠵᠤ᠂ ᠡᠯᠢᠬᠡᠴᠢᠯᠡᠨ ᠶᠠᠪᠤᠬᠤ ᠪᠠᠷ ᠲᠠᠩᠭᠠᠷᠢᠬᠯᠠᠵᠤ ᠪᠠᠶᠢᠨ᠎ᠠ᠃ ᠬᠡᠷᠪᠡ ᠬᠡᠯᠡᠭᠰᠡᠨ ᠢᠶᠠᠨ ᠵᠠᠯᠬᠢᠵᠤ᠂ ᠬᠡᠬᠡᠷᠡᠭᠰᠡᠨ ᠢᠶᠠᠨ | ᠢᠲᠡᠪᠡᠯ᠂ ᠡᠴᠢᠬᠡ ᠲᠡᠭᠷᠢ ᠨᠢᠷᠭᠡᠲᠤᠭᠡᠢ︕︾ ᠬᠡᠵᠤ ᠲᠠᠩᠭᠠᠷᠢᠬᠯᠠᠭᠠᠳ᠂ ᠲᠡᠭᠷᠢ ᠳᠤ ᠭᠤᠷᠪᠠᠨᠳᠡ ᠮᠦᠷᠬᠦᠨ᠎ᠡ᠃ ᠡᠬᠦᠨ ᠢ | ᠪᠠᠰᠠ ︽ᠰᠠᠪᠠ︾ ᠲᠠᠩᠭᠠᠷᠢᠭ ᠬᠡᠲᠡᠭ᠃ ᠡᠨᠡ ᠨᠢ ᠴᠢᠰᠤᠨ ᠤᠲᠤᠮ ᠢᠶᠠᠨ ᠨᠢᠬᠡᠳᠬᠡᠭᠰᠡᠨ ᠬᠡᠷᠡᠴᠢ ᠪᠠᠲᠤᠯᠠᠪᠤᠷᠢ ᠪᠤᠯᠲᠠᠭ᠃ | ︵ᠡᠨᠡ ᠴᠢᠰᠤ ᠶᠢ ᠬᠠᠷ᠎ᠠ ᠢᠮᠠᠭ᠎ᠠ ᠪᠤᠶᠤ ᠬᠦᠬᠡ ᠢᠮᠠᠭᠠᠨ ᠠᠮᠢᠲᠤ ᠴᠢᠰᠤ ᠪᠠᠷ ᠤᠷᠤᠯᠠᠭᠤᠯᠵᠤ ᠪᠤᠯᠲᠠᠭ ᠬᠡᠨ᠎ᠡ᠃ | ᠬᠡᠷᠪᠡ ᠢᠮᠠᠭ᠎ᠠ ᠠᠯᠠᠵᠤ ᠲᠠᠩᠭᠠᠷᠢᠬᠯᠠᠪᠠᠯ᠂ ᠢᠮᠠᠭᠠᠨ ᠤ ᠮᠢᠬ᠎ᠠ ᠪᠠᠨ ᠠᠨᠲᠠ ᠶᠢᠨ ᠨᠠᠶᠢᠷ ᠲᠤ ᠬᠡᠷᠡᠭᠯᠡᠵᠤ ᠲᠠᠶᠠᠭᠠᠷ | ᠬᠤᠪᠢᠶᠠᠯᠴᠠᠨ ᠢᠲᠡᠨ᠎ᠡ︶᠃ | ᠡᠵᠢ ᠶᠢᠨ ᠰᠦᠨ ᠤ ᠲᠠᠩᠭᠠᠷᠢᠭ | ︽ᠡᠵᠢ ᠶᠢᠨ ᠰᠦᠨ ᠤ ᠲᠠᠩᠭᠠᠷᠢᠭ︾ ᠬᠡᠲᠡᠭ ᠨᠢ ᠨᠢᠬᠡ ᠭᠠᠲᠤᠷᠠ ᠤᠰᠤᠨ ᠳᠤ ᠰᠦ ᠲᠤᠰᠬᠠᠵᠤ᠂ ᠠᠨᠲᠠ | ᠠᠬ᠎ᠠ ᠲᠡᠬᠦᠤ ᠪᠠᠷᠢᠯᠲᠤᠬᠤ ᠬᠦᠮᠦᠰ ᠨᠢ ᠨᠢᠭᠤᠷ ᠭᠠᠷ ᠢᠶᠠᠨ ᠤᠬᠢᠶᠠᠭᠠᠳ ᠬᠠᠮᠤᠭ ᠪᠠᠭ᠎ᠠ ᠲᠡᠬᠦᠤ ᠨᠢ ᠵᠢᠯ ᠤᠨ ᠰᠠᠶᠢᠨ | ᠵᠦᠭ ᠲᠤ ᠠᠰᠬᠠᠭᠠᠳ ᠬᠡᠷ ᠲᠤ ᠤᠷᠤᠵᠤ ᠢᠷᠡᠭᠡᠳ ᠤᠯᠠᠨ ᠠᠬ᠎ᠠ ᠲᠡᠬᠦᠤ ᠨᠠᠷ ᠲᠠᠭᠠᠨ ︽ᠶᠤᠰᠤᠴᠢᠯᠠᠨ ᠶᠠᠪᠤᠬᠤ | ᠪᠤᠯᠲᠤᠭᠠᠢ︾ ᠬᠡᠵᠤ ᠨᠢᠬᠡ ᠲᠤᠯᠤᠭᠠᠢ ᠮᠦᠷᠬᠦᠬᠦ ᠳᠤ ᠲᠠᠶᠠᠭᠠᠷ ᠢᠶᠠᠨ ︽ᠲᠡᠷᠡ ᠪᠢᠯᠢᠭ ᠢᠶᠠᠷ ᠪᠤᠯᠲᠤᠭᠠᠢ︾ ᠬᠡᠵᠤ ᠬᠡᠯᠡᠬᠡᠳ | ᠠᠨᠲᠠ ᠲᠡᠬᠦᠤ ᠶᠢᠨ ᠢᠶᠠᠨ ᠭᠠᠲᠤᠷᠠ ᠳᠤ ᠬᠡᠰᠢᠭ ᠰᠤᠶᠤᠷᠬᠠᠯ ᠬᠢᠵᠤ ᠦᠭᠲᠡᠭ᠃ | ᠭᠠᠯ ᠭᠤᠯᠤᠮᠲᠠ ᠨᠢᠬᠡᠳᠬᠡᠬᠦ ᠲᠠᠩᠭᠠᠷᠢᠭ | ︽ᠭᠠᠯ ᠭᠤᠯᠤᠮᠲᠠ ᠨᠢᠬᠡᠳᠬᠡᠬᠦ ᠲᠠᠩᠭᠠᠷᠢᠭ︾ ᠬᠡᠲᠡᠭ ᠨᠢ ᠶᠡᠭᠡ ᠠᠬ᠎ᠠ ᠶᠢᠨ ᠢᠶᠠᠨ ᠭᠤᠯᠤᠮᠲᠠ ᠶᠢ | ᠲᠠᠬᠢᠵᠤ᠂ ᠭᠠᠯ ᠳᠤ ᠮᠦᠷᠬᠦᠬᠡᠳ ᠨᠢᠬᠡ ᠠᠶᠢᠯ ︵ᠨᠢᠬᠡ ᠬᠡᠷ︶ ᠤᠨ ᠬᠦᠮᠦᠨ ᠪᠤᠯᠤᠭᠰᠠᠨ ᠢᠶᠠᠨ ᠮᠡᠲᠡᠷᠡᠲᠡᠭ᠃ | ᠠᠨᠲᠠ ᠶᠢᠨ ᠠᠪᠤ ᠡᠵᠢ ᠳᠤ ᠮᠦᠷᠬᠦᠵᠤ ᠲᠠᠩᠭᠠᠷᠢᠬᠯᠠᠬᠤ | ︽ᠠᠨᠲᠠ ᠶᠢᠨ ᠠᠪᠤ ᠡᠵᠢ ᠳᠤ ᠮᠦᠷᠬᠦᠵᠤ ᠲᠠᠩᠭᠠᠷᠢᠬᠯᠠᠬᠤ︾ ᠬᠡᠲᠡᠭ ᠨᠢ ᠲᠡᠭᠡᠷᠡᠬᠢ ᠭᠤᠷᠪᠠᠨ ᠵᠦᠢᠯ ᠤᠨ | ᠲᠠᠩᠭᠠᠷᠢᠭ ᠢ ᠬᠢᠵᠤ ᠪᠠᠷᠠᠭᠰᠠᠨ ᠤ ᠲᠠᠷᠠᠭ᠎ᠠ ᠠᠨᠲᠠ ᠶᠢᠨ ᠠᠪᠤ ᠡᠵᠢ ᠳᠡᠭᠡᠨ ᠮᠦᠷᠬᠦᠵᠤ ︽ᠪᠢᠲᠠ ᠲᠡᠭᠷᠢ ᠳᠤ ᠮᠦᠷᠬᠦᠵᠤ ᠠᠬ᠎ᠠ | ᠲᠡᠬᠦᠤ ᠪᠠᠷᠢᠯᠲᠤᠯᠠ᠂ ᠠᠴᠢᠲᠤ ᠪᠤᠭᠤᠷᠤᠯ ᠨᠠᠰᠤᠲᠠᠳ ᠪᠢᠲᠠᠨ ᠢ ᠲᠦᠷᠦᠭᠰᠡᠨ ᠠᠬ᠎ᠠ ᠲᠡᠬᠦᠤ ᠮᠡᠲᠦ ᠠᠳᠠᠯᠢᠬᠠᠨ ᠡᠨᠡᠷᠢᠵᠤ | ᠶᠠᠪᠤᠬᠤ ᠪᠤᠯᠲᠤᠭᠠᠢ︾᠂ ︽ᠲᠡᠭᠷᠢ ᠶᠢᠨ ᠰᠤᠶᠤᠷᠬᠠᠯ ᠢᠶᠠᠷ ᠪᠢᠲᠠ ᠠᠪᠤ ᠡᠵᠢ ᠲᠠᠨ ᠤ ᠲᠠᠪᠠᠯ ᠲᠠᠢ ᠬᠦᠪᠡᠬᠦᠨ ᠪᠤᠯᠵᠤ | ᠲᠦᠷᠦᠯ᠎ᠠ᠂ ᠬᠤᠵᠢᠮ ᠬᠦᠯ ᠢ ᠴᠢᠨᠢ ᠬᠤᠴᠢᠵᠤ᠂ ᠬᠦᠷᠰᠢ ᠶᠢ ᠴᠢᠨᠢ ᠠᠰᠠᠷᠠᠨ ᠲᠡᠳᠬᠦᠵᠤ ᠶᠠᠪᠤᠶ᠎ᠠ︕︾ ᠬᠡᠵᠤ | ᠲᠠᠩᠭᠠᠷᠢᠬᠯᠠᠭᠠᠳ ᠭᠤᠷᠪᠠᠨ ᠲᠤᠯᠤᠭᠠᠢ ᠮᠦᠷᠬᠦᠨ᠎ᠡ᠃ | ᠲᠦᠷᠪᠡ᠂ ᠠᠨᠲᠠ ᠠᠬ᠎ᠠ ᠲᠡᠬᠦᠤ ᠶᠢ ᠬᠡᠷᠡᠴᠢᠯᠡᠬᠦ ᠪᠠ ᠰᠦᠢ ᠰᠤᠯᠢᠯᠴᠠᠬᠤ ᠶᠤᠰᠤᠨ | ᠠᠨᠲᠠ ᠠᠬ᠎ᠠ ᠲᠡᠬᠦᠤ ᠪᠠᠷᠢᠯᠲᠤᠭᠰᠠᠨ ᠬᠦᠮᠦᠰ ᠬᠠᠷᠢᠯᠴᠠᠨ ᠠᠨᠲᠠ ᠠᠬ᠎ᠠ ᠲᠡᠬᠦᠤ ᠪᠠᠨ ᠬᠡᠷᠡᠴᠢᠯᠡᠬᠦ ᠪᠡᠯᠡᠭ | ᠬᠦᠷᠭᠡᠲᠡᠭ ᠶᠤᠰᠤᠨ ᠪᠤᠢ᠃ ᠡᠬᠦᠨ ᠢ ᠠᠨᠲᠠ ᠶᠢᠨ ᠰᠦᠢ ᠰᠤᠯᠢᠯᠴᠠᠬᠤ ᠶᠤᠰᠤᠨ ᠬᠡᠨ᠎ᠡ᠃ ᠪᠡᠯᠡᠭ ᠨᠢ ᠶᠡᠭᠡ ᠪᠠᠭ᠎ᠠ | ᠪᠠᠶᠢᠭᠰᠠᠨ ᠴᠤ ᠬᠠᠮᠢᠶ᠎ᠠ ᠦᠭᠡᠢ ᠨᠠᠨᠳᠢᠩᠨᠠᠨ ᠬᠦᠷᠭᠡᠵᠤ᠂ ᠡᠷᠬᠢᠮᠨᠠᠨ ᠬᠠᠲᠠᠭᠠᠯᠠᠵᠤ᠂ ᠬᠤᠵᠢᠮ ᠬᠤᠶᠢᠴᠢ ᠶᠢᠨ ᠦᠶ᠎ᠡ ᠳᠤ | ᠠᠨᠲᠠ ᠠᠬ᠎ᠠ ᠲᠡᠬᠦᠤ ᠶᠢᠨ ᠬᠡᠷᠡᠴᠢ ᠪᠤᠯᠭᠠᠲᠠᠭ ᠶᠤᠰᠤᠳᠠᠢ᠃ | ᠲᠠᠪᠤ᠂ ᠠᠨᠲᠠ ᠶᠢᠨ ᠬᠠᠷᠢᠴᠠᠭ᠎ᠠ ᠬᠤᠯᠪᠤᠭ᠎ᠠ | ᠠᠨᠲᠠ ᠠᠬ᠎ᠠ ᠲᠡᠬᠦᠤ ᠶᠢᠨ ᠨᠠᠰᠤ ᠵᠢᠯ ᠨᠢ ᠡᠷᠬᠡᠪᠰᠢ ᠤᠶᠢᠷᠠᠯᠴᠠᠭ᠎ᠠ ᠨᠠᠰᠤᠲᠠᠢ ᠬᠦᠮᠦᠰ ᠢᠶᠠᠷ | ᠪᠦᠷᠢᠯᠲᠦᠬᠦ ᠬᠡᠷᠡᠭᠲᠡᠢ᠃ ᠬᠡᠬᠦ ᠳᠡᠭᠡᠨ ᠡᠷᠬᠡᠪᠰᠢ ᠶᠡᠷᠦ ᠪᠤᠰᠤ ᠶᠢᠨ ᠬᠦᠨ ᠵᠤᠵᠠᠭᠠᠨ ᠬᠠᠶᠢᠷ᠎ᠠ ᠰᠡᠳᠬᠢᠯᠬᠡ ᠲᠠᠢ ᠢᠨᠠᠭ | ᠲᠤᠲᠤᠨᠤ ᠬᠦᠮᠦᠰ ᠪᠠᠶᠢᠬᠤ ᠬᠡᠷᠡᠭᠲᠡᠢ᠃ ᠠᠨᠲᠡ ᠠᠬ᠎ᠠ ᠲᠡᠬᠦᠤ ᠪᠠᠷᠢᠯᠲᠤᠮᠠᠭᠴᠠ ᠡᠩ ᠤᠨ ᠨᠦᠬᠦᠷ ᠤᠨ ᠬᠠᠷᠢᠴᠠᠭ᠎ᠠ ᠠᠴᠠ | ᠲᠠᠪᠠᠵᠤ᠂ ᠲᠦᠷᠦᠭᠰᠡᠨ ᠠᠬ᠎ᠠ ᠲᠡᠬᠦᠤ ᠶᠢᠨ ᠬᠠᠷᠢᠴᠠᠭ᠎ᠠ ᠪᠤᠯᠵᠤ ᠬᠤᠪᠢᠷᠠᠲᠠᠭ᠃ ᠡᠶᠢᠮᠦ ᠠᠴᠠ ᠠᠨᠲᠠ ᠠᠬ᠎ᠠ ᠲᠡᠬᠦᠤ ᠶᠢᠨ | ᠦᠷ᠎ᠡ ᠬᠤᠶᠢᠴᠢᠰ ᠨᠢ ᠴᠤ ᠡᠴᠢᠬᠡ ᠶᠢᠨ ᠢᠶᠠᠨ ᠠᠨᠲᠠ ᠠᠬ᠎ᠠ ᠲᠡᠬᠦᠤ ᠶᠢ ᠪᠦᠷ ︽ᠠᠨᠲᠠ ᠠᠪᠠᠢ᠂ ᠠᠨᠲᠠ ᠮᠦᠮᠦ︾ | ᠲᠠᠭᠤᠲᠠᠵᠤ ᠬᠠᠷᠢᠯᠴᠠᠨ ᠬᠦᠨᠳᠦᠳᠬᠡᠨ ᠶᠠᠪᠤᠬᠤ ᠬᠠᠷᠢᠴᠠᠭ᠎ᠠ ᠪᠤᠢ ᠪᠤᠯᠲᠠᠭ᠃ | ᠵᠢᠷᠭᠤᠭ᠎ᠠ᠂ ᠠᠨᠲᠠ ᠶᠢᠨ ᠡᠬᠦᠷᠭᠡ ᠬᠠᠷᠢᠭᠤᠴᠠᠯᠭ᠎ᠠ | ᠠᠨᠲᠠᠯᠠᠭᠰᠠᠨ ᠬᠦᠮᠦᠨ ᠵᠠᠪᠠᠯ ᠦᠪᠡᠷ ᠤᠨ ᠢᠶᠠᠨ ᠠᠮᠠᠨ ᠲᠠᠩᠭᠠᠷᠢᠭ ᠢ ᠰᠠᠬᠢᠵᠤ᠂ ᠠᠨᠲᠠ ᠶᠢᠨ ᠵᠢᠷᠤᠮ | ᠶᠤᠰᠤ ᠶᠢ ᠦᠨᠡᠨᠴᠢ ᠰᠢᠲᠤᠷᠭᠤ ᠪᠠᠷ ᠬᠦᠢᠴᠡᠳᠭᠡᠵᠤ᠂ ᠠᠬ᠎ᠠ ᠲᠡᠬᠦᠤ ᠶᠢᠨ ᠡᠬᠦᠷᠬᠡ ᠬᠠᠷᠢᠭᠤᠴᠠᠯᠭ᠎ᠠ ᠶᠢ ᠬᠦᠢᠴᠡᠳᠬᠡᠬᠦ | ᠬᠡᠷᠡᠭᠲᠡᠢ᠃ ᠡᠨᠡ ᠪᠤᠯ ᠠᠨᠲᠠ ᠠᠬ᠎ᠠ ᠲᠡᠬᠦᠤ ᠶᠢᠨ ᠬᠠᠮᠤᠭ ᠨᠠᠭᠠᠲᠤ ᠵᠠᠬ᠎ᠠ ᠶᠢᠨ ᠱᠠᠭᠠᠷᠲᠠᠯᠭ᠎ᠠ ᠮᠦᠨ᠃ | ︽ᠠᠨᠲᠠ ᠬᠦᠮᠦᠨ ᠠᠮᠢᠨ ᠨᠢᠬᠡ︾ ᠪᠤᠯᠲᠠᠭ᠂ ᠠᠨᠲᠠ ᠠᠬ᠎ᠠ ᠲᠡᠬᠦᠤ ᠪᠠᠷᠢᠯᠲᠤᠭᠰᠠᠨ ᠤ ᠲᠠᠷᠠᠭ᠎ᠠ ᠵᠤᠯ | ᠵᠢᠷᠭᠠᠯ᠂ ᠵᠤᠪᠠᠯᠠᠩ ᠵᠦᠲᠡᠬᠦᠷᠢ ᠪᠠᠨ ᠬᠠᠮᠲᠤᠳᠬᠠᠬᠤ ᠬᠡᠷᠡᠭᠲᠡᠢ᠂ ᠡᠨᠡ ᠪᠤᠯ ᠠᠨᠲᠠᠯᠠᠬᠤ ᠶᠢᠨ ᠬᠠᠮᠤᠭ ᠴᠢᠬᠤᠯᠠ ᠠᠨᠲᠠ ᠶᠢᠨ | ᠵᠢᠷᠤᠮ ᠮᠦᠨ᠃ | ᠬᠡᠷᠪᠡ ᠠᠨᠲᠠᠯᠠᠭᠰᠠᠳ ᠤᠨ ᠨᠢᠬᠡ ᠨᠢ ᠡᠴᠢᠬᠡ ᠶᠢᠨ ᠭᠠᠭᠴᠠ ᠬᠦᠤ ᠪᠠᠶᠢᠭᠠᠳ ᠡᠷᠲᠡ ᠨᠠᠰᠤ ᠪᠠᠷᠠᠭᠰᠠᠨ | ᠪᠠᠶᠢᠪᠠᠯ ᠨᠦᠬᠦᠬᠡ ᠨᠢᠬᠡ ᠨᠢ ᠠᠨᠲᠠ ᠶᠢᠨ ᠢᠶᠠᠨ ᠡᠵᠢ ᠠᠪᠤ᠂ ᠦᠷ᠎ᠡ ᠬᠡᠤᠬᠡᠳ ᠢ ᠠᠰᠠᠷᠠᠨ ᠲᠡᠳᠬᠦᠬᠦ ᠬᠠᠷᠢᠭᠤᠴᠠᠯᠭ᠎ᠠ ᠶᠢ | ᠪᠡᠶᠡᠯᠡᠬᠦᠯᠬᠦ ᠬᠡᠷᠡᠭᠲᠡᠢ᠃ | ︽ᠲᠡᠭᠡᠷ᠎ᠡ ᠦᠶ᠎ᠡ ᠶᠢᠨ ᠠᠨᠲᠠ ᠠᠬ᠎ᠠ ᠲᠡᠬᠦᠤ᠂ ᠲᠡᠷᠠᠭ᠎ᠠ ᠦᠶ᠎ᠡ ᠳᠤ ᠲᠦᠷᠦᠭᠰᠡᠨ ᠠᠬ᠎ᠠ ᠲᠡᠬᠦᠤ︾ ᠬᠡᠵᠤ | ᠬᠡᠯᠡᠲᠡᠭ ᠪᠤᠯᠬᠤᠷ ᠬᠠᠮᠤᠭ ᠲᠤᠲᠤᠨᠤ ᠲᠦᠷᠦᠯ ᠰᠠᠲᠤᠨ ᠤ ᠬᠠᠷᠢᠴᠠᠭ᠎ᠠ ᠶᠢᠨ ᠬᠠᠷᠢᠭᠤᠴᠠᠯᠭ᠎ᠠ ᠶᠢ ᠬᠦᠢᠴᠡᠳᠬᠡᠬᠦ ᠬᠡᠷᠡᠭᠲᠡᠢ᠃ | ᠠᠨᠲᠠ ᠶᠢᠨ ᠠᠬ᠎ᠠ ᠲᠡᠬᠦᠤ ᠨᠢ ᠬᠦᠪᠡᠬᠦᠨ ᠦᠭᠡᠢ ᠵᠠᠭᠤᠷᠮᠠᠭ ᠨᠠᠰᠤᠯᠠᠭᠰᠠᠨ ᠪᠤᠯ᠂ ᠠᠨᠲᠠ ᠶᠢᠨ | ᠭᠤᠯᠤᠮᠲᠠ ᠶᠢ ᠵᠠᠯᠭᠠᠮᠵᠢᠯᠠᠭᠤᠯᠲᠠᠭ ᠶᠤᠰᠤ ᠪᠤᠢ᠃ ᠡᠨᠡ ᠬᠦ ᠶᠤᠰᠤ ᠶᠢ ᠠᠨᠲᠠ ᠶᠢᠨ ᠡᠬᠡᠨᠡᠷ ᠬᠡᠤᠬᠡᠳ ᠨᠢ ᠪᠠᠰᠠ | ᠠᠨᠲᠠ ᠶᠢᠨ ᠲᠠᠩᠭᠠᠷᠢᠭ ᠡᠬᠦᠷᠬᠡ ᠬᠠᠷᠢᠭᠤᠴᠠᠯᠭ᠎ᠠ ᠶᠤᠰᠤᠭᠠᠷ ᠦᠬᠡ ᠲᠠᠭᠤᠨ ᠦᠭᠡᠢ ᠪᠠᠷ ᠬᠦᠢᠴᠡᠳᠬᠡᠬᠦ ᠬᠡᠷᠡᠭᠲᠡᠢ᠃ | ᠲᠤᠯᠤᠭ᠎ᠠ᠂ ᠠᠨᠲᠠ ᠶᠢᠨ ᠴᠡᠬᠡᠷ ᠶᠤᠰᠤᠨ | ︽ᠠᠮᠠᠨ ᠲᠠᠩᠭᠠᠷᠢᠭ ᠮᠠᠰᠢ ᠠᠶᠤᠯᠲᠠᠢ ᠪᠠᠶᠢᠲᠠᠭ ᠪᠤᠯᠬᠤᠷ ᠬᠠᠭᠤᠷᠮᠠᠭ ᠢᠶᠠᠷ ᠲᠠᠩᠭᠠᠷᠢᠬᠯᠠᠬᠤ ᠶᠢ | ᠴᠡᠬᠡᠷᠯᠡᠵᠤ᠂ ᠨᠢᠬᠡᠨᠲᠡ ᠲᠠᠩᠭᠠᠷᠢᠬᠯᠠᠪᠠᠯ᠂ ᠦᠬᠦᠪᠡᠴᠤ ᠪᠤᠴᠠᠬᠤ ᠦᠭᠡᠢ︾ ᠪᠠᠶᠢᠬᠤ ᠬᠡᠷᠡᠭᠲᠡᠢ᠃ | ᠠᠨᠲᠠ ᠠᠬ᠎ᠠ ᠲᠡᠬᠦᠤ ᠶᠢᠨ ᠬᠦᠮᠦᠰ ᠬᠤᠭᠤᠷᠤᠨᠲᠤ ᠪᠠᠨ ᠡᠨᠡᠷᠢᠬᠦ᠂ ᠲᠡᠬᠢᠮᠲᠠᠬᠤ ᠵᠢᠷᠤᠮ ᠢ ᠡᠪᠲᠡᠯᠡᠨ | ᠲᠡᠮᠡᠴᠡᠯᠲᠤᠵᠤ᠂ ᠰᠠᠲᠤᠷ ᠰᠠᠮᠠᠭᠤᠨ ᠶᠠᠪᠤᠯᠴᠠᠭ᠎ᠠ ᠶᠢ ᠴᠡᠭᠡᠷᠯᠡᠬᠦ ᠬᠡᠷᠡᠭᠲᠡᠢ᠃ | ᠠᠮᠢᠲᠤᠷᠠᠯ ᠤᠨ ᠶᠠᠪᠤᠴᠠ ᠳᠤ ᠶᠠᠮᠠᠷ ᠨᠢᠬᠡᠨ ᠤᠴᠢᠷ ᠰᠢᠯᠲᠠᠭᠠᠨ ᠠᠴᠠ ᠪᠤᠯᠵᠤ ᠠᠨᠲᠠ ᠠᠬ᠎ᠠ | ᠲᠡᠬᠦᠤ ᠶᠢᠨ ᠬᠠᠷᠢᠴᠠᠭ᠎ᠠ ᠡᠪᠲᠡᠷᠡᠬᠦ ᠳᠤ ᠬᠦᠷᠪᠡᠯ᠂ ᠠᠨᠲᠠ ᠶᠢᠨ ᠠᠬᠠᠯᠠᠭᠴᠢ ᠨᠢ ᠰᠢᠯᠲᠠᠭᠠᠨ ᠢ ᠡᠷᠢᠵᠤ᠂ ᠠᠩᠬ᠎ᠠ | ᠠᠨᠲᠠᠯᠠᠬᠤ ᠦᠶ᠎ᠡ ᠶᠢᠨ ᠲᠠᠩᠭᠠᠷᠢᠭ ᠤᠨ ᠶᠤᠰᠤᠭᠠᠷ ᠰᠢᠳᠬᠡᠬᠦ ᠶᠤᠰᠤᠲᠠᠢ᠃ | ᠠᠨᠲᠠ ᠶᠢᠨ ᠲᠠᠩᠭᠠᠷᠢᠭ ᠢ ᠬᠦᠨᠳᠦ ᠤᠴᠢᠲᠠᠢ ᠡᠪᠲᠡᠭᠰᠡᠳ ᠢ ︽ᠡᠵᠡᠨ ᠰᠠᠩ︾ ᠳᠤ ︽ᠲᠠᠩᠭᠠᠷᠢᠬᠯᠠᠨ | ᠪᠤᠴᠠᠭᠰᠠᠳ ᠢ ᠬᠦᠯᠢᠨ ᠬᠦᠯᠢᠨ ᠡᠴᠦᠯᠬᠡ︾ ᠬᠡᠲᠡᠭᠴᠢᠯᠡᠨ ᠪᠤᠬ᠎ᠠ ᠶᠢᠨ ᠠᠷᠠᠰᠤᠨ ᠰᠤᠷ ᠢᠶᠠᠷ ᠬᠦᠯᠢᠵᠤ᠂ ᠡᠵᠡᠬᠦᠢ ᠴᠦᠯ ᠳᠤ | ᠴᠦᠯᠡᠵᠤ ᠬᠠᠶᠠᠲᠠᠭ ᠶᠤᠰᠤᠨ ᠪᠤᠢ᠃ | ᠠᠨᠲᠠ ᠠᠬ᠎ᠠ ᠲᠡᠬᠦᠤ ᠬᠤᠭᠤᠷᠤᠨᠲᠤ ᠪᠠᠨ ᠬᠤᠪ ᠱᠤᠪ ᠬᠡᠯᠡᠵᠤ ᠠᠲᠠᠭᠠᠷᠬᠠᠨ ᠲᠡᠮᠡᠴᠡᠯᠲᠤᠬᠦ ᠶᠢ ᠴᠡᠬᠡᠷᠯᠡᠨ᠎ᠡ᠃ | | ᠨᠠᠢᠮᠠ᠂ ᠠᠨᠲᠠ ᠶᠢᠨ ᠵᠦᠩᠨᠡᠯ | ᠠᠷᠢᠭᠤᠨ ᠴᠠᠭᠠᠨ ᠰᠦ ᠪᠠᠷ ᠡᠵᠢ ᠨᠢᠬᠡᠲᠡᠢ ᠪᠤᠯᠤᠭᠰᠠᠨ | ᠠᠮᠢᠯᠠᠯ ᠤᠨ ᠤᠯᠠᠭᠠᠨ ᠴᠢᠰᠤ ᠪᠠᠷ ᠠᠪᠦ ᠨᠢᠬᠡ ᠪᠤᠯᠵᠤ | ᠠᠯᠲᠠᠨ ᠭᠤᠯᠤᠮᠲᠠ ᠳᠠᠭᠠᠨ ᠮᠦᠷᠬᠦᠬᠡᠳ ' | ᠠᠮᠠᠯᠠᠵᠤ ᠠᠨᠲᠠᠭᠠᠶᠢᠯᠠᠭᠰᠠᠨ ᠲᠠᠩᠭᠠᠷᠢᠭ ᠢᠶᠠᠷ | ᠠᠬ᠎ᠠ ᠲᠡᠬᠦᠤ ᠪᠤᠯᠤᠭᠰᠠᠨ ᠲᠠᠨᠠᠷ ᠮᠢᠨᠢ | ᠠᠰ ᠤᠨ ᠪᠡᠶ᠎ᠡ ᠴᠢᠨᠢ ᠮᠡᠨᠲᠤ ᠪᠠᠶᠢᠲᠤᠭᠠᠢ | ᠠᠵᠤ ᠠᠮᠢᠲᠤᠷᠠᠯ ᠴᠢᠨᠢ ᠪᠠᠶᠠᠯᠢᠭ ᠪᠠᠶᠢᠲᠤᠭᠠᠢ | ᠁ | ᠮᠤᠩᠭᠤᠯᠴᠤᠳ ᠤᠨ ᠠᠨᠲᠠᠯᠠᠬᠤ ᠶᠤᠰᠤᠨ ᠡᠯᠪᠡᠭ ᠪᠠᠶᠠᠯᠢᠭ ᠰᠤᠶᠤᠯ ᠤᠨ ᠠᠭᠤᠯᠤᠭᠳᠠᠴᠡ ᠲᠠᠢ | ᠮᠦᠷᠳᠡᠬᠡᠨ ᠠᠨᠳᠠ ᠨᠦᠬᠦᠳ ᠤᠨ ᠬᠤᠭᠤᠷᠤᠨᠳᠤᠬᠢ ᠬᠠᠷᠢᠴᠠᠭ᠎ᠠ ᠶᠢ ᠵᠤᠬᠢᠴᠠᠭᠤᠯᠤᠨ ᠨᠢᠭᠳᠠᠷᠠᠭᠤᠯᠬᠤ ᠲᠠᠯ᠎ᠠ ᠪᠠᠷ | ᠮᠠᠰᠢ ᠶᠡᠭᠡ ᠠᠬᠤᠢᠢᠴᠢ ᠠᠴᠢ ᠬᠤᠯᠪᠤᠭᠳᠠᠯ ᠲᠠᠢ ᠶᠤᠮ᠃ ︽ᠨᠠᠷᠠᠲᠤ ᠶᠢᠨ ᠵᠠᠶᠠᠭ᠎ᠠ︾ ᠠᠨᠲᠠ ᠶᠢᠨ ᠬᠤᠯᠪᠤᠭ᠎ᠠ ᠨᠢ | ᠮᠤᠩᠭᠤᠯᠴᠤᠳ ᠤᠨ ᠠᠮᠢ ᠨᠢᠬᠡ ᠲᠠᠢ ᠠᠨᠲᠠ ᠶᠢᠨ ᠶᠤᠰᠤ ᠶᠢ ᠤᠯᠠᠮᠵᠢᠯᠠᠨ ᠭᠦᠭᠵᠢᠬᠦᠯᠬᠦ ᠶᠢ ᠵᠤᠷᠢᠬᠰᠠᠨ ᠨᠢ ᠦᠨᠡᠳᠡᠢ | ᠠᠵᠢ᠃ | |