ᠪᠦᠭᠡᠴᠤᠳ ᠮᠠᠨᠢ ᠬᠦᠳᠡᠭᠡ ᠰᠤᠷᠢᠭᠠᠨ ᠳᠤ ᠬᠦᠨᠳᠦᠳᠬᠡᠯᠳᠠᠢ ᠬᠠᠨᠳᠤᠪᠡᠯ ᠵᠤᠬᠢᠨ᠎ᠠ
ᠨᠡᠶᠢᠲᠡᠯᠡᠭᠰᠡᠨ ᠴᠠᠭ᠄
2018/7/24
      ᠵᠣᠬᠢᠶᠠᠭᠴᠢ᠄  ᠳᠠᠸᠠ             ᠬᠠᠪᠤᠷ ᠦᠡᠭᠭᠡᠷᠠᠵᠤ ᠵᠤᠨ ᠤ ᠡᠬᠢᠨ ᠰᠠᠷ᠎ᠠ ᠪᠤᠯᠤᠨ ᠨᠠᠶᠢᠷ ᠨᠠᠭᠠᠲᠤᠮ ᠤᠨ ᠴᠠᠭ ᠤᠲᠠᠬᠤ ᠦᠭᠡᠢ ᠬᠦᠷᠴᠤ  ᠢᠷᠡᠬᠦ ᠲᠠᠰᠢᠷᠠᠮ ᠪᠦᠬᠡᠴᠤᠳ ᠮᠠᠨᠢ ᠰᠤᠷᠢᠭ᠎ᠠ ᠪᠤᠯᠪᠠᠰᠤᠷᠠᠯ ᠢᠶᠠᠨ ᠴᠢᠩᠭᠠᠳᠬᠠᠵᠤ᠂ ᠨᠠᠭᠠᠲᠤᠮ ᠤᠨ ᠨᠤᠭᠤᠭᠠᠨ  ᠲᠡᠪᠵᠢᠶ᠎ᠡ ᠪᠠᠨ ᠲᠡᠰᠴᠤ ᠶᠠᠲᠠᠨ ᠬᠦᠯᠢᠶᠠᠨ᠎ᠡ᠃ ᠰᠤᠷᠢᠭ᠎ᠠ ᠪᠤᠯᠪᠠᠰᠤᠷᠠᠯ ᠬᠡᠵᠤ ᠶᠠᠷᠢᠬᠤ ᠠᠴᠠ ᠬᠦᠲᠡᠭᠡ ᠰᠤᠷᠢᠭ᠎ᠠ  ᠪᠤᠯ ᠡᠭᠡ ᠪᠠᠶᠢᠭᠠᠯᠢ ᠠᠴᠠ ᠪᠠᠨ ᠡᠷᠴᠢ ᠬᠦᠴᠤ ᠠᠪᠲᠠᠭ᠂ ᠨᠠᠷᠠ ᠰᠠᠯᠬᠢᠨ ᠳᠤ ᠪᠦᠬᠡᠰᠢᠨ ᠲᠠᠰᠲᠠᠭ ᠪᠦᠬᠡ ᠶᠢᠨ  ᠰᠤᠷᠢᠭ᠎ᠠ ᠪᠤᠯᠪᠠᠰᠤᠷᠠᠯ ᠪᠤᠯᠤᠨ᠎ᠠ᠃               ᠬᠦᠲᠡᠭᠡ ᠰᠤᠷᠢᠭ᠎ᠠ ᠪᠤᠯ ᠭᠡᠭᠡᠷ᠎ᠡ ᠭᠠᠲᠠᠭ᠎ᠠ ᠪᠠᠷᠢᠯᠲᠤᠨ᠂ ᠨᠠᠷᠠ ᠰᠠᠯᠬᠢᠨ ᠳᠤ ᠪᠦᠬᠡᠵᠢᠵᠤ᠂ ᠨᠡᠩ ᠢᠯᠡᠩᠭᠤᠶ᠎ᠠ  ᠠᠲᠤᠭᠤ ᠮᠠᠯ ᠲᠠᠢ ᠨᠤᠴᠤᠯᠲᠤᠵᠤ᠂ ᠡᠮᠨᠢᠭ ᠲᠤᠭᠰᠢᠨ ᠰᠤᠷᠭᠠᠵᠤ ᠤᠨᠤᠬᠤ᠂ ᠠᠲᠤᠭᠤ ᠤᠷᠭᠠᠯᠠᠬᠤ ᠨᠢ ᠬᠦᠯ ᠤᠨ  ᠲᠤᠮᠵᠢᠶ᠎ᠠ ᠰᠠᠶᠢᠵᠢᠷᠠᠵᠤ᠂ ᠤᠷ᠎ᠠ ᠲᠡᠮ ᠲᠡᠭᠰᠢᠷᠠᠵᠤ᠂ ᠤᠶᠠᠨ ᠬᠠᠲᠠᠨ᠂ ᠲᠠᠭᠠᠭᠠᠮᠠᠭᠠᠢ ᠪᠤᠯᠵᠤ᠂ ᠠᠮᠢᠰᠬᠤᠭ᠎ᠠ  ᠲᠠᠯᠪᠢᠭᠲᠠᠨ ᠂ ᠠᠮᠢᠲᠤ ᠬᠦᠴᠤᠨ ᠤ ᠪᠤᠯᠪᠠᠰᠤᠷᠠᠯ ᠳᠤ ᠮᠠᠰᠢ ᠰᠠᠶᠢᠨ ᠪᠠᠶᠢᠲᠠᠭ᠃               ᠮᠤᠩᠭᠤᠯ ᠪᠦᠬᠡ ᠨᠢ ᠨᠡᠬᠦᠲᠠᠯ ᠠᠮᠢᠲᠤᠷᠠᠯ ᠠᠬᠤᠢ ᠠᠴᠠ ᠢᠷᠡᠯᠲᠡᠢ ᠤᠴᠢᠷ ᠠᠴᠠ ᠮᠠᠯᠵᠢᠬᠤ ᠦᠢᠯᠡᠳᠪᠤᠷᠢᠯᠡᠯ  ᠠᠮᠢᠲᠤᠷᠠᠯ ᠤᠨ ᠲᠤᠮᠲᠠ ᠲᠠᠪᠲᠠᠭᠲᠠᠨ ᠪᠤᠯᠪᠠᠰᠤᠷᠠᠵᠤ ᠬᠦᠴᠤ ᠤᠬᠠᠭᠠᠨ ᠰᠠᠭᠤᠲᠠᠭ ᠶᠤᠮ᠃ ᠡᠶᠢᠮᠤ ᠠᠴᠠ ᠤᠷᠢᠲᠤ  ᠡᠯ᠎ᠡ ᠬᠤᠰᠢᠭᠤᠳ ᠤᠨ ᠵᠠᠰᠠᠭ ᠸᠠᠩ ᠬᠡᠬᠡᠨ ᠬᠤᠪᠢᠯᠭᠠᠨ ᠨᠠᠷ ᠴᠦ ᠲᠤᠰᠬᠠᠢ ᠸᠠᠩᠭᠠᠢ ᠪᠦᠬᠡ ᠶᠢᠨ ᠰᠤᠷᠢᠭ᠎ᠠ᠂  ᠰᠦᠮ᠎ᠡ ᠶᠢᠨ ᠰᠠᠩ ᠤᠨ ᠪᠦᠬᠡ ᠶᠢᠨ ᠰᠤᠷᠢᠭ᠎ᠠ ᠡᠷᠬᠢᠯᠡᠵᠤ᠂ ᠨᠡᠷᠡᠲᠤ ᠪᠦᠬᠡ ᠪᠠᠷ ᠪᠦᠬᠡ ᠶᠢᠨ ᠲᠠᠭᠠᠭᠠᠮᠠᠯ ᠲᠠᠯᠪᠢᠵᠤ᠂  ᠵᠠᠯᠠᠭᠤᠴᠤᠳ ᠪᠠᠭᠠᠴᠤᠳ ᠢ ᠬᠦᠲᠡᠭᠡ ᠬᠡᠬᠡᠷ᠎ᠡ ᠪᠠᠷᠢᠯᠲᠤᠭᠤᠯᠤᠨ᠂ ᠮᠠᠯ ᠤᠨᠤᠭ᠎ᠠ ᠲᠠᠢ ᠨᠤᠴᠤᠯᠲᠤᠭᠤᠯᠤᠨ  ᠪᠤᠯᠪᠠᠰᠤᠷᠠᠭᠤᠯᠲᠠᠭ ᠪᠠᠶᠢᠵᠡᠢ᠃ ᠵᠡᠬᠦᠨ ᠦᠵᠤᠮᠤᠴᠢᠨ ᠬᠤᠰᠢᠭᠤᠨ ᠤ ᠨᠢᠬᠡᠨ ᠦᠶ᠎ᠡ ᠶᠢᠨ ᠲᠠᠰᠤᠷᠬᠠᠢ ᠪᠦᠬᠡ  ᠬᠡᠤᠬᠡᠨ ᠤ ᠡᠷᠬᠢᠮᠪᠡᠲᠤ ᠪᠤᠯ ᠬᠦᠲᠡᠭᠡ ᠰᠤᠷᠢᠭᠠᠨ ᠠᠴᠠ ᠲᠠᠰᠤᠷᠠᠵᠤ ᠰᠢᠯᠭᠠᠷᠠᠭᠰᠠᠨ ᠪᠦᠬᠡ ᠬᠡᠮᠡᠨ ᠶᠠᠷᠢᠲᠠᠭ ᠶᠤᠮᠰᠠᠨ᠃                 ᠤᠲᠤ ᠪᠠᠷᠠᠭᠤᠨ ᠦᠵᠤᠮᠤᠴᠢᠨ ᠬᠤᠰᠢᠭᠤᠨ ᠤ ᠵᠠᠰᠠᠭ ᠤᠨ ᠤᠷᠲᠤᠨ᠂ ᠪᠦᠬᠡ ᠶᠢᠨ ᠨᠡᠶᠢᠬᠡᠮᠯᠢᠭ ᠠᠴᠠ ᠵᠢᠯ  ᠪᠤᠯᠭᠠᠨ ᠠᠲᠤᠭᠤᠨ ᠣᠪᠤᠭᠠᠨ ᠤ ᠲᠠᠬᠢᠯᠭ᠎ᠠ ᠦᠡᠭᠭᠡᠷᠡᠮᠡᠭᠴᠡ ᠬᠤᠷᠢᠨ ᠬᠤᠶᠠᠷ ᠨᠠᠰᠤᠨ ᠠᠴᠠ ᠲᠤᠷᠤᠭᠰᠢᠬᠢ  ᠵᠠᠯᠠᠭᠤᠴᠤᠳ ᠢᠶᠠᠨ ᠴᠤᠭᠯᠠᠭᠤᠯᠵᠤ᠂ ᠵᠤᠬᠢᠶᠠᠨ ᠪᠠᠶᠢᠭᠤᠯᠤᠨ ᠬᠦᠲᠡᠭᠡ ᠰᠤᠷᠢᠭᠠᠨ ᠳᠤ ᠭᠠᠷᠲᠠᠭ᠃ ᠡᠨᠡ ᠵᠢᠯ  ᠲᠤᠯᠤᠭᠠᠲᠠᠬᠢ ᠵᠢᠯ ᠢᠶᠠᠨ ᠪᠤᠯᠵᠤ ᠪᠤᠢ᠃ ᠡᠨᠡ ᠨᠢᠬᠡ ᠶᠤᠰᠤᠨ ᠳᠠᠭᠠᠨ ᠪᠦᠬᠡ ᠳᠤ ᠪᠠᠭ᠋ᠠᠲᠠᠢ᠂ ᠪᠦᠬᠡ ᠪᠤᠯᠬᠤ ᠬᠦᠰᠠᠯ  ᠮᠦᠷᠤᠭᠡᠲᠤᠯ ᠲᠠᠢ ᠵᠠᠯᠠᠭᠤᠴᠤᠳ ᠲᠤ ᠬᠠᠮᠤᠭ ᠤᠨ ᠴᠢᠬᠤᠯᠡ ᠰᠠᠭᠤᠷᠢ ᠬᠦᠮᠤᠵᠢᠯ ᠢ ᠬᠦᠷᠲᠡᠬᠡᠵᠤ ᠪᠠᠶᠢᠭ᠎ᠠ ᠶᠠᠪᠤᠲᠠᠯ  ᠪᠤᠯᠤᠨ᠎ᠠ᠃ ᠲᠠᠮᠢᠷ ᠤᠨ ᠤᠷᠲᠤᠨ ᠪᠤᠶᠤ ᠰᠡᠷᠢᠬᠦᠨ ᠭᠡᠷ ᠲᠤ ᠤᠲᠠᠭᠠᠨ ᠪᠤᠯᠪᠠᠰᠤᠷᠠᠪᠠᠯ ᠨᠠᠷᠠᠨ ᠠᠴᠠ ᠠᠶᠤᠬᠤ ᠪᠤᠯᠵᠤ  ᠂ ᠤᠲᠠᠭᠠᠨ ᠲᠠᠭᠠᠭᠠᠮᠠᠭᠠᠢ ᠴᠢᠨᠠᠷ ᠠᠯᠲᠠᠭᠲᠠᠨ᠂ ᠪᠡᠶ᠎ᠡ ᠶᠢᠨ ᠡᠷᠴᠢ ᠪᠠᠭᠤᠷᠠᠲᠠᠭ᠃ ᠮᠦᠨᠴᠤ ᠬᠡᠤᠬᠡᠳ ᠤᠳ ᠢ ᠬᠡᠲᠤ  ᠪᠠᠭ᠎ᠠ ᠨᠠᠰᠤᠨ ᠳᠤᠨᠢ ᠲᠡᠮᠤᠷ ᠡᠷᠬᠦᠬᠦᠯᠵᠤ ᠪᠤᠯᠪᠠᠰᠤᠷᠠᠭᠤᠯᠪᠠᠯ ᠪᠡᠶ᠎ᠡ ᠨᠢ ᠬᠠᠲᠠᠭᠤᠷᠠᠨ᠂ ᠤᠶᠠᠨ ᠬᠠᠲᠠᠨ ᠴᠢᠨᠠᠷ ᠠᠨᠠᠢ  ᠪᠤᠯᠵᠤ ᠦᠢᠴᠢᠬᠤ ᠨᠢ ᠠᠮᠠᠷᠬᠠᠨ ᠪᠤᠯᠬᠤ ᠪᠦᠬᠡᠳ ᠤᠯᠲᠤᠢ ᠰᠤᠯᠤᠭᠠᠢ᠂ ᠤᠲᠠᠭᠠᠨ ᠪᠤᠯᠲᠠᠭ᠃ ᠡᠶᠢᠮᠤ ᠠᠴᠠ  ᠪᠦᠬᠡᠴᠤᠳ ᠮᠠᠨᠢ ᠬᠦᠲᠡᠭᠡ ᠠᠮᠢᠲᠤᠷᠠᠯ ᠠᠬᠤᠢ ᠲᠠᠢ ᠪᠠᠨ ᠦᠢᠷᠠᠬᠠᠨ ᠪᠠᠶᠢᠵᠤ᠂ ᠬᠦᠲᠡᠭᠡ ᠰᠤᠷᠢᠭᠠᠨ ᠳᠤ  ᠬᠦᠨᠲᠤᠳᠬᠡᠯᠲᠡᠢ ᠬᠠᠨᠲᠤᠪᠠᠯ ᠵᠤᠬᠢᠨ᠎ᠠ᠃    
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ ᠤ ᠰᠢᠨ᠎ᠠ ᠮᠠᠯᠴᠢᠳ ᠤᠨ ᠰᠤᠨᠢᠨ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号