| | ᠠᠯᠢ ᠨᠢᠭᠡ ᠭᠡᠷ ᠤᠨᠠᠬᠠᠮᠠᠳ ᠴᠦ ᠭᠡᠳᠦᠪᠡᠷ ᠤᠨ ᠬᠡᠥᠬᠡᠳ ᠢᠶᠠᠨ ᠤᠯᠠᠮ ᠰᠡᠴᠡᠨ ᠰᠡᠷᠭᠦᠯᠡᠩ ᠥᠰᠬᠡᠵᠦ᠂ | ᠰᠡᠭᠦᠯᠡᠷ ᠨᠡᠩ ᠰᠠᠶᠢᠨ ᠶᠡᠭᠡ ᠰᠣᠷᠭᠠᠭᠤᠯᠢ ᠳᠤ ᠰᠢᠯᠭᠠᠨ ᠤᠷᠤᠭᠤᠯᠬᠤ ᠶᠢ ᠪᠣᠳᠣᠳᠠᠭ᠃ ᠠᠩᠭ᠍ᠯᠢ ᠶᠢᠨ ︽ᠡᠳᠦᠷ ᠪᠣᠯᠭᠠᠨ | ᠤ ᠰᠢᠤᠳᠠᠨ ᠰᠣᠨᠢᠨ︾ ᠣᠷᠴᠢᠮ ᠤᠨ ᠡᠳᠦᠷ ᠮᠡᠳᠡᠭᠡᠯᠡᠭᠰᠡᠨ ᠢᠶᠠᠷ᠂ ᠮᠣᠷᠢ ᠣᠨᠣᠬᠤ ᠨᠢ ᠬᠡᠥᠬᠡᠳ ᠤᠨ ᠰᠣᠷᠬᠤ | ᠴᠢᠳᠠᠮᠵᠢ ᠶᠢ ᠳᠡᠭᠡᠭᠰᠢᠯᠡᠭᠦᠯᠵᠣ᠂ ᠬᠡᠥᠬᠡᠳ ᠢ ᠤᠯᠠᠮ ᠰᠡᠴᠡᠨ ᠰᠡᠷᠭᠦᠯᠡᠩ ᠪᠣᠯᠭᠠᠳᠠᠭ ᠢ ᠶᠠᠫᠣᠨ ᠤ ᠰᠢᠨ᠎ᠡ ᠰᠤᠳᠤᠯᠤᠯ | ᠢᠯᠡᠷᠡᠭᠦᠯᠵᠡᠢ ᠭᠡᠵᠦ ᠠᠮᠧᠷᠢᠺᠡ ᠶᠢᠨ ︽ᠤᠯᠠᠨ ᠨᠡᠶᠢᠲᠡ ᠶᠢᠨ ᠡᠷᠡᠭᠦᠯ ᠬᠠᠮᠠᠭᠠᠯᠠᠯ ᠤᠨ ᠡᠮᠤᠨ᠎ᠡ ᠹᠷᠤᠨᠲ︾ ᠰᠡᠳᠭᠦᠯ | ᠨᠡᠶᠢᠲᠡᠯᠡᠵᠡᠢ᠃ | ᠶᠠᠫᠣᠨ ᠤ ᠲᠣᠣᠺᠢᠣ᠋ ᠲᠠᠷᠢᠶᠠᠯᠠᠩ ᠤᠨ ᠶᠡᠭᠡ ᠰᠣᠷᠭᠠᠭᠤᠯᠢ ᠶᠢᠨ ᠰᠣᠳᠣᠯᠭᠠᠲᠠᠨ ᠮᠢᠲᠰᠦᠺᠢ ᠥᠾᠲᠠ | ᠫᠷᠣᠹᠧᠰᠰᠣᠷ ᠪᠣᠯᠣᠨ ᠲᠡᠭᠦᠨ ᠤ ᠰᠣᠳᠣᠯᠭᠠᠨ ᠤ ᠪᠥᠯᠬᠦᠮ ᠤᠨ ᠬᠢᠨ ᠮᠣᠷᠢ ᠣᠨᠣᠬᠤ ᠨᠢ ᠬᠡᠥᠬᠡᠳ ᠤᠨ ᠰᠣᠷᠬᠤ | ᠴᠢᠳᠠᠪᠤᠷᠢ ᠳᠤ ᠦᠵᠡᠭᠦᠯᠬᠦ ᠨᠦᠯᠦᠭᠡᠨ ᠤ ᠲᠣᠬᠠᠢ ᠰᠣᠳᠣᠯᠭᠠᠨ ᠬᠢᠪᠡ᠃ ᠲᠣᠷᠰᠢᠯᠲᠠ ᠳᠤ ᠣᠷᠣᠯᠴᠠᠭᠰᠠᠨ ᠬᠡᠥᠬᠡᠳ ᠲᠤ | ᠮᠣᠷᠢ ᠣᠨᠣᠬᠤ ᠶᠢᠨ ᠡᠮᠦᠨ᠎ᠡ ᠬᠤᠶᠢᠨᠠᠬᠢ ᠪᠠᠶᠢᠳᠠᠯ ᠳᠤ ᠲᠣᠰ ᠲᠣᠰ ᠲᠥᠭᠦᠮ ᠬᠠᠷᠢᠭᠤ ᠲᠣᠰᠬᠠᠯᠲᠠ ᠶᠢᠨ ᠬᠡᠮᠵᠢᠯᠲᠡ | ᠪᠣᠯᠣᠨ ᠲᠤᠭ᠎ᠠ ᠪᠣᠳᠣᠯᠭ᠎ᠠ ᠶᠢᠨ ᠬᠡᠮᠵᠢᠯᠲᠡ ᠬᠢᠪᠡ᠃ ᠰᠣᠳᠣᠯᠣᠭᠴᠢᠳ ᠪᠠᠰᠠ ᠣᠷᠣᠯᠴᠠᠭᠰᠠᠨ ᠬᠡᠥᠬᠡᠳ ᠤᠨ ᠮᠣᠷᠢ | ᠣᠨᠣᠬᠤ ᠦᠶ᠎ᠡ ᠶᠢᠨ ᠵᠢᠷᠦᠬᠡᠨ ᠴᠣᠬᠢᠯᠭ᠎ᠠ ᠳᠤ ᠬᠡᠮᠵᠢᠯᠲᠡ ᠬᠢᠵᠡᠢ᠃ ᠡᠭᠦᠨ ᠤ ᠳ᠋ᠥᠩ ᠳᠤ᠂ ᠮᠣᠷᠢ ᠣᠨᠣᠬᠤ ᠨᠢ | ᠬᠡᠥᠬᠡᠳ ᠤᠨ ᠠᠵᠢᠯᠯᠠᠭᠠᠨ ᠤ ᠴᠢᠳᠠᠪᠤᠷᠢ ᠶᠢ ᠢᠯᠡᠳᠲᠡ ᠳᠡᠭᠡᠭᠰᠢᠯᠡᠭᠦᠯᠵᠦ᠂ ᠬᠡᠥᠬᠡᠳ ᠤᠨ ᠲᠠᠨᠢᠨ ᠮᠡᠳᠡᠬᠦᠢ ᠴᠢᠳᠠᠪᠣᠷᠢ ᠶᠢ | ᠰᠠᠶᠢᠵᠢᠷᠠᠭᠤᠯᠳᠠᠭ ᠢ ᠤᠯᠵᠦ ᠮᠡᠳᠡᠪᠡ᠃ ᠭᠡᠲᠡᠯ᠎ᠡ ᠮᠣᠷᠢ ᠣᠨᠣᠬᠤ ᠨᠢ ᠲᠣᠷᠰᠢᠯᠲᠠ ᠳᠤ ᠣᠷᠣᠯᠴᠠᠭᠰᠠᠨ ᠬᠡᠥᠬᠡᠳ ᠤᠨ | ᠲᠤᠭ᠎ᠠ ᠪᠣᠳᠣᠯᠭ᠎ᠠ ᠶᠢᠨ ᠴᠢᠳᠠᠪᠣᠷᠢ ᠶᠢᠨ ᠲᠠᠯ᠎ᠠ ᠳᠤ ᠬᠢ ᠨᠥᠯᠦᠭᠡ ᠲᠡᠳᠦᠢ ᠢᠯᠡᠷᠭᠡᠢ ᠪᠢᠰᠢ ᠪᠠᠶᠢᠯ᠎ᠠ᠃ | ᠮᠢᠲᠰᠦᠺᠢ ᠥᠾᠲᠠ ᠬᠡᠯᠡᠬᠦ ᠳᠤ ᠪᠠᠨ᠄ ᠮᠣᠷᠢᠨ ᠤ ᠠᠯᠬᠤᠳᠠᠯ ᠤᠨ ᠨᠢᠭᠡ ᠣᠨᠴᠠᠭᠠᠢ ᠣᠨᠴᠠᠯᠢᠭ ᠪᠣᠯ ᠭᠤᠷᠪᠠᠨ | ᠬᠡᠮᠵᠢᠯᠲᠦ ᠬᠤᠷᠳᠣᠴᠠ ᠭᠠᠷᠭᠠᠬᠤ ᠪᠣᠯᠣᠨ᠎ᠠ᠃ ᠮᠣᠷᠢᠨ ᠨᠢᠷᠣᠭᠤᠨ ᠤ ᠳᠣᠷᠭᠢᠯᠲᠠ ᠨᠢ ᠬᠡᠥᠬᠡᠳ ᠤᠨ ᠶᠡᠭᠡ ᠲᠡᠷᠢᠬᠢᠨ ᠤ | ᠰᠣᠷᠬᠤ ᠪᠠ ᠴᠡᠭᠡᠵᠢᠯᠡᠬᠦ ᠶᠢ ᠬᠠᠷᠢᠭᠤᠴᠠᠳᠠᠭ ᠰᠢᠰᠲ᠋ᠧᠮ ︵ᠰᠣᠯᠪᠢᠭᠤ ᠮᠡᠳᠡᠷᠡᠯ ᠤᠨ ᠰᠢᠰᠲ᠋ᠧᠮ︶ ᠢ ᠤᠷᠮᠠᠰᠢᠭᠤᠯᠵᠦ᠂ ᠡᠭᠦᠨ | ᠤᠯᠠᠮ ᠠᠴᠠ ᠮᠣᠷᠢ ᠣᠨᠣᠬᠤ ᠨᠢ ᠬᠡᠥᠬᠡᠳ ᠤᠨ ᠶᠡᠭᠡ ᠲᠠᠷᠢᠬᠢᠨ ᠤ ᠲᠠᠨᠢᠨ ᠮᠡᠳᠡᠷᠡᠬᠦ ᠴᠢᠳᠠᠪᠣᠷᠢ ᠶᠢ ᠳᠡᠭᠡᠭᠰᠢᠯᠡᠭᠦᠯᠳᠡᠭ | ᠪᠠᠶᠢᠨ᠎ᠠ ᠭᠡᠵᠡᠢ᠃ | ︵ᠴᠧᠩ ᠰᠢ︶ | | |