| ᠴᠠᠬᠠᠷᠴᠣᠳ ᠤᠨ ᠡᠮᠦᠰᠳᠡᠭ ᠳᠡᠪᠡᠯ ᠬᠤᠪᠴᠠᠰᠣ ᠡᠷᠲᠡ ᠳᠡᠭᠡᠳᠦ ᠦᠶ᠎ᠡ ᠳᠡᠭᠡᠨ ᠡᠷᠡᠭᠲᠡᠢ ᠡᠮᠡᠭᠲᠡᠢ ᠭᠡᠵᠦ | ᠢᠯᠭᠠᠯ ᠦᠭᠡᠢ ᠪᠥᠷ ᠵᠥᠷᠢᠭᠦᠦ ᠵᠠᠭᠠᠮ᠎ᠠ ᠲᠠᠢ᠂ ᠪᠢᠲᠡᠭᠦᠦ ᠣᠨᠣᠭᠤ ᠲᠠᠢ ᠪᠠᠶᠢᠵᠠᠢ᠃ ᠡᠪᠦᠯ ᠤᠨ ᠴᠠᠭ ᠲᠤ ᠳᠡᠪᠡᠯ ᠤᠨ | ᠵᠥᠷᠢᠭᠦᠦ ᠵᠠᠭᠠᠮ᠎ᠠ ᠶᠢ ᠰᠣᠭᠤᠨ ᠳᠠᠭᠠᠨ ᠬᠦᠷᠲᠡᠯ᠎ᠡ ᠪᠣᠯᠠᠭ᠎ᠠ᠂ ᠬᠡᠷᠡᠮᠦ᠂ ᠬᠠᠯᠢᠭᠤ᠂ ᠲᠠᠷᠪᠠᠭ᠎ᠠ᠂ ᠦᠨᠡᠭᠡ᠂ ᠴᠢᠨ᠋ᠸ᠎ᠠ᠂ | ᠬᠤᠷᠠᠭᠠᠨ ᠤ ᠬᠠᠷ᠎ᠠ ᠪᠣᠶᠤ ᠴᠠᠭᠠᠨ ᠨᠠᠷᠢᠨ ᠦᠰᠦᠲᠦ ᠠᠷᠠᠰᠤ ᠪᠠᠷ ᠬᠥᠪᠡᠭᠡᠯᠡᠵᠦ ᠡᠮᠦᠰᠳᠡᠭ᠃ ᠵᠣᠨ ᠪᠣᠯᠪᠠᠯ ᠥᠭᠡᠳᠡᠩ᠂ | ᠴᠠᠮᠪᠠ᠂ ᠬᠢᠯᠢᠩ ᠪᠥᠰ ᠵᠡᠷᠭᠡ ᠪᠠᠷ ᠭᠠᠳᠠᠷᠯᠠᠵᠤ ᠡᠮᠦᠰᠳᠡᠭ᠃ ᠳᠡᠪᠡᠯ ᠤᠨ ᠬᠠᠨᠴᠣᠢ ᠶᠢ ᠣᠷᠲᠤ ᠰᠢᠭ᠋ ᠬᠢᠵᠦ᠂ ᠳᠠᠬᠢᠨ | ᠳᠡᠭᠡᠭᠰᠢ ᠰᠢᠮᠠᠯᠠᠵᠤ ᠦᠵᠦᠭᠦᠷ ᠲᠤ ᠨᠢ ᠮᠥᠨ ᠬᠦ᠋ ᠳᠡᠭᠡᠷᠡᠬᠢ ᠵᠦᠢᠯ ᠤᠳ ᠢᠶᠠᠷ ᠭᠠᠳᠠᠷᠯᠠᠵᠤ ᠡᠮᠦᠰᠳᠡᠭ᠃ ᠳᠡᠪᠡᠯ ᠤᠨ | ᠪᠡᠶ᠎ᠡ ᠶᠢ ᠨᠡᠯᠢᠶᠡᠳ ᠠᠭᠤᠵᠢᠮ ᠬᠢᠵᠦ ᠨᠥᠮᠦᠷᠴᠦ ᠣᠨᠲᠠᠬᠤ ᠳᠠᠭᠠᠨ ᠴᠦ ᠬᠡᠷᠡᠭᠯᠡᠳᠡᠭ᠃ ᠡᠪᠦᠯ ᠤᠨ ᠴᠠᠭ ᠲᠤ ᠠᠷᠠᠰᠣᠨ | ᠳᠡᠪᠡᠯ ᠪᠣᠶᠤ ᠠᠷᠠᠰᠣᠨ ᠳᠣᠲᠣᠷ ᠲᠠᠢ ᠵᠣᠪᠴᠠᠭ᠎ᠠ ᠳᠡᠪᠡᠯ᠂ ᠬᠠᠪᠣᠷ ᠨᠠᠮᠣᠷ ᠲᠤ ᠬᠥᠪᠦᠩᠲᠡᠢ ᠲᠡᠷᠯᠢᠭ᠂ ᠵᠣᠨ ᠤ ᠴᠠᠭ ᠲᠤ | ᠳᠠᠩ ᠪᠣᠶᠤ ᠳᠠᠪᠬᠤᠷ ᠲᠡᠷᠯᠢᠭ ᠬᠢᠵᠦ᠂ ᠬᠦᠢᠲᠡᠨ ᠰᠡᠷᠢᠭᠦᠨ᠂ ᠳᠣᠯᠠᠭᠠᠨ ᠬᠠᠯᠠᠭᠤᠨ ᠶᠢ ᠲᠡᠩᠴᠡᠭᠦᠯᠳᠡᠭ᠃ ᠰᠡᠭᠦᠯᠳᠡᠵᠦ | ᠢᠷᠡᠭᠡᠳ ᠵᠥᠷᠢᠭᠦᠦ ᠵᠠᠭᠠᠮ᠎ᠠ ᠲᠠᠢ ᠳᠡᠪᠡᠯ ᠡᠮᠦᠰᠬᠦ ᠳᠠᠳᠬᠠᠯ ᠢᠶᠠᠨ ᠥᠭᠡᠷᠡᠴᠢᠯᠡᠵᠦ᠂ ᠬᠤᠭᠤᠯᠠᠢ ᠳᠠᠭᠠᠨ ᠳᠣᠬᠢᠷᠠᠭᠰᠠᠨ | ᠪᠠᠭ᠎ᠠ ᠵᠠᠭᠠᠮ᠎ᠠ ᠲᠠᠢ ᠣᠯᠠᠨ ᠳᠣᠪᠴᠢ ᠲᠠᠢ ᠳᠡᠪᠡᠯ ᠲᠡᠷᠯᠢᠭ ᠡᠮᠦᠰᠬᠦ ᠪᠣᠯᠵᠤ᠂ ᠣᠨᠣᠭᠤ ᠲᠠᠢ ᠪᠠ ᠣᠨᠣᠭᠤ ᠦᠭᠡᠢ ᠶᠢ | ᠬᠠᠮᠲᠤ ᠪᠠᠷ ᠡᠳ᠋ᠯᠡᠬᠦ ᠪᠣᠯᠵᠠᠢ᠃ ᠡᠮᠡᠭᠲᠡᠢ ᠬᠦᠮᠦᠨ ᠤ ᠳᠡᠪᠡᠯ ᠲᠡᠷᠯᠢᠭ ᠤᠨ ᠢᠯᠭᠠᠯ ᠭᠡᠪᠡᠯ ᠪᠠᠯᠴᠢᠩ ᠲᠠᠢ᠃ ᠡᠨᠡ ᠨᠢ ᠶᠠᠭᠤ | ᠭᠡᠪᠡᠯ᠂ ᠭᠠᠷ ᠤᠨ ᠳᠣᠬᠤᠢ ᠠᠴᠠ ᠳᠡᠭᠡᠭᠰᠢ ᠳᠣᠷᠣᠭᠰᠢ ᠨᠢᠭᠡ ᠳᠣᠬᠤᠢ ᠬᠢᠷᠢᠲᠡᠢ ᠭᠠᠵᠠᠷ ᠣᠨᠳᠤᠤ ᠥᠩᠭᠡ ᠶᠢᠨ ᠪᠥᠰ | ᠪᠣᠶᠤ ᠲᠣᠷᠭ᠎ᠠ ᠪᠠᠷ ᠬᠢᠵᠦ ᠲᠡᠭᠦᠨ ᠤ ᠳᠡᠭᠡᠷ᠎ᠡ ᠳᠣᠣᠷ᠎ᠠ ᠳᠣᠣᠰᠠ᠂ ᠬᠤᠷᠭᠤᠢ ᠵᠡᠷᠭᠡ ᠪᠠᠷ ᠭᠤᠶᠣᠯᠠᠨ ᠴᠢᠮᠡᠵᠦ ᠡᠮᠦᠰᠳᠡᠭ | ᠪᠠᠶᠢᠪᠠ᠃ ᠳᠡᠪᠡᠯ ᠤᠨ ᠳᠣᠪᠴᠢ ᠪᠣᠯ ᠡᠷᠡᠭᠲᠡᠢ ᠡᠮᠡᠭᠲᠡᠢ ᠭᠡᠵᠦ ᠢᠯᠭᠠᠯ ᠦᠭᠡᠢ ᠥᠩᠭᠡ ᠢᠯᠭᠠᠷᠠᠭᠰᠠᠨ ᠰᠢᠯᠪᠢ ᠪᠠᠷ | ᠳᠣᠪᠴᠢ ᠵᠠᠩᠬᠢᠳᠬᠤ ᠪᠣᠶᠤ ᠭᠠᠤᠯᠢ ᠮᠥᠩᠭᠦ᠂ ᠱᠢᠷᠣ ᠰᠣᠪᠣᠳ ᠢᠶᠠᠷ ᠳᠣᠪᠴᠢ ᠬᠢᠵᠦ᠂ ᠬᠠᠮᠤᠭ ᠣᠯᠠᠨ ᠳᠠᠭᠠᠨ ᠠᠷᠪᠠᠨ | ᠭᠤᠷᠪᠠ ᠠᠴᠠ ᠬᠡᠳᠦᠷᠡᠬᠦ ᠦᠭᠡᠢ᠃ ᠡᠨᠡ ᠨᠢ ᠳᠠᠰᠢᠶᠠᠨ ᠤ ᠬᠤᠶᠠᠷ ᠭᠤᠷᠪᠠ ᠶᠢᠨ ᠵᠢᠷᠭᠤᠭ᠎ᠠ᠂ ᠰᠣᠭᠤᠨ ᠶᠢᠨ ᠨᠢᠭᠡ᠂ | ᠡᠩᠭᠡᠷ ᠤᠨ ᠭᠤᠷᠪᠠ᠂ ᠬᠤᠭᠤᠯᠠᠢ ᠶᠢᠨ ᠨᠢᠭᠡ᠂ ᠵᠠᠭᠠᠮ᠎ᠠ ᠶᠢᠨ ᠬᠤᠶᠠᠷ ᠳᠣᠪᠴᠢ ᠪᠠᠷ ᠪᠥᠷᠢᠯᠳᠦᠳᠡᠭ᠃ ᠴᠣᠯᠭᠤᠢ ᠠᠷᠠᠰᠤ | ᠪᠠᠷ ᠬᠢᠭᠰᠡᠨ ᠳᠡᠪᠡᠯ ᠪᠣᠯ ᠳᠣᠯᠠᠭᠠᠨ ᠲᠣᠯᠠ ᠴᠥᠮ ᠡᠪᠦᠯ ᠤᠨ ᠴᠠᠭ ᠲᠤ ᠡᠮᠦᠰᠳᠡᠭ ᠡᠮᠡᠭᠲᠡᠢ ᠪᠣᠶᠤ ᠬᠡᠦᠬᠡᠳ ᠤᠨ ᠶᠡᠷᠦ | ᠶᠢᠨ ᠴᠠᠭ ᠤᠨ ᠳᠡᠪᠡᠯ ᠪᠣᠯᠣᠨ᠎ᠠ᠃ ᠲᠡᠷᠡ ᠭᠦ᠋ ᠳᠡᠪᠡᠯ ᠶᠢ ᠨᠣᠶᠢᠲᠠᠨ ᠴᠢᠭᠢᠭ ᠠᠴᠠ ᠬᠠᠮᠠᠭᠠᠯᠠᠬᠤ ᠶᠢᠨ ᠳᠣᠰᠠ ᠳᠤ ᠠᠷᠭᠠᠯ | ᠤᠨ ᠤᠳᠤᠭ᠎ᠠ ᠪᠠᠷ ᠤᠲᠤᠵᠤ ᠴᠣᠯ ᠴᠠᠭᠠᠨ ᠥᠩᠭᠡ ᠶᠢ ᠨᠡᠶᠢᠳᠡᠮ ᠳᠤᠨᠢ ᠪᠠᠭ᠎ᠠ ᠰᠢᠭ᠋ ᠰᠢᠷᠠᠯᠠᠭᠤᠯᠣᠨ ᠡᠮᠦᠰᠳᠡᠭ᠃ ᠥᠩᠭᠡ | ᠳᠡᠪᠡᠯ ︵ᠴᠣᠯᠭᠤᠢ ᠠᠷᠠᠰᠤ︶ ᠢᠶᠠᠨ ᠭᠤᠶᠣᠯᠠᠬᠤ ᠶᠢᠨ ᠲᠥᠯᠦᠭᠡ ᠠᠷᠠᠰᠤ ᠶᠢ ᠨᠠᠷᠢᠨ ᠵᠦᠰᠦᠭᠡᠳ ᠦᠰᠦ ᠶᠢ ᠨᠢ ᠬᠤᠰᠣᠵᠤ | ᠪᠠᠰᠠ ᠬᠤᠷᠠᠭᠠᠨ ᠤ ᠠᠷᠠᠰᠤ ᠶᠢ ᠨᠠᠷᠢᠨ ᠵᠦᠰᠦᠭᠡᠳ ᠵᠡᠷᠭᠡᠴᠡᠭᠦᠯᠦᠨ ᠪᠠᠷᠢᠵᠤ ᠳᠡᠪᠡᠯ ᠤᠨ ᠵᠠᠭᠠᠮ᠎ᠠ ᠠᠴᠠ ᠡᠬᠢᠯᠡᠨ᠂ ᠰᠣᠭᠤ᠂ | ᠳᠠᠰᠢᠶ᠎ᠠ᠂ ᠬᠤᠷᠮᠣᠢ ᠪᠥᠭᠦᠳᠡ ᠶᠢ ᠳᠠᠰᠠᠮᠠᠳᠠᠵᠤ ᠣᠶᠣᠳᠠᠭ ᠪᠥᠭᠡᠳ ᠡᠭᠦᠨ ᠢ ᠪᠠᠰᠠ ᠴᠦ ᠥᠷᠭᠡᠨ ᠰᠢᠭ ᠪᠥᠰ ︵ᠲᠠᠪᠣᠨ | ᠰᠡᠨᠲ᠋ᠢᠮᠧᠲᠷ ᠬᠢᠷᠢᠲᠡᠢ︶ ᠢᠶᠠᠷ ᠬᠤᠷᠮᠣᠢ ᠪᠣᠯᠣᠨ ᠬᠠᠨᠴᠣᠢ ᠶᠢ ᠬᠥᠪᠡᠭᠡᠯᠡᠵᠦ ᠲᠡᠭᠦᠨ ᠤ ᠳᠣᠲᠣᠭᠤᠷ ᠨᠠᠷᠢᠨ ᠪᠥᠰ ᠢᠶᠠᠷ | ᠬᠤᠣᠰ ᠲᠠᠯᠪᠢᠨ ︵ᠨᠢᠭᠡ ᠰᠡᠨᠲ᠋ᠢᠮᠧᠲᠷ ᠬᠢᠷᠢᠲᠡᠢ︶ ᠣᠶᠣᠳᠠᠭ᠃ ᠡᠨᠡ ᠨᠢ ᠨᠢᠭᠡ ᠵᠦᠢᠯ ᠤᠨ ᠭᠤᠶᠣᠯᠠᠯ ᠪᠣᠯᠬᠤ ᠪᠠᠷ | ᠪᠠᠷᠠᠬᠤ ᠦᠭᠡᠢ᠂ ᠨᠥᠭᠦᠭᠡ ᠲᠠᠯ᠎ᠠ ᠪᠠᠷ ᠳᠡᠪᠡᠯ ᠤᠨ ᠰᠣᠨᠵᠤ ᠠᠲᠣᠷᠢᠬᠤ ᠶᠢ ᠰᠡᠷᠭᠡᠶᠢᠯᠡᠳᠡᠭ ᠶᠤᠮ᠃ | ᠨᠢᠭᠡᠳᠦᠭᠡᠷ ᠭᠡᠰᠡᠭ ᠪᠥᠰᠡᠲᠡᠶᠢᠴᠣᠳ ᠤᠨ ᠬᠤᠪᠴᠠᠰᠤ ᠵᠠᠰᠠᠯ | ᠪᠥᠰᠡᠲᠡᠶᠢᠴᠣᠳ ᠤᠨ ᠬᠤᠪᠴᠠᠰᠤ ᠵᠠᠰᠠᠯ ᠨᠢ ᠨᠡᠭᠦᠳᠡᠯ ᠮᠠᠯᠵᠢᠯ ᠤᠨ ᠦᠢᠯᠡᠳᠪᠦᠷᠢᠯᠡᠯ ᠠᠮᠢᠳᠣᠷᠠᠯ ᠤᠨ ᠣᠨᠴᠠᠯᠢᠭ | ᠲᠠᠭᠠᠨ ᠳᠣᠬᠢᠷᠠᠭᠰᠠᠨ ᠵᠠᠭᠪᠣᠷ ᠶᠠᠩᠵᠤ ᠪᠠ ᠬᠢᠴᠡ ᠤᠷᠠᠯᠠᠯ ᠲᠠᠢ᠃ ᠡᠳᠡᠭᠡᠷ ᠢ ᠬᠡᠷᠡᠭᠴᠡᠭᠡ ᠦᠢᠯᠡᠳᠦᠯ ᠢᠶᠠᠷ ᠨᠢ | ᠬᠤᠪᠴᠠᠰᠤ ᠬᠤᠨᠠᠷ ᠪᠣᠯᠣᠨ ᠵᠠᠰᠠᠯ ᠵᠢᠮᠰᠡᠭ ᠭᠡᠬᠦ ᠬᠤᠶᠠᠷ ᠬᠤᠪᠢᠶᠠᠵᠤ ᠪᠣᠯᠣᠨ᠎ᠠ᠃ | ᠨᠢᠭᠡ᠂ ᠪᠥᠰᠡᠲᠡᠶᠢᠴᠣᠳ ᠤᠨ ᠬᠤᠪᠴᠠᠰᠤ ᠬᠤᠨᠠᠷ | ᠪᠥᠰᠡᠲᠡᠶᠢᠴᠣᠳ ᠤᠨ ᠬᠤᠪᠴᠠᠰᠤ ᠬᠤᠨᠠᠷ ᠲᠤ ᠮᠠᠯᠠᠭᠠᠢ᠂ ᠲᠡᠷᠯᠢᠭ᠂ ᠵᠤᠪᠴᠠᠭ᠎ᠠ᠂ ᠳᠡᠪᠡᠯ᠂ ᠥᠩᠭᠡ ᠳᠡᠪᠡᠯ᠂ | ᠢᠮᠠᠭᠠᠨ ᠳᠠᠬᠤ᠂ ᠭᠤᠳᠣᠯ ᠵᠡᠷᠭᠡ ᠪᠠᠭᠲᠠᠳᠠᠭ᠃ | ᠮᠠᠯᠠᠭᠠᠢ — ᠬᠤᠯᠣᠭᠤᠪᠴᠢ ᠮᠠᠯᠠᠭᠠᠢ ︵ᠪᠥᠴᠡᠯᠡᠭᠦᠷ︶ ᠪᠣᠯ ᠴᠠᠬᠠᠷᠴᠣᠳ ᠤᠨ ᠡᠷᠲᠡᠨ ᠤ ᠡᠳ᠋ᠯᠡᠭᠡ ᠮᠥᠨ᠃ | ᠮᠠᠯᠠᠭᠠᠢ ᠶᠢᠨ ᠣᠷᠣᠢ ᠨᠢ ᠲᠡᠶᠢᠮᠦ ᠠᠶᠢᠬᠤᠪᠲᠣᠷ ᠱᠤᠷᠣᠩ ᠪᠢᠰᠢ᠂ ᠣᠷᠣᠢ ᠶᠢᠨ ᠦᠵᠦᠭᠦᠷ ᠳᠡᠭᠡᠷ᠎ᠡ ᠤᠯᠠᠭᠠᠨ ᠥᠩᠭᠡ ᠶᠢᠨ | ᠳᠡᠪ ᠲᠠᠢ᠂ ᠳᠡᠪ ᠤᠨ ᠳᠡᠭᠡᠷ᠎ᠡ ᠭᠦᠷᠦᠮᠡᠯ ᠤᠯᠠᠭᠠᠨ ᠤᠲᠠᠰᠤ ᠪᠠᠷ ᠵᠠᠩᠭᠢᠳᠣᠭᠰᠠᠨ ᠲᠤᠪᠴᠢ ᠲᠠᠢ᠂ ᠳᠡᠪ ᠤᠨ ᠳᠣᠣᠷ᠎ᠠ ᠨᠢ | ᠣᠯᠠᠭᠠᠨ ᠥᠩᠭᠡ ᠶᠢᠨ ᠲᠠᠮᠣᠯᠣᠯ ᠣᠲᠠᠰᠣᠨ ᠰᠠᠴᠤᠭ ︵ᠵᠠᠯᠠᠭ᠎ᠠ︶ ᠢ ᠠᠷᠤ ᠥᠭᠡᠳᠡ ᠪᠠᠨ ᠣᠨᠵᠢᠭᠤᠯᠣᠭᠰᠠᠨ ᠪᠠᠶᠢᠳᠠᠭ᠃ | ᠮᠠᠯᠠᠭᠠᠢ ᠶᠢᠨ ᠠᠷᠤ ᠠᠴᠠ ᠤᠯᠠᠭᠠᠨ ᠥᠩᠭᠡ ᠶᠢᠨ ᠬᠤᠶᠠᠷ ᠪᠥᠴᠡ ᠶᠢ ᠳᠣᠷᠣᠭᠰᠢ ᠳᠠᠯᠤ ᠮᠥᠷᠦ ᠬᠦᠷᠲᠡᠯ᠎ᠡ ᠪᠠᠨ | ᠣᠨᠵᠢᠭᠤᠯᠳᠠᠭ᠃ ᠮᠠᠯᠠᠭᠠᠢ ᠶᠢᠨ ᠥᠨᠳᠦᠷ ᠤᠨ ᠬᠡᠮᠵᠢᠶ᠎ᠡ ᠨᠢᠭᠡᠨ ᠳᠣᠬᠤᠢ ᠶᠢᠨ ᠪᠠᠷᠣᠭᠲᠠᠢ᠂ ᠮᠠᠯᠠᠭᠠᠢ ᠶᠢᠨ ᠡᠮᠦᠨ᠎ᠡ ᠠᠴᠠ | ᠴᠢᠬᠢᠨ ᠤ ᠠᠷᠤ ᠬᠦᠷᠲᠡᠯ᠎ᠡ ᠳᠡᠭᠡᠭᠰᠢ ᠰᠡᠬᠦᠭᠰᠡᠨ ᠬᠠᠪᠢᠰᠤ ︵ᠰᠠᠷᠠᠪᠴᠢ︶ ᠲᠠᠢ᠂ ᠥᠷᠭᠡᠨ ᠨᠢ 5 ᠠᠴᠠ10 ᠰᠡᠨᠲ᠋ᠢᠮᠧᠲᠷ᠂ | ᠬᠦᠢᠲᠡᠨ ᠳᠤ ᠳᠣᠷᠣᠭᠰᠢ ᠪᠠᠭᠤᠯᠭᠠᠪᠠᠯ ᠬᠤᠭᠤᠯᠠᠢ ᠳᠣᠣᠷ᠎ᠠ ᠪᠠᠨ ᠬᠦᠷᠬᠦ ᠬᠠᠪᠢᠰᠣᠨ ᠪᠥᠴᠡᠯᠡᠭᠦᠷ ᠲᠠᠢ ᠪᠢᠯᠡ᠃ | ᠲᠥᠭᠦᠷᠢᠭ ᠮᠠᠯᠠᠭᠠᠢ — ᠲᠥᠭᠦᠷᠢᠭ ᠬᠡᠯᠪᠡᠷᠢ ᠶᠢᠨ ᠪᠣᠭᠤᠨᠢ ᠣᠷᠣᠢ ᠲᠠᠢ ᠪᠠᠭ᠎ᠠ ᠰᠢᠭ᠋ ᠳᠣᠪᠴᠢ ᠲᠠᠢ | ᠲᠣᠭᠤᠷᠢᠭᠠᠳ ᠲᠥᠭᠦᠷᠢᠭ ᠰᠠᠷᠠᠪᠴᠢ ᠲᠠᠢ ᠬᠠᠪᠢᠰᠤ ᠮᠠᠯᠠᠭᠠᠢ ᠪᠣᠯ ᠡᠷᠡᠭᠲᠡᠶᠢᠴᠣᠳ ᠤᠨ ᠬᠠᠪᠣᠷ ᠨᠠᠮᠣᠷ ᠡᠮᠦᠰᠳᠡᠭ ᠮᠠᠯᠠᠭᠠᠢ | ᠮᠥᠨ᠃ ᠡᠭᠦᠨ ᠤ ᠵᠠᠷᠢᠮ ᠳᠤᠨᠢ ᠪᠠᠰᠠ ᠪᠣᠭᠤᠨᠢ ᠰᠢᠭ᠋ ᠤᠯᠠᠭᠠᠨ ᠵᠠᠯᠠᠭ᠎ᠠ ︵ᠰᠠᠴᠤᠭ︶ ᠶᠢ ᠠᠷᠤ ᠥᠭᠡᠳᠡ ᠨᠢ | ᠣᠨᠵᠢᠭᠤᠯᠣᠭᠰᠠᠨ ᠪᠠᠶᠢᠳᠠᠭ᠃ ᠰᠡᠷᠢᠭᠦᠨ ᠬᠦᠢᠲᠡᠨ ᠦᠶ᠎ᠡ ᠳᠤ ᠡᠮᠦᠰᠬᠦ ᠳᠡᠭᠡᠨ ᠠᠯᠢ ᠵᠦᠭ ᠠᠴᠠ ᠵᠢᠪᠠᠷ ᠲᠠᠢ ᠪᠣᠯ ᠲᠡᠷᠡ | ᠲᠠᠯ᠎ᠠ ᠶᠢᠨ ᠰᠠᠷᠠᠪᠴᠢ ᠪᠠᠨ ᠳᠣᠷᠣᠭᠰᠢ ᠳᠠᠷᠣᠵᠤ ᠴᠢᠬᠢ ᠪᠠᠨ ᠪᠥᠭᠯᠡᠭᠡᠳ ᠶᠠᠪᠣᠳᠠᠭ᠃ | ᠲᠣᠭᠤᠷᠴᠤᠭ ᠮᠠᠯᠠᠭᠠᠢ — ᠴᠢᠩ ᠣᠯᠣᠰ ᠤᠨ ᠰᠡᠭᠦᠯᠴᠢ ᠶᠢᠨ ᠦᠶ᠎ᠡ ᠠᠴᠠ ᠡᠬᠢᠯᠡᠵᠦ ᠮᠢᠩᠭ᠎ᠠ ᠶᠢᠰᠦᠨ ᠵᠠᠭᠤ | ᠲᠠᠪᠢᠭᠠᠳ ᠣᠨ ᠤ ᠦᠶ᠎ᠡ ᠬᠦᠷᠲᠡᠯ᠎ᠡ ᠡᠨᠡ ᠮᠠᠯᠠᠭᠠᠢ ᠴᠠᠬᠠᠷ ᠨᠣᠲᠤᠭ ᠳᠤ ᠶᠡᠭᠡ ᠳᠡᠯᠭᠡᠷᠡᠪᠡ᠃ ᠡᠨᠡ ᠮᠠᠯᠠᠭᠠᠢ ᠨᠢ | ᠵᠢᠷᠭᠤᠭᠠᠨ ᠭᠡᠰᠡᠭ ᠵᠦᠢᠳᠡᠰᠦ ᠪᠠᠷ ᠪᠥᠲᠦᠭᠡᠭᠰᠡᠨ ᠪᠥᠮᠪᠦᠷᠢᠭᠡᠨ ᠣᠷᠣᠢ ᠲᠠᠢ ᠮᠠᠯᠠᠭᠠᠢ᠃ ᠣᠷᠣᠢ ᠳᠡᠭᠡᠷ᠎ᠡ ᠪᠠᠨ ᠪᠠᠰᠠ | ᠣᠯᠠᠭᠠᠨ ᠳᠣᠪᠴᠢ ᠲᠠᠢ᠃ ᠡᠭᠦᠨ ᠢ ᠡᠷᠡᠭᠲᠡᠢ ᠡᠮᠡᠭᠲᠡᠢ ᠢᠯᠭᠠᠯ ᠦᠭᠡᠢ ᠡᠮᠦᠰᠳᠡᠭ ᠪᠠᠶᠢᠪᠠ᠃ | ᠬᠠᠪᠴᠢᠭ ᠮᠠᠯᠠᠭᠠᠢ — ᠲᠣᠰ ᠮᠠᠯᠠᠭᠠᠢ ᠨᠢ ᠲᠥᠭᠦᠷᠢᠭ ᠣᠷᠣᠢ ᠲᠠᠢ ᠪᠥᠭᠡᠳ10 ᠰᠡᠨᠲ᠋ᠢᠮᠧᠲᠷ ᠬᠢᠷᠢᠲᠡᠢ | ᠳᠡᠭᠡᠭᠰᠢ ᠡᠷᠬᠢᠭᠦᠯᠦᠭᠰᠡᠨ ᠰᠠᠷᠠᠪᠴᠢ ᠲᠠᠢ᠃ ᠡᠨᠡ ᠬᠦ᠋ ᠮᠠᠯᠠᠭᠠᠢ ᠶᠢ ᠭᠤᠣᠯᠳᠠᠭᠤ ᠬᠦᠢᠲᠡᠨ ᠰᠡᠷᠢᠭᠦᠨ ᠴᠠᠭ ᠲᠤ ᠡᠮᠦᠰᠬᠦ | ᠲᠤᠯᠠ ᠰᠠᠷᠠᠪᠴᠢ ᠶᠢ ᠡᠯᠳᠡᠪ ᠨᠠᠷᠢᠨ ᠦᠰᠦ ᠪᠠᠷ ᠦᠢᠯᠡᠳᠦᠭᠰᠡᠨ ᠪᠥᠭᠡᠳ ᠨᠠᠰᠣᠲᠠᠨ ᠲᠣᠮᠣᠭᠠᠲᠠᠨ ᠨᠠᠷ ᠡᠮᠦᠰᠳᠡᠭ ᠠᠴᠠ | ᠪᠢᠰᠢ ᠵᠠᠯᠠᠭᠤᠴᠣᠳ ᠡᠮᠦᠰᠳᠡᠭ ᠦᠭᠡᠢ᠃ ᠡᠨᠡ ᠮᠠᠯᠠᠭᠠᠢ ᠶᠢ ᠮᠢᠩᠭ᠎ᠠ ᠶᠢᠰᠦᠨ ᠵᠠᠭᠤ ᠭᠤᠴᠢᠨ ᠬᠡᠳᠦᠨ ᠣᠨ ᠤ ᠦᠶ᠎ᠡ ᠠᠴᠠ | ᠡᠮᠦᠰᠬᠦ ᠪᠠᠨ ᠪᠣᠯᠢᠵᠠᠢ᠃ | ᠲᠡᠷᠯᠢᠭ — ᠴᠠᠬᠠᠷ ᠲᠤ ᠪᠥᠰᠡᠲᠡᠢ ᠬᠦᠮᠦᠨ ᠤ ᠲᠡᠷᠯᠢᠭ ᠢ ᠭᠤᠣᠯ ᠨᠢ ᠬᠥᠬᠡ᠂ ᠪᠣᠷᠤ᠂ ᠬᠦᠷᠡᠩ᠂ ᠬᠠᠷ᠎ᠠ | ᠥᠩᠭᠡ ᠶᠢᠨ ᠶᠣᠷᠤᠭ᠂ ᠳᠠᠯᠢᠩᠪᠤᠤ᠂ ᠶᠠᠩᠳᠠᠯᠢᠩ ᠢᠶᠠᠷ ᠬᠢᠨ᠎ᠡ᠃ ᠲᠡᠷᠯᠢᠭ ᠢ ᠳᠠᠩ᠂ ᠳᠠᠪᠬᠤᠷ ᠭᠡᠵᠦ ᠢᠯᠭᠠᠨ᠎ᠠ᠃ ᠲᠡᠩ | ᠲᠡᠷᠯᠢᠭ ᠢ ᠪᠥᠰ ᠴᠠᠮᠴᠠ ᠭᠡᠵᠦ ᠬᠡᠯᠡᠳᠡᠭ᠃ ᠲᠡᠷᠯᠢᠭ ᠢ ᠭᠤᠣᠯᠳᠠᠭᠤ ᠵᠣᠨ ᠨᠠᠮᠣᠷ ᠤᠨ ᠣᠯᠠᠷᠢᠯ ᠳᠤ ᠡᠮᠦᠰᠳᠡᠭ᠃ ᠴᠠᠬᠠᠷ | ᠲᠡᠷᠯᠢᠭ ᠤᠨ ᠣᠨᠴᠠᠯᠢᠭ ᠭᠡᠪᠡᠯ ᠪᠣᠰᠤᠭ᠎ᠠ ᠵᠠᠭᠠᠮ᠎ᠠ᠂ ᠣᠷᠲᠤ ᠬᠠᠨᠴᠣᠢ᠂ ᠠᠭᠤᠳᠠᠮ ᠰᠣᠭᠤ᠂ ᠠᠭᠤᠵᠢᠮ ᠴᠡᠭᠡᠵᠢ᠂ | ᠬᠠᠨᠠᠭᠠᠷ ᠬᠤᠷᠮᠣᠢ᠂ ᠲᠠᠯᠪᠢᠭᠤ ᠣᠨᠤᠭ᠎ᠠ ᠲᠠᠢ᠃ ᠳᠡᠪᠡᠯ ᠤᠨ ᠡᠮᠵᠢᠶᠡᠷᠢ ᠶᠢᠨ ᠬᠠᠮᠤᠭ ᠭᠠᠳᠠᠨᠠᠬᠢ ᠶᠢ ᠴᠢᠮᠬᠢᠶᠡᠷᠢ ᠭᠡᠳᠡᠭ | ᠪᠥᠭᠡᠳ ᠳᠠᠩ ᠡᠮᠵᠢᠶᠡᠷᠢ᠂ ᠬᠤᠣᠰ ᠡᠮᠵᠢᠶᠡᠷᠢ᠂ ᠭᠤᠷᠪᠠᠯᠠᠯ ᠡᠮᠵᠢᠶᠡᠷᠢ ᠲᠠᠢ ᠪᠠᠶᠢᠵᠤ᠂ ᠬᠡᠳᠦᠢ ᠡᠮᠵᠢᠶᠡᠷᠢ ᠲᠠᠢ ᠪᠣᠯ | ᠳᠡᠳᠦᠢ ᠳᠣᠪᠴᠢ ᠰᠢᠯᠪᠢ ᠳᠣᠬᠢᠷᠠᠭᠤᠯᠣᠨ ᠬᠠᠳᠠᠳᠠᠭ᠃ | ᠲᠡᠷᠯᠢᠭ ᠤᠨ ᠡᠩᠭᠡᠷ᠂ ᠵᠠᠭᠠᠮ᠎ᠠ᠂ ᠬᠠᠨᠴᠣᠢ᠂ ᠬᠤᠯᠣᠭᠤᠪᠴᠢ᠂ ᠬᠤᠷᠮᠣᠢ ᠶᠢ ᠡᠮᠵᠢᠵᠦ᠂ ᠡᠮᠵᠢᠶᠡᠷᠢ ᠶᠢ ᠲᠡᠷᠯᠢᠭ ᠤᠨ | ᠥᠩᠭᠡ ᠲᠠᠢ ᠬᠠᠷᠰᠢᠭᠤᠯᠣᠨ ᠳᠣᠬᠢᠶᠠᠵᠤ᠂ ᠡᠮᠵᠢᠶᠡᠷᠢ ᠶᠢ ᠰᠢᠯᠪᠢ ᠳᠣᠪᠴᠢ ᠲᠠᠢ ᠠᠳᠠᠯᠢ ᠥᠩᠭᠡ ᠲᠠᠢ ᠪᠠᠶᠢᠯᠭᠠᠳᠠᠭ᠃ | ᠬᠢᠵᠢᠶᠡᠯ ᠨᠠᠰᠣᠨ ᠤ ᠪᠥᠰᠡᠲᠡᠢ ᠬᠦᠮᠦᠨ ᠳᠤ ᠳᠠᠷᠣᠤ ᠥᠩᠭᠡ ᠪᠠᠷ ᠡᠮᠵᠢᠵᠦ᠂ ᠵᠠᠯᠠᠭᠤᠴᠣᠳ ᠪᠠᠭᠠᠴᠣᠳ ᠲᠤ ᠬᠤᠷᠴᠠ | ᠥᠩᠭᠡ ᠶᠢ ᠬᠡᠷᠡᠭᠯᠡᠨ ᠡᠮᠵᠢᠳᠡᠭ᠃ | ᠴᠠᠬᠠᠷ ᠲᠡᠷᠯᠢᠭ ᠤᠨ ᠵᠠᠭᠠᠮ᠎ᠠ ᠶᠢᠨ ᠳᠣᠪᠴᠢ ᠠᠴᠠ ᠳᠣᠷᠣᠭᠰᠢ ᠢᠮᠠᠬᠤ ᠭᠡᠰᠡᠭ ᠢ ᠠᠮᠢᠰᠬᠤᠯ ᠭᠡᠨ᠎ᠡ᠃ | ᠠᠮᠢᠰᠬᠤᠯ ᠠᠴᠠ ᠡᠩᠭᠡᠷ ᠤᠨ ᠳᠣᠪᠴᠢ ᠬᠦᠷᠬᠦ ᠭᠡᠰᠡᠭ ᠢ ᠲᠣᠭᠤᠯ ᠡᠩᠭᠡᠷ ᠪᠣᠶᠤ ᠡᠩᠭᠡᠷ ᠤᠨ ᠳᠦᠷᠢᠯᠭᠡ ᠭᠡᠨ᠎ᠡ᠃ ᠡᠭᠦᠨ | ᠠᠴᠠ ᠳᠣᠷᠣᠭᠰᠢ ᠰᠣᠭᠤᠨ ᠤ ᠳᠣᠪᠴᠢ ᠬᠦᠷᠲᠡᠯ᠎ᠡ ᠳᠣᠭᠤᠶᠢᠯᠠᠭᠰᠠᠨ ᠬᠠᠭᠠᠰ ᠳᠣᠭᠤᠢ ᠭᠡᠰᠡᠭ ᠢ ᠮᠠᠯᠲᠠᠭᠠᠷᠢ ᠡᠩᠭᠡᠷ ᠭᠡᠬᠦ | ᠪᠣᠶᠤ ᠡᠪᠡᠷ ᠡᠩᠭᠡᠷ ᠭᠡᠨ᠎ᠡ᠃ ᠲᠡᠭᠦᠨ ᠠᠴᠠ ᠳᠣᠷᠣᠭᠰᠢ ᠬᠤᠷᠮᠣᠢ ᠬᠦᠷᠬᠦ ᠭᠡᠰᠡᠭ ᠢ ᠰᠣᠮᠣ ᠨᠥᠮᠦᠷᠭᠡ ᠭᠡᠨ᠎ᠡ᠃ ᠲᠡᠷᠯᠢᠭ | ᠤᠨ ᠳᠠᠰᠢᠶᠠᠨ ᠠᠴᠠ ᠳᠣᠷᠣᠭᠰᠢ ᠬᠤᠶᠠᠷ ᠰᠠᠯᠣᠩᠬᠢ ᠭᠡᠰᠡᠭ ᠢ ᠣᠭᠤᠨᠤ ᠪᠣᠶᠤ ᠳᠠᠰᠢᠶᠠᠪᠴᠢ ᠭᠡᠨ᠎ᠡ᠃ ᠣᠭᠤᠨᠤ ᠶᠢᠨ | ᠳᠡᠭᠡᠳᠦ ᠡᠬᠢ ᠶᠢ ᠪᠠᠬᠢᠯᠡᠵᠦ ᠣᠶᠣᠭᠰᠠᠨ ᠣᠶᠣᠳᠠᠯ ᠢ ᠬᠢᠰᠠ ᠭᠡᠨ᠎ᠡ᠃ | ᠵᠣᠪᠴᠠᠭ᠎ᠠ ᠳᠡᠪᠡᠯ — ᠪᠥᠰ ᠪᠣᠶᠤ ᠲᠣᠷᠭ᠎ᠠ ᠪᠠᠷ ᠭᠠᠳᠠᠷᠯᠠᠭᠰᠠᠨ ᠠᠷᠠᠰᠣᠨ ᠳᠡᠪᠡᠯ ᠢ ᠵᠣᠪᠴᠠᠭ᠎ᠠ ᠳᠡᠪᠡᠯ | ᠭᠡᠨ᠎ᠡ᠃ ᠮᠥᠨ ᠲᠡᠷᠯᠢᠭ ᠲᠠᠢ ᠠᠳᠠᠯᠢ ᠪᠠᠷ ᠥᠪᠡᠷ ᠤᠨ ᠳᠣᠷᠠᠲᠠᠢ ᠥᠩᠭᠡ ᠪᠠᠷ ᠢᠶᠠᠨ ᠡᠮᠵᠢᠵᠦ᠂ ᠶᠡᠭᠡ ᠪᠡᠶ᠎ᠡ ᠲᠠᠢ ᠨᠢ | ᠬᠠᠷᠰᠢᠭᠤᠯᠣᠨ ᠢᠯᠭᠠᠷᠠᠭᠤᠯᠵᠤ ᠬᠢᠳᠡᠭ᠃ ᠴᠠᠬᠠᠷ ᠲᠤ ᠬᠤᠷᠭᠤᠢ ᠪᠠᠷ ᠪᠣᠶᠤ ᠴᠠᠰᠠᠷ ᠢᠶᠠᠷ ᠡᠮᠵᠢᠬᠦ ᠨᠢ ᠣᠯᠠᠨ᠃ ᠭᠠᠤᠯᠢ᠂ | ᠴᠠᠭᠠᠨ ᠭᠠᠤᠯᠢ᠂ ᠵᠡᠰ᠂ ᠮᠥᠩᠭᠦᠨ ᠳᠣᠪᠴᠢ ᠬᠠᠳᠠᠳᠠᠭ᠃ ᠵᠤᠪᠴᠠᠭ᠎ᠠ ᠳᠡᠪᠡᠯ ᠳᠤ ᠪᠥᠷ ᠲᠣᠭᠤᠷᠠᠢ ︵ᠨᠢᠳᠣᠷᠭ᠎ᠠ︶ ᠬᠢᠳᠡᠭ | ᠃ ᠲᠡᠷᠡ ᠨᠢ ᠬᠦᠢᠲᠡᠨ ᠵᠢᠪᠠᠷ ᠠᠴᠠ ᠭᠠᠷ ᠢ ᠬᠠᠮᠠᠭᠠᠯᠠᠬᠤ ᠦᠢᠯᠡᠳᠦᠯ ᠲᠠᠢ᠃ ᠵᠣᠪᠴᠠᠭ᠎ᠠ ᠳᠡᠪᠡᠯ ᠤᠨ ᠲᠣᠭᠤᠷᠠᠢ ᠶᠢ | ᠪᠣᠯᠠᠭ᠎ᠠ᠂ ᠬᠠᠯᠢᠭᠤ᠂ ᠮᠢᠨᠵᠢ᠂ ᠥᠨᠡᠭᠡ᠂ ᠬᠢᠷᠰᠠ᠂ ᠬᠤᠷᠠᠭ᠎ᠠ ᠵᠡᠷᠭᠡ ᠶᠢᠨ ᠠᠷᠠᠰᠤ ᠪᠠᠷ ᠬᠢᠳᠡᠭ᠃ ᠵᠤᠪᠴᠠᠭ᠎ᠠ ᠳᠡᠪᠡᠯ ᠨᠢ | ᠭᠠᠭᠴᠠ ᠴᠠᠬᠠᠷᠴᠣᠳ ᠭᠡᠰᠡᠨ ᠦᠭᠡᠢ ᠪᠥᠬᠦᠶᠢᠯᠡ ᠨᠡᠭᠦᠳᠡᠯᠴᠢᠨ ᠮᠣᠩᠭᠤᠯᠴᠣᠳ ᠤᠨ ᠡᠪᠦᠯ ᠤᠨ ᠭᠤᠣᠯ ᠡᠮᠦᠰᠬᠡᠯ ᠪᠣᠯᠬᠤ | ᠪᠠᠷ ᠪᠠᠷᠠᠬᠤ ᠦᠭᠡᠢ᠂ ᠴᠠᠭᠠᠨ ᠰᠠᠷ᠎ᠠ ᠳᠤ ᠵᠠᠯᠠᠭᠤᠴᠣᠳ ᠪᠠᠭᠠᠴᠣᠳ ᠤᠨ ᠭᠤᠶᠣᠯᠠᠯ ᠤᠨ ᠭᠤᠣᠯ ᠡᠮᠦᠰᠬᠡᠯ ᠪᠣᠯᠳᠠᠭ᠃ | ᠵᠤᠪᠴᠠᠭ᠎ᠠ ᠳᠡᠪᠡᠯ ᠢ ᠳᠣᠲᠣᠷ᠎ᠠ ᠨᠢ ᠰᠡᠩᠰᠡᠨ ᠵᠣᠪᠴᠠᠭ᠎ᠠ᠂ ᠦᠵᠦᠭᠦᠷᠰᠡᠭ ᠭᠡᠵᠦ ᠢᠯᠭᠠᠨ ᠨᠡᠷᠡᠯᠡᠳᠡᠭ᠃ | ᠰᠡᠩᠰᠡᠨ ᠵᠣᠪᠴᠠᠭ᠎ᠠ — ᠬᠥᠷᠦᠪᠡᠵᠢᠭᠰᠡᠨ ᠬᠤᠷᠠᠭᠠᠨ ᠤ ᠠᠷᠠᠰᠤ ᠶᠢ ᠪᠦᠰ ᠪᠣᠶᠤ ᠲᠣᠷᠭ᠎ᠠ ᠪᠠᠷ ᠭᠠᠳᠠᠷᠯᠠᠵᠤ | ᠬᠢᠭᠰᠡᠨ ᠳᠡᠪᠡᠯ ᠢ ᠰᠡᠩᠰᠡᠨ ᠵᠣᠪᠴᠠᠭ᠎ᠠ ᠭᠡᠨ᠎ᠡ᠃ | ᠰᠡᠩᠰᠡᠨ ᠵᠣᠪᠴᠠᠭ᠎ᠠ ᠶᠢ ᠭᠤᠣᠯᠳᠠᠭᠤ ᠬᠤᠷᠭᠤᠢ ᠪᠠᠷ ᠡᠮᠵᠢᠶᠡᠷᠢᠯᠡᠵᠦ᠂ ᠡᠩᠭᠡᠷ ᠬᠤᠷᠮᠣᠢ᠂ ᠣᠭᠤᠨᠤ ᠳᠤᠨᠢ | ᠬᠤᠷᠠᠭᠠᠨ ᠦᠰᠦ ᠪᠠᠷᠢᠵᠤ ᠬᠠᠳᠠᠨ᠂ ᠦᠰᠦ ᠶᠢ ᠭᠠᠳᠠᠭᠰᠢ ᠴᠣᠬᠤᠶᠢᠯᠭᠠᠵᠤ ᠭᠠᠷᠭᠠᠳᠠᠭ᠃ ᠵᠠᠷᠢᠮ ᠭᠠᠵᠠᠷ ᠲᠤ ᠬᠤᠷᠠᠭᠠᠨ | ᠦᠰᠦ ᠪᠠᠨ ᠭᠠᠳᠠᠨ᠎ᠠ ᠬᠥᠪᠡᠭᠡ ᠶᠢ ᠨᠢ ᠳᠠᠭᠠᠭᠤᠯᠣᠨ ᠳᠠᠰᠠᠮᠠᠳᠠᠵᠤ ᠣᠶᠣᠳᠠᠭ ᠪᠣᠢ᠃ | ᠰᠠᠩᠰᠠᠨ ᠵᠣᠪᠴᠠᠭ᠎ᠠ ᠳᠤ ᠱᠢᠷᠦ᠂ ᠣᠭ᠍ᠶᠤ᠂ ᠣᠨᠳᠣᠷᠭᠠᠨ ᠪᠠᠯ ᠪᠣᠶᠤ ᠮᠥᠩᠭᠦᠨ ᠨᠠᠪᠴᠢᠨ ᠳᠡᠪᠢᠰᠬᠡᠷ ᠲᠠᠢ | ᠮᠥᠩᠭᠦᠨ ᠳᠣᠪᠴᠢ ᠶᠢ ᠬᠤᠭᠤᠯᠠᠢ᠂ ᠡᠩᠭᠡᠷ ᠳᠠᠰᠢᠶᠠᠨ ᠳᠤᠨᠢ ᠭᠤᠷᠪᠠᠯᠠᠨ ᠬᠠᠳᠠᠪᠠᠯ ᠮᠠᠰᠢ ᠭᠤᠶᠣᠮᠰᠤᠭ ᠰᠠᠶᠢᠬᠠᠨ | ᠬᠠᠷᠠᠭᠳᠠᠳᠠᠭ᠃ ᠡᠶᠢᠮᠦ ᠳᠡᠪᠡᠯ ᠢ ᠵᠢᠯ ᠴᠠᠭᠠᠨ ᠰᠠᠷ᠎ᠠ ᠪᠣᠶᠤ ᠪᠠᠶᠠᠷ ᠨᠠᠶᠢᠷ ᠲᠤ ᠡᠮᠦᠰᠳᠡᠭ᠃ | ᠦᠵᠦᠭᠦᠷᠰᠡᠭ ᠵᠣᠪᠴᠠᠭ᠎ᠠ — ᠨᠠᠮᠣᠷ ᠤᠨ ᠬᠤᠨᠢᠨ ᠤ ᠠᠷᠠᠰᠤ ᠪᠠᠷ ᠣᠶᠣᠭᠰᠠᠨ ᠵᠣᠪᠴᠠᠭ᠎ᠠ ᠶᠢ ᠦᠵᠦᠭᠦᠷᠰᠡᠭ | ᠵᠣᠪᠴᠠᠭ᠎ᠠ ᠭᠡᠨ᠎ᠡ᠃ ᠲᠡᠷᠡ ᠨᠢ ᠦᠰᠦ ᠨᠢ ᠪᠣᠭᠤᠨᠢᠪᠲᠣᠷ ᠴᠦ ᠢᠯᠴᠢ ᠰᠠᠶᠢᠲᠠᠢ ᠬᠥᠩᠭᠡᠨ ᠣᠴᠢᠷ ᠠᠴᠠ ᠡᠪᠦᠯ ᠴᠠᠭ ᠲᠤ | ᠮᠠᠯ ᠤᠨᠠᠭᠠᠨ ᠳᠤ ᠶᠠᠪᠣᠬᠤ ᠳᠤ ᠳᠣᠬᠢᠷᠠᠬᠤ ᠡᠮᠦᠰᠬᠡᠯ ᠪᠣᠯᠳᠠᠭ᠃ ᠦᠵᠦᠭᠦᠷᠰᠡᠭ ᠵᠣᠪᠴᠠᠭ᠎ᠠ ᠳᠤ ᠪᠣᠯᠠᠭᠠᠨ ᠳᠣᠷᠣᠭᠤ ︵ | ᠨᠢᠳᠣᠷᠭ᠎ᠠ︶ ᠲᠠᠭᠠᠷᠠᠭᠤᠯᠪᠠᠯ ᠪᠠᠷᠤᠭ ᠤᠨ ᠡᠪᠦᠯ ᠢ ᠠᠵᠢᠭ ᠦᠭᠡᠢ ᠥᠩᠭᠡᠷᠡᠭᠡᠳᠡᠭ᠃ ᠠᠳᠣᠭᠤ ᠮᠠᠯ ᠳᠤ ᠡᠮᠦᠰᠳᠡᠭ | ᠦᠵᠦᠭᠦᠷᠰᠡᠭ ᠵᠣᠪᠴᠠᠭ᠎ᠠ ᠳᠤ ᠪᠠᠰᠠ ᠴᠡᠭᠡᠵᠢᠨ ᠤ ᠳᠠᠷᠣᠯᠲᠠ ᠭᠤᠶᠠᠨ ᠤ ᠪᠣᠭᠤᠯᠲᠠ ᠲᠠᠭᠠᠷᠠᠭᠤᠯᠣᠨ ᠡᠳ᠋ᠯᠡᠳᠡᠭ᠃ ᠡᠨᠡ ᠨᠢ | ᠡᠪᠦᠯ ᠴᠠᠭ ᠤᠨ ᠬᠦᠢᠲᠡᠨ ᠵᠢᠪᠠᠷ ᠡᠪᠦᠷ ᠲᠦᠷᠡᠢ ᠪᠠᠷ ᠦᠦᠬᠢᠵᠦ ᠰᠠᠶᠢᠬᠡᠬᠦ ᠶᠢ ᠬᠤᠷᠢᠭᠯᠠᠳᠠᠭ᠃ | ᠴᠡᠭᠡᠵᠢᠨ ᠤ ᠳᠠᠷᠣᠯᠲᠠ ᠶᠢ ᠪᠣᠯᠢᠭᠠᠷᠢ ᠪᠣᠶᠤ ᠥᠷᠭᠡᠨ ᠰᠤᠷ ᠢᠶᠠᠷ ᠬᠢᠵᠦ᠂ ᠮᠥᠩᠭᠦ᠂ ᠭᠠᠣᠯᠢ᠂ ᠲᠡᠮᠦᠷ ᠢᠶᠠᠷ | ᠭᠤᠷᠬᠢ ᠬᠢᠵᠦ᠂ ᠭᠠᠳᠠᠨ᠎ᠠ ᠨᠢ ᠲᠣᠪᠣᠷᠤᠤ ᠰᠠᠭᠤᠯᠭᠠᠨ ᠪᠥᠰᠡᠯᠡᠳᠡᠭ᠃ ᠭᠤᠶᠠᠨ ᠤ ᠪᠣᠭᠤᠯᠲᠠ ᠶᠢ ᠮᠥᠨ ᠰᠣᠷ᠂ ᠰᠢᠷᠢ | ᠪᠣᠶᠤ ᠪᠥᠰ ᠢᠶᠠᠷ ᠬᠢᠵᠦ᠂ ᠭᠤᠷᠬᠢ ᠲᠠᠭᠠᠷᠠᠭᠤᠯᠣᠨ ᠳᠣᠲᠣᠭᠠᠳᠣ ᠬᠤᠷᠮᠣᠢ ᠪᠠᠨ ᠡᠪᠦᠳᠦᠭ ᠳᠡᠭᠡᠭᠦᠷ ᠢᠶᠠᠨ ᠳᠠᠷᠣᠵᠤ | ᠪᠣᠭᠤᠳᠠᠭ᠃ | ᠥᠩᠭᠡ ᠳᠡᠪᠡᠯ — ᠴᠠᠭᠠᠨ ᠨᠡᠬᠡᠢ ᠪᠣᠶᠤ ᠣᠲᠤᠮᠠᠯ ᠳᠡᠪᠡᠯ ᠢ ᠴᠦᠮ ᠥᠩᠭᠡ ᠳᠡᠪᠡᠯ ᠭᠡᠨ᠎ᠡ᠃ ᠥᠩᠭᠡ | ᠳᠡᠪᠡᠯ ᠨᠢ ᠬᠤᠨᠢᠨ ᠤ ᠠᠷᠠᠰᠤ ᠶᠢ ᠡᠯᠳᠡᠵᠦ ᠪᠠᠷᠠᠮᠠᠭᠴᠠ ᠰᠢᠭᠤᠳ ᠣᠶᠣᠬᠤ ᠪᠣᠶᠤ ᠣᠲᠤᠵᠣ ᠪᠠᠷᠠᠭᠰᠠᠨ ᠤ ᠳᠠᠷᠠᠭ᠎ᠠ | ᠡᠰᠭᠡᠵᠦ ᠣᠶᠣᠳᠠᠭ᠃ ᠥᠩᠭᠡ ᠳᠡᠪᠡᠯ ᠤᠨ ᠵᠠᠭᠠᠮ᠎ᠠ᠂ ᠡᠩᠭᠡᠷ᠂ ᠬᠤᠷᠮᠣᠢ᠂ ᠣᠭᠤᠨᠤ ᠶᠢ ᠬᠠᠷ᠎ᠠ ᠬᠤᠷᠭᠤᠢ᠂ ᠬᠠᠷ᠎ᠠ | ᠥᠭᠡᠳᠡᠩ ᠪᠣᠶᠤ ᠡᠩ ᠤᠨ ᠬᠠᠷ᠎ᠠ ᠪᠥᠰ ᠢᠶᠠᠷ ᠥᠷᠭᠡᠨ ᠰᠢᠭ ᠬᠥᠪᠡᠭᠡᠯᠡᠬᠦ ᠪᠥᠭᠡᠳ ᠬᠤᠷᠠᠭᠠᠨ ᠠᠷᠠᠰᠣ ᠪᠣᠯᠲᠠᠶᠢᠯᠭᠠᠨ | ᠳᠠᠰᠠᠮᠠᠳᠠᠵᠤ ᠣᠶᠣᠨ᠎ᠠ᠃ ᠬᠥᠪᠡᠭᠡ ᠶᠢᠨ ᠳᠣᠲᠣᠭᠤᠷ ᠨᠠᠷᠢᠨ ᠵᠡᠭᠡᠭ ᠣᠷᠣᠭᠤᠯᠬᠤ ᠶᠢ ᠬᠤᠰᠢᠶ᠎ᠠ ᠭᠡᠵᠦ᠂ ᠳᠠᠪᠬᠤᠷ ᠬᠤᠣᠰ | ᠣᠷᠣᠭᠤᠯᠬᠤ ᠶᠢ ᠬᠤᠷᠰᠢᠶ᠎ᠠ ᠪᠣᠶᠤ ᠨᠠᠶᠢᠷ ᠭᠡᠨ᠎ᠡ᠃ ᠥᠩᠭᠡ ᠳᠡᠪᠡᠯ ᠳᠤ ᠴᠥᠮ ᠭᠠᠤᠯᠢᠨ ᠳᠣᠪᠴᠢ ᠬᠠᠳᠠᠳᠠᠭ᠃ | ᠭᠦᠢᠴᠡᠳ ᠦᠰᠦᠲᠡᠢ ᠪᠦᠳᠦᠭᠦᠨ ᠬᠤᠨᠢᠨ ᠤ ᠠᠷᠠᠰᠤ ᠪᠠᠷ ᠬᠢᠭᠰᠡᠨ ᠭᠠᠳᠠᠷᠲᠠᠢ ᠪᠣᠶᠤ ᠭᠠᠳᠠᠷ ᠦᠭᠡᠢ ᠳᠡᠪᠡᠯ ᠢ | ᠴᠥᠮ ᠨᠡᠬᠡᠢ ᠳᠡᠪᠡᠯ ᠭᠡᠨ᠎ᠡ᠃ ᠨᠡᠬᠡᠢ ᠳᠡᠪᠡᠯ ᠢ ᠪᠠᠰᠠ ᠴᠠᠭᠠᠨ ᠨᠡᠬᠡᠢ᠂ ᠣᠲᠣᠮᠠᠯ ᠨᠡᠬᠡᠢ ᠭᠡᠵᠦ ᠢᠯᠭᠠᠳᠠᠭ᠃ ᠳᠡᠪᠡᠯ ᠤᠨ | ᠠᠷᠠᠰᠣ ᠣᠲᠣᠬᠤ ᠳᠤ᠂ ᠣᠷᠢᠳ ᠢᠶᠠᠷ ᠡᠯᠳᠡᠵᠦ ᠵᠥᠭᠡᠯᠡᠷᠡᠭᠦᠯᠦᠭᠰᠡᠨ ᠤ ᠳᠠᠷᠠᠭ᠎ᠠ ᠬᠠᠳᠠᠭᠤ ᠮᠣᠳᠤ ᠶᠢ ᠣᠴᠣᠭᠯᠠᠭᠤᠯᠣᠨ | ᠪᠣᠰᠬᠠᠵᠤ᠂ ᠭᠠᠳᠠᠭᠤᠷ ᠨᠢ ᠠᠷᠠᠰᠤ ᠪᠠᠨ ᠬᠦᠷᠦᠰᠦ ᠪᠠᠷ ᠨᠢ ᠨᠥᠮᠦᠷᠭᠡᠨ ᠳᠣᠲᠣᠷ᠎ᠠ ᠨᠢ ᠭᠠᠯ ᠣᠩᠭᠤᠰᠬᠠᠨᠠ᠃ ᠭᠠᠯ ᠢ ᠨᠢ | ᠳᠦᠷᠡᠯᠵᠡᠭᠦᠯᠬᠦ ᠦᠭᠡᠢ ᠪᠠᠷ ᠣᠲᠤᠭ᠎ᠠ ᠪᠠᠷ ᠨᠢ ᠠᠷᠠᠰᠣ ᠶᠢ ᠣᠲᠤᠵᠤ ᠣᠲᠤᠭ᠎ᠠ ᠣᠷᠣᠭᠤᠯᠣᠨ᠎ᠠ᠃ ᠣᠲᠣᠬᠤ ᠳᠤ | ᠬᠠᠶᠢᠯᠠᠰᠤ ᠪᠣᠶᠤ ᠮᠣᠳᠣᠨ ᠤ ᠦᠨᠳᠦᠰᠦ ᠪᠣᠯ ᠰᠠᠶᠢᠨ᠃ ᠢᠩᠭᠢᠭᠡᠳ 2 ᠠᠴᠠ4 ᠡᠳᠦᠷ ᠣᠲᠣᠪᠠᠯ ᠠᠷᠠᠰᠣᠨ ᠤ ᠬᠥᠷᠦᠰᠦᠨ | ᠲᠠᠯ᠎ᠠ ᠨᠢ ᠭᠦᠨ ᠰᠢᠷᠠᠯᠠᠭᠰᠠᠨ ᠤ ᠳᠠᠷᠠᠭ᠎ᠠ ᠬᠡᠷᠡᠭᠯᠡᠨ᠎ᠡ᠃ ᠡᠭᠦᠨ ᠢ ᠣᠲᠣᠮᠠᠯ ᠨᠡᠬᠡᠢ ᠭᠡᠨ᠎ᠡ᠃ ᠣᠲᠣᠬᠤ ᠨᠢ ᠠᠷᠠᠰᠣᠨ ᠤ | ᠬᠥᠷᠦᠰᠦ ᠶᠢ ᠵᠣᠵᠠᠭᠠᠷᠠᠭᠤᠯᠵᠤ ᠨᠣᠶᠢᠲᠠᠨ ᠴᠢᠬᠢᠭ ᠠᠴᠠ ᠬᠠᠮᠠᠭᠠᠯᠠᠬᠤ ᠦᠢᠯᠡᠳᠦᠯ ᠲᠠᠢ ᠪᠣᠯᠭᠠᠳᠠᠭ ᠢᠶᠠᠷ ᠪᠠᠷᠠᠬᠤ ᠦᠭᠡᠢ᠂ | ᠬᠤᠷᠣᠬᠠᠶᠢᠳᠤᠬᠤ ᠶᠢ ᠴᠦ ᠰᠡᠷᠭᠡᠶᠢᠯᠡᠬᠦ ᠴᠢᠳᠠᠪᠬᠢ ᠲᠠᠢ᠃ ᠡᠶᠢᠮᠦ ᠳᠡᠪᠡᠯ ᠳᠤ ᠠᠷᠠᠰᠣᠨ ᠰᠢᠯᠪᠢ ᠳᠣᠪᠴᠢ ᠪᠣᠶᠤ ᠪᠥᠰ | ᠰᠢᠯᠪᠢ ᠳᠣᠪᠴᠢ ᠬᠠᠳᠠᠪᠠᠯ ᠳᠣᠬᠢᠷᠠᠮᠵᠢᠲᠠᠢ᠃ ᠴᠠᠬᠠᠷ ᠨᠣᠲᠤᠭ ᠤᠨ ᠮᠠᠯᠴᠢᠳ ᠡᠪᠦᠯ ᠤᠨ ᠬᠠᠬᠢᠷ ᠬᠥᠯᠳᠡᠭᠦᠦ ᠴᠠᠭ ᠲᠤ | ᠠᠳᠣᠭᠤ ᠮᠠᠨᠠᠬᠤ ᠳᠤ ᠨᠡᠬᠡᠢ ᠵᠣᠪᠴᠠᠭᠠᠨ ᠤ ᠭᠠᠳᠠᠭᠤᠷ ᠢᠮᠠᠭᠠᠨ ᠠᠷᠠᠰᠣᠨ ᠳᠠᠬᠤ ᠳᠠᠪᠬᠤᠷᠯᠠᠵᠤ ᠡᠮᠦᠰᠳᠡᠭ᠃ | ᠢᠮᠠᠭᠠᠨ ᠳᠠᠬᠤ — ᠡᠭᠦᠨ ᠢ ᠪᠦᠳᠦᠭᠦᠨ ᠢᠮᠠᠭᠠᠨ ᠠᠷᠠᠰᠤ ᠪᠠᠷ ᠬᠢᠵᠦ᠂ ᠭᠤᠣᠯ ᠨᠢ ᠦᠬᠡᠷ ᠮᠠᠯ | ᠠᠳᠣᠭᠤᠯᠠᠬᠤ ᠬᠦᠮᠦᠰ ᠡᠮᠦᠰᠳᠡᠭ᠃ ᠢᠮᠠᠭᠠᠨ ᠠᠷᠠᠰᠤ ᠶᠢ ᠰᠠᠶᠢᠲᠣᠷ ᠡᠯᠳᠡᠵᠦ ᠵᠥᠭᠡᠯᠡᠷᠡᠭᠦᠯᠦᠭᠰᠡᠨ ᠤ ᠳᠠᠷᠠᠭ᠎ᠠ᠂ ᠪᠡᠶ᠎ᠡ | ᠶᠢᠨ ᠬᠡᠮᠵᠢᠶ᠎ᠡ ᠪᠠᠷ ᠡᠰᠭᠡᠵᠦ ᠣᠶᠣᠳᠠᠭ᠃ ᠳᠣᠯᠠᠭᠠᠨ ᠰᠢᠭ᠋ ᠡᠪᠦᠯ ᠦᠰᠦ ᠶᠢ ᠨᠢ ᠭᠠᠳᠠᠭᠰᠢ ᠬᠠᠷᠠᠭᠤᠯᠣᠨ ᠡᠮᠦᠰᠴᠦ᠂ | ᠬᠦᠢᠲᠡᠨ ᠴᠡᠪᠳᠡᠭ ᠡᠪᠦᠯ ᠪᠣᠯ ᠦᠰᠦ ᠪᠠᠷ ᠨᠢ ᠡᠮᠦᠰᠳᠡᠭ᠃ | ᠭᠤᠲᠣᠯ— ᠪᠥᠰᠡᠲᠡᠶᠢᠴᠣᠳ ᠤᠨ ᠭᠤᠲᠣᠯ ᠨᠢ ᠭᠤᠣᠯᠳᠠᠭᠤ ᠱᠥᠪᠦᠭᠡᠷ ᠬᠤᠩᠰᠢᠶᠠᠷ ᠲᠠᠢ ᠪᠣᠯᠢᠭᠠᠷᠢᠨ ᠭᠤᠲᠣᠯ᠂ | ᠴᠠᠪᠣᠭ ᠨᠠᠭᠠᠮᠠᠯ ᠲᠠᠢ ᠪᠥᠰ ᠭᠤᠲᠣᠯ ᠪᠠᠶᠢᠳᠠᠭ᠃ ᠡᠭᠦᠨ ᠤ ᠳᠣᠲᠣᠷ᠎ᠠ ᠬᠡᠳᠦᠨ ᠳᠠᠪᠬᠤᠷ ᠨᠠᠭᠠᠭᠰᠠᠨ ᠴᠠᠪᠣᠭ ᠢ ᠪᠥᠰ ᠢᠶᠠᠷ | ᠭᠠᠳᠠᠷᠯᠠᠵᠤ᠂ ᠰᠢᠷᠠᠵᠤ ᠣᠶᠣᠭᠰᠠᠨ ᠭᠤᠲᠣᠯ ᠨᠢ ᠣᠶᠣᠳᠠᠯ ᠣᠷᠠᠯᠠᠯ ᠢᠶᠠᠷ ᠭᠤᠶᠤ᠂ ᠡᠮᠦᠰᠴᠦ ᠡᠳ᠋ᠯᠡᠬᠦ ᠳᠤ ᠡᠪᠯᠢᠭ | ᠪᠥᠬᠡᠯᠢᠭ ᠢᠶᠠᠷ ᠢᠶᠠᠨ ᠣᠨᠴᠠᠯᠠᠭᠳᠠᠳᠠᠭ᠃ | ᠬᠤᠶᠠᠷ᠂ ᠪᠥᠰᠡᠲᠡᠶᠢᠴᠣᠳ ᠤᠨ ᠵᠠᠰᠠᠯ ᠵᠡᠮᠰᠡᠭ | ᠴᠠᠬᠠᠷ ᠪᠥᠰᠡᠲᠡᠶᠢᠴᠣᠳ ᠤᠨ ᠵᠠᠰᠠᠯ ᠵᠢᠮᠰᠡᠭ ᠲᠤ ᠮᠥᠩᠭᠦᠨ ᠬᠢᠲᠤᠭ᠎ᠠ᠂ ᠬᠡᠲᠡ᠂ ᠲᠣᠣᠬᠠᠢ᠂ ᠭᠠᠩᠰᠠ᠂ | ᠭᠠᠩᠰᠠᠨ ᠤ ᠬᠡᠦᠳᠡᠢ᠂ ᠲᠠᠮᠠᠬᠢᠨ ᠲᠠᠭᠠᠷᠴᠤᠭ᠂ ᠰᠡᠳᠭᠡᠭᠦᠷ᠂ ᠰᠢᠬᠢᠴᠢᠯᠡᠭᠦᠷ᠂ ᠬᠥᠬᠦᠦᠷ᠂ ᠳᠠᠯᠢᠩ᠂ ᠮᠥᠩᠭᠦᠨ ᠠᠶᠠᠭ᠎ᠠ᠂ | ᠪᠥᠭᠡᠵᠢ ᠵᠡᠷᠭᠡ ᠪᠠᠭᠲᠠᠳᠠᠭ᠃ | ᠮᠥᠩᠭᠦᠨ ᠬᠢᠲᠤᠭ᠎ᠠ — ᠴᠠᠬᠠᠷ ᠨᠣᠲᠤᠭ ᠲᠤ ᠮᠥᠩᠭᠦᠨ ᠬᠤᠢ ᠲᠠᠢ ᠬᠢᠲᠤᠭ᠎ᠠ ᠶᠢ ᠡᠷ᠎ᠡ ᠶᠢᠨ ᠵᠢᠷᠭᠤᠭᠠᠨ | ᠡᠷᠳᠡᠨᠢ ᠶᠢᠨ ᠲᠡᠷᠢᠭᠦᠨ ᠭᠡᠵᠦ ᠡᠷᠬᠢᠮᠯᠡᠳᠡᠭ᠃ ᠬᠢᠲᠤᠭ᠎ᠠ ᠶᠢᠨ ᠬᠤᠢ ᠨᠢ ᠲᠥᠭᠡ ᠬᠢᠷᠢᠲᠠᠢ ︵ᠬᠤᠶᠠᠷ ᠲᠥᠭᠡ ᠬᠢᠷᠢ ᠲᠠᠢ | ᠴᠦ ᠪᠠᠶᠢᠳᠠᠭ︶᠂ ᠬᠢᠲᠣᠭᠠᠨ ᠤ ᠪᠠᠷᠢᠭᠤᠯ ᠨᠢ ᠰᠥᠭᠦᠮ ᠬᠢᠷᠢᠲᠠᠢ᠃ ᠬᠢᠲᠣᠭᠠᠨ ᠤ ᠬᠤᠢ ᠪᠠ ᠪᠠᠷᠢᠭᠤᠯ ᠶᠢ ᠽᠠᠨᠳᠠᠨ᠂ | ᠰᠠᠩᠳᠠᠩ᠂ ᠬᠠᠷ᠎ᠠ ᠮᠣᠳᠤ᠂ ᠮᠣᠶᠢᠯ ᠤᠨ ᠮᠣᠳᠤ ᠪᠣᠶᠤ ᠣᠭᠤᠨᠤ ᠶᠢᠨ ᠡᠪᠡᠷ᠂ ᠦᠬᠡᠷ ᠤᠨ ᠡᠪᠡᠷ ᠢᠶᠠᠷ ᠬᠢᠵᠦ᠂ ᠬᠡ ᠬᠤᠸᠠᠷ | ᠣᠷᠠᠯᠠᠭᠰᠠᠨ ᠮᠥᠩᠭᠦ ᠪᠠᠷ ᠪᠥᠷᠢᠵᠦ᠂ ᠬᠤᠣᠰ ᠲᠠᠢ ᠪᠥᠭᠡᠵᠢ ᠪᠠᠷ ᠰᠢᠬᠠᠭᠰᠠᠨ ᠪᠠᠶᠢᠳᠠᠭ᠃ | ᠬᠢᠲᠤᠭ᠎ᠠ ᠶᠢ ᠬᠡᠳᠦᠨᠲᠡ ᠬᠠᠲᠠᠭᠠᠭᠰᠠᠨ ᠪᠣᠯᠣᠳ ᠢᠶᠠᠷ ᠬᠢᠳᠡᠭ᠃ ᠲᠡᠷᠡ ᠨᠢ ᠮᠣᠩᠭᠤᠯᠴᠣᠳ ᠤᠨ ᠠᠵᠤ | ᠠᠮᠢᠳᠣᠷᠠᠯ ᠳᠤ ᠳᠣᠲᠠᠭᠳᠠᠵᠤ ᠪᠣᠯᠣᠰᠢ ᠦᠭᠡᠢ ᠦᠢᠯᠡᠳᠦᠯ ᠢᠶᠠᠨ ᠦᠵᠡᠭᠦᠯᠦᠭᠰᠡᠭᠡᠷ ᠢᠷᠡᠵᠡᠢ᠃ ᠨᠤᠭᠲᠣ ᠴᠢᠳᠦᠷ | ᠵᠠᠩᠭᠢᠳᠣᠬᠤ᠂ ᠡᠮᠡᠭᠡᠯ ᠬᠠᠵᠠᠭᠠᠷ ᠰᠣᠷᠯᠠᠬᠤ᠂ ᠪᠣᠷᠭᠠᠰᠤ ᠮᠣᠳᠤ ᠵᠣᠷᠭᠤᠵᠤ ᠣᠷᠭ᠎ᠠ ᠶᠢᠨ ᠴᠡᠭᠡᠵᠢ ᠵᠠᠰᠠᠬᠤ᠂ ᠦᠬᠦᠴᠡ | ᠢᠳᠡᠰᠢᠨ ᠳᠤ ᠵᠠᠷᠣᠬᠤ᠂ ᠠᠷᠢᠶᠠᠲᠠᠨ ᠬᠤᠣᠷᠲᠠᠨ ᠠᠴᠠ ᠰᠡᠷᠭᠡᠶᠢᠯᠡᠬᠦ ᠵᠡᠷᠭᠡ ᠳᠤ ᠳᠣᠲᠠᠭᠳᠠᠵᠤ ᠪᠣᠯᠣᠰᠢ ᠦᠭᠡᠢ ᠵᠡᠪᠰᠡᠭ | ᠪᠣᠯᠳᠠᠭ᠃ | ᠬᠡᠲᠡ — ᠬᠡᠲᠡ ᠪᠣᠯ ᠮᠣᠩᠭᠤᠯ ᠬᠦᠮᠦᠨ ᠤ ᠦᠶ᠎ᠡ ᠣᠯᠠᠷᠢᠨ ᠬᠡᠷᠡᠭᠯᠡᠵᠦ ᠢᠷᠡᠭᠰᠡᠨ ᠭᠠᠯ ᠭᠠᠷᠭᠠᠬᠤ ᠴᠢᠬᠤᠯᠠ | ᠬᠡᠷᠡᠭᠰᠡᠯ᠃ ᠬᠡᠲᠡ ᠶᠢ ᠴᠢᠨᠠᠷ ᠰᠠᠶᠢᠲᠠᠢ ᠭᠠᠩ ᠪᠣᠯᠣᠳ ᠢᠶᠠᠷ ᠬᠠᠲᠠᠭᠠᠨ ᠳᠠᠪᠲᠠᠵᠤ᠂ ᠳᠥᠷᠪᠡᠨ ᠬᠤᠷᠣᠭᠤ ᠣᠷᠲᠤ᠂ | ᠬᠤᠷᠣᠭᠤ ᠥᠷᠭᠡᠨ᠂ ᠰᠠᠪᠬᠠᠨ ᠴᠢᠨᠡᠭᠡᠨ ᠵᠣᠵᠠᠭᠠᠨ᠂ ᠲᠠᠯ᠎ᠠ ᠰᠠᠷᠠᠨ ᠬᠡᠯᠪᠡᠷᠢᠲᠡᠢ ᠰᠣᠪᠣᠷᠠᠭᠤᠯᠵᠤ᠂ ᠬᠤᠲᠣᠭᠤᠷ ᠢᠷᠮᠡᠭ | ᠲᠤᠨᠢ ᠬᠡᠳᠦᠨ ᠵᠢᠵᠢᠭ ᠬᠠᠳᠠᠭᠠᠰᠣᠨ ᠨᠦᠬᠡ ᠭᠠᠷᠭᠠᠵᠤ ᠪᠣᠯᠢᠭᠠᠷᠢ ᠪᠣᠶᠤ ᠰᠠᠷᠢᠰᠤ ᠪᠠᠷ ᠣᠭᠤᠲᠠ ᠲᠠᠭᠠᠷᠠᠭᠤᠯᠣᠨ᠂ ᠬᠡᠲᠡ | ᠲᠡᠮᠦᠷ ᠲᠤ ᠮᠥᠴᠢᠳᠬᠡᠨ ᠢᠷᠮᠡᠭᠳᠡᠭᠦᠯᠵᠦ ᠬᠠᠳᠠᠭᠠᠰᠤ ᠪᠠᠷ ᠲᠡᠪᠯᠡᠨᠡ᠃ ᠣᠭᠤᠲᠠᠯᠠᠨ ᠲᠡᠪᠯᠡᠭᠰᠡᠨ ᠠᠷᠠᠰᠣᠨ ᠤ ᠥᠪᠦᠷ | ᠲᠠᠯ᠎ᠠ ᠶᠢ ᠬᠤᠶᠠᠷ ᠬᠤᠷᠣᠭᠤ ᠥᠨᠳᠦᠷ᠂ ᠠᠷᠤ ᠲᠠᠯ᠎ᠠ ᠶᠢ ᠳᠥᠷᠪᠡᠨ ᠬᠤᠷᠣᠭᠤ ᠥᠨᠳᠦᠷ ᠦᠯᠡᠳᠡᠭᠡᠵᠦ᠂ ᠠᠷᠤ ᠶᠢ ᠨᠢ | ᠥᠪᠦᠷ ᠣᠷᠣᠭᠤ ᠨᠣᠭᠤᠯᠣᠨ ᠣᠭᠤᠲᠠ ᠭᠠᠷᠭᠠᠨ ᠡᠪᠬᠡᠵᠦ ᠳᠠᠷᠣᠭᠠᠳ ᠴᠢᠭᠲᠠ ᠪᠣᠶᠣ ᠳᠡᠭᠡᠭᠡ ᠣᠭᠰᠠᠷᠠᠵᠤ ᠣᠨᠢᠰᠣᠯᠠᠬᠤ | ᠳᠤ ᠪᠡᠯᠡᠳᠬᠡᠨ᠎ᠡ᠃ ᠣᠭᠤᠲᠠᠨ ᠳᠠᠭᠠᠨ ᠴᠠᠬᠢᠭᠤᠷ ᠴᠢᠯᠠᠭᠤ ᠪᠠ ᠬᠤᠵᠢᠷ ᠬᠢᠵᠦ ᠣᠯᠠᠨᠲᠠ ᠴᠣᠬᠢᠨ ᠨᠡᠶᠢᠴᠡᠭᠦᠯᠵᠦ᠂ ᠤᠯᠠ | ᠡᠪᠡᠰᠦ ᠪᠠᠨ ᠰᠠᠪᠠᠯᠠᠨ᠎ᠠ᠃ ᠭᠠᠯ ᠴᠠᠬᠢᠬᠤ ᠳᠠᠭᠠᠨ ᠴᠠᠬᠢᠭᠤᠷ ᠴᠢᠯᠠᠭᠤᠨ ᠤ ᠢᠷᠮᠡᠭ ᠢᠶᠠᠷ ᠪᠡᠯᠡᠳᠭᠡᠭᠰᠡᠨ ᠣᠯᠠ ᠡᠪᠡᠰᠦ ᠪᠠᠨ | ᠰᠡᠪᠰᠡᠭᠡᠷ ᠰᠢᠭ ᠥᠷᠦᠵᠦ᠂ ᠬᠡᠲᠡ ᠪᠠᠨ ᠴᠠᠬᠢᠭᠤᠷ ᠳᠡᠭᠡᠷ᠎ᠡ ᠪᠠᠨ ᠬᠠᠪᠢᠷᠪᠠᠯ ᠣᠴᠢ ᠦᠰᠦᠷᠴᠦ ᠣᠯᠠ ᠡᠪᠡᠰᠦ ᠣᠩᠭᠤᠰᠣᠨ | ᠭᠠᠯ ᠠᠪᠣᠯᠴᠠᠳᠠᠭ᠃ ᠡᠭᠦᠨ ᠢ ᠤᠯᠠ ᠡᠪᠡᠰᠦᠨ ᠳᠡᠭᠡᠷ᠎ᠡ ᠣᠴᠢ ᠰᠠᠭᠤᠯ᠎ᠠ ᠭᠡᠳᠡᠭ᠃ | ᠬᠡᠲᠡ ᠶᠢ ᠰᠠᠪᠠᠯᠠᠬᠤ ᠪᠣᠯᠢᠭᠠᠷᠢᠨ ᠬᠠᠶᠢᠷᠴᠠᠭ ᠢ ᠬᠡᠲᠡᠪᠴᠢ ᠭᠡᠨ᠎ᠡ᠃ ᠬᠡᠲᠡᠪᠴᠢᠨ ᠤ ᠳᠥᠷᠪᠡᠨ ᠥᠨᠴᠦᠭ ᠲᠤ | ᠮᠥᠩᠭᠦᠨ ᠣᠭᠠᠯᠵᠠ ᠬᠡ ᠬᠠᠳᠠᠵᠤ᠂ ᠠᠮᠠᠰᠠᠷ ᠬᠠᠪᠬᠠᠭᠠᠰᠤ ᠶᠢ ᠮᠥᠩᠭᠦ ᠪᠠᠷ ᠴᠢᠮᠬᠢᠵᠦ ᠬᠢᠳᠡᠭ᠃ ᠬᠡᠳᠡᠪᠴᠢᠨ ᠳᠡᠭᠡᠨ | ᠮᠥᠩᠭᠦᠨ ᠰᠡᠨᠵᠢ ᠬᠢᠵᠦ᠂ ᠵᠡᠭᠦᠨ ᠳᠠᠰᠢᠶᠠᠨ ᠤ ᠲᠣᠣᠬᠠᠢ ᠠᠴᠠ ᠪᠠᠨ ᠵᠡᠭᠦᠵᠦ᠂ ᠬᠡᠲᠡ ᠬᠤᠯᠪᠣᠭᠰᠠᠨ ᠮᠢᠨᠳᠠᠰᠣᠨ ᠣᠭᠤᠰᠣᠷ | ᠤᠨ ᠦᠵᠦᠭᠦᠷ ᠢ ᠮᠥᠩᠭᠦᠨ ᠲᠣᠶᠢᠭ᠂ ᠭᠠᠩᠰᠠ ᠳᠣᠭᠰᠢᠭᠤᠷ ᠲᠠᠢ ᠬᠤᠯᠪᠣᠵᠤ᠂ ᠣᠭᠤᠲᠠ ᠬᠠᠪᠢᠯᠳᠠᠭᠤ ᠪᠥᠰᠡᠨ ᠠᠴᠠ | ᠪᠠᠨ ᠵᠡᠭᠦᠳᠡᠭ᠃ | ᠲᠣᠣᠬᠠᠢ — ᠴᠠᠬᠠᠷ ᠲᠤ ᠡᠷᠡᠭᠲᠡᠶᠢᠴᠣᠳ ᠪᠥᠰᠡᠨ ᠳᠡᠭᠡᠨ ᠢᠵᠢᠯᠢ ᠮᠥᠩᠭᠦᠨ ᠲᠣᠣᠬᠠᠢ ᠶᠢ ᠬᠤᠣᠰᠯᠠᠭᠤᠯᠣᠨ | ᠵᠡᠭᠦᠳᠡᠭ ᠵᠠᠩᠰᠢᠯ ᠲᠠᠢ᠃ ᠡᠭᠦᠨ ᠤ ᠨᠢᠭᠡᠨ ᠳᠤᠨᠢ ᠬᠢᠲᠤᠭ᠎ᠠ ᠵᠡᠭᠦᠳᠡᠭ᠃ | ᠮᠥᠩᠭᠦᠨ ᠲᠣᠣᠬᠠᠢ ᠶᠢ ᠳᠣᠭᠤᠢ᠂ ᠲᠠᠯ᠎ᠠ ᠳᠣᠭᠤᠢ᠂ ᠨᠡᠪᠴᠢ ᠪᠣᠶᠤ ᠪᠠᠳᠮ᠎ᠠ ᠴᠡᠴᠡᠭ ᠵᠡᠷᠭᠡ ᠣᠯᠠᠨ ᠬᠡᠯᠪᠡᠷᠢ | ᠶᠠᠩᠵᠤ ᠪᠠᠷ ᠬᠢᠳᠡᠭ᠃ ᠲᠡᠭᠦᠨ ᠢ ᠮᠥᠩᠭᠦᠨ ᠳᠡᠪᠢᠰᠬᠡᠷ ᠳᠡᠭᠡᠷ᠎ᠡ ᠮᠥᠩᠭᠦᠨ ᠤᠲᠠᠰᠤ ᠪᠠᠷ ᠡᠯᠳᠡᠪ ᠬᠡ ᠤᠭᠠᠯᠵᠠ ᠲᠠᠢ | ᠰᠡᠶᠢᠯᠪᠦᠷᠢ ᠭᠠᠷᠭᠠᠨ ᠣᠷᠠᠨ ᠬᠡᠭᠡᠨᠴᠢᠷ ᠭᠠᠩᠨᠠᠵᠤ᠂ ᠳᠣᠮᠳᠠ ᠨᠢ ᠲᠣᠮᠤ ᠪᠥᠬᠦᠯᠢ ᠱᠢᠷᠦ ᠰᠢᠬᠢᠳᠭᠡᠨ᠂ ᠳᠣᠣᠷ᠎ᠠ ᠨᠢ | ᠡᠯᠭᠦᠭᠦᠷ ᠰᠡᠨᠵᠢ ᠶᠢ ᠮᠥᠩᠭᠦ ᠪᠠᠷ ᠭᠠᠷᠭᠠᠨ᠎ᠠ᠃ ᠰᠡᠨᠵᠢ ᠶᠢ ᠪᠣᠯᠢᠭᠠᠷᠢ ᠶᠢᠨ ᠭᠤᠭᠴᠤᠭ᠎ᠠ ᠪᠠᠷ ᠬᠤᠯᠪᠣᠨ ᠬᠠᠳᠠᠵᠤ ᠪᠥᠰᠡᠨ | ᠳᠡᠭᠡᠨ ᠵᠡᠭᠦᠬᠦ ᠳᠤ ᠪᠡᠯᠡᠬᠡᠨ ᠪᠣᠯᠭᠠᠳᠠᠭ᠃ | ᠬᠥᠬᠦᠦᠷ — ᠴᠠᠬᠠᠷᠴᠣᠳ ᠤᠨ ᠬᠡᠷᠡᠭᠯᠡᠬᠦ ᠬᠥᠬᠦᠦᠷ ᠪᠣᠯ ᠬᠤᠪᠣᠷ ᠴᠣᠬᠠᠭ ᠡᠷᠳᠡᠨᠢ ᠶᠢᠨ ᠴᠢᠯᠠᠭᠤ ᠪᠠᠷ | ᠰᠡᠶᠢᠯᠪᠦᠷᠢᠯᠡᠨ ᠬᠢᠭᠰᠡᠨ ᠬᠠᠮᠠᠷ ᠲᠠᠮᠠᠬᠢ ᠠᠭᠤᠯᠬᠤ ᠰᠠᠪᠠ ᠶᠣᠮ᠃ ᠬᠥᠬᠦᠦᠷ ᠪᠣᠯ ᠲᠠᠮᠠᠬᠢ ᠰᠣᠯᠢᠯᠴᠠᠬᠤ᠂ ᠮᠡᠨᠳᠦᠴᠢᠯᠡᠯ | ᠵᠣᠯᠭᠠᠯᠲᠠ ᠳᠤ ᠬᠡᠷᠡᠭᠯᠡᠬᠦ᠂ ᠵᠡᠰᠠᠯ ᠴᠢᠮᠡᠯᠭᠡ ᠪᠣᠯᠭᠠᠨ ᠵᠡᠭᠦᠭᠦ ᠵᠡᠷᠭᠡ ᠴᠢᠬᠤᠯᠠ ᠶᠡᠭᠡ ᠬᠡᠷᠡᠭᠯᠡᠭᠡᠨ ᠲᠠᠢ ᠪᠣᠯᠬᠤᠷ | ᠪᠥᠰᠡᠲᠡᠶᠢᠴᠣᠣᠯ ᠤᠨ ᠡᠷᠬᠢᠮᠰᠦᠭ ᠵᠢᠮᠰᠡᠭ ᠮᠥᠷᠲᠡᠭᠡᠨ ᠪᠠᠶᠢᠷᠢ ᠰᠠᠭᠤᠷᠢ᠂ ᠪᠠᠶᠠᠨ ᠬᠡᠷᠬᠡᠮ ᠤᠨ ᠢᠯᠡᠳᠭᠡᠮᠵᠢ ᠪᠣᠯᠳᠠᠭ᠃ | ᠴᠠᠬᠠᠷᠴᠣᠳ ᠤᠨ ᠬᠡᠷᠡᠭᠯᠡᠳᠡᠭ ᠬᠥᠬᠦᠦᠷ ᠨᠢ ᠭᠤᠣᠯᠳᠠᠭᠤ ᠮᠠᠨᠤ᠂ ᠣᠨᠳᠣᠷᠭ᠎ᠠ᠂ ᠬᠠᠰ᠂ ᠪᠣᠯᠣᠷ᠂ ᠨᠣᠭᠤᠭᠠᠨ ᠬᠠᠰ᠂ | ᠱᠠᠭᠠᠵᠠᠩ ᠵᠡᠷᠭᠡ ᠪᠠᠶᠢᠳᠠᠭ᠃ | ᠴᠠᠬᠠᠷ ᠨᠣᠳᠤᠭ ᠲᠤ ᠴᠠᠭᠠᠨ ᠰᠠᠷ᠎ᠠ ᠪᠡᠯᠡᠭ ᠬᠠᠳᠠᠭ ᠲᠠᠢ ᠵᠣᠯᠭᠠᠭᠰᠠᠨ ᠤ ᠳᠠᠷᠠᠭ᠎ᠠ ᠬᠥᠬᠦᠦᠷ ᠰᠣᠯᠢᠯᠴᠠᠳᠠᠭ | ᠶᠣᠰᠤ ᠲᠠᠢ᠃ ᠡᠩ ᠤᠨ ᠴᠠᠭ ᠲᠤ ᠠᠭᠤᠯᠵᠠᠵᠤ ᠣᠴᠠᠷᠠᠨ ᠵᠣᠯᠭᠠᠬᠤ ᠳᠤ ᠬᠥᠬᠦᠦᠷ ᠬᠡᠷᠡᠭᠯᠡᠳᠡᠭ ᠪᠣᠯᠪᠠᠴᠤ ᠭᠡᠷᠯᠡᠭᠡᠳᠦᠢ | ᠵᠠᠯᠠᠭᠤ᠂ ᠬᠠᠷᠢᠯᠠᠭᠠᠳᠣᠢ ᠬᠡᠦᠬᠡᠨ ᠠᠴᠠ ᠳᠣᠷᠣᠭᠰᠢ ᠬᠡᠷᠡᠭᠯᠡᠳᠡᠭ ᠦᠭᠡᠢ᠃ ᠬᠦᠬᠦᠦᠷ ᠨᠢ ᠰᠣᠯᠢᠯᠴᠠᠨ ᠵᠣᠯᠭᠠᠬᠤ ᠳᠠᠭᠠᠨ | ᠠᠬᠠᠮᠠᠳ ᠲᠣᠮᠣᠭᠠᠳᠠᠳ᠂ ᠠᠬᠠᠰ ᠵᠠᠬᠠᠰ ᠬᠦᠮᠦᠨ ᠳᠤ ᠥᠪᠡᠷ ᠤᠨ ᠬᠥᠬᠦᠦᠷ ᠢᠶᠠᠨ ᠣᠷᠢᠳ ᠢᠶᠠᠷ ᠭᠠᠷ ᠲᠤᠨᠢ | ᠠᠳᠬᠤᠭᠤᠯᠵᠤ ᠥᠭᠭᠦᠭᠰᠡᠨ ᠤ ᠳᠠᠷᠠᠭ᠎ᠠ᠂ ᠠᠬᠠᠮᠠᠳ ᠤᠨ ᠬᠥᠬᠦᠦᠷ ᠢ ᠵᠣᠭᠰᠤᠭ᠎ᠠ ᠪᠠᠷ ᠢᠶᠠᠨ ᠵᠥᠷᠢᠭᠦᠯᠦᠨ ᠠᠪᠳᠠᠭ᠃ ᠡᠨᠡ | ᠪᠣᠯ ᠨᠠᠰᠣᠲᠠᠨ ᠲᠣᠮᠣᠭᠠᠲᠠᠳ ᠢ ᠬᠥᠨᠳᠦᠯᠡᠭᠰᠡᠨ ᠶᠣᠰᠣᠨ ᠶᠣᠮ᠃ ᠦᠶ᠎ᠡ ᠬᠤᠷᠠᠭ ᠤᠨ ᠪᠥᠰᠡᠲᠡᠶᠢᠴᠣᠣᠯ ᠪᠣᠯ ᠬᠥᠬᠦᠦᠷ | ᠢᠶᠠᠨ ᠠᠯᠠᠭᠠᠨ ᠳᠡᠭᠡᠷ᠎ᠡ ᠪᠠᠨ ᠵᠥᠷᠢᠭᠦᠯᠦᠨ᠎ᠡ᠃ ᠡᠷ᠎ᠡ ᠡᠮ᠎ᠡ ᠪᠣᠯ ᠬᠤᠭᠤᠷᠣᠨᠳᠤ ᠪᠠᠨ ᠬᠥᠬᠦᠦᠷ ᠰᠣᠯᠢᠯᠴᠠᠳᠠᠭ ᠦᠭᠡᠢ᠂ | ᠦᠶ᠎ᠡ ᠬᠤᠷᠠᠭ ᠤᠨ ᠪᠥᠰᠡᠲᠡᠢ ᠪᠥᠰᠡᠭᠦᠢ ᠬᠤᠶᠠᠷ ᠬᠦᠮᠦᠨ ᠠᠯᠠᠭᠠᠨ ᠳᠡᠭᠡᠷ᠎ᠡ ᠪᠠᠨ ᠬᠥᠬᠦᠦᠷ ᠵᠥᠷᠢᠭᠦᠯᠬᠦ ᠶᠢ ᠴᠡᠭᠡᠷᠯᠡᠳᠡᠭ᠃ | ᠬᠥᠬᠦᠦᠷ ᠨᠢ ᠮᠡᠨᠳᠦᠴᠢᠯᠡᠭᠡ ᠵᠣᠯᠭᠠᠯᠲᠠ ᠶᠢᠨ ᠶᠣᠰᠣᠨ ᠢ ᠡᠭᠦᠷᠭᠡᠯᠡᠬᠦ ᠠᠴᠠ ᠭᠠᠳᠠᠨ᠎ᠠ᠂ ᠬᠠᠮᠠᠷ ᠲᠠᠮᠠᠬᠢ ᠬᠢᠵᠦ | ᠡᠳ᠋ᠯᠡᠬᠦ ᠦᠢᠯᠡᠳᠦᠯ ᠢ ᠭᠦᠢᠴᠡᠳᠭᠡᠳᠡᠭ᠃ ᠴᠠᠬᠠᠷ ᠨᠣᠲᠤᠭ ᠲᠤ ᠶᠡᠬᠡᠩᠬᠢ ᠳᠡᠭᠡᠨ ᠭᠦᠢᠬᠤᠸᠠᠷ ᠲᠠᠮᠠᠬᠢ᠂ ᠭᠠᠯᠵᠠᠭᠤ ᠰᠢᠷ᠎ᠠ | ᠵᠡᠷᠭᠡ ᠬᠤᠳᠠᠯᠳᠣᠭᠠᠨ ᠤ ᠲᠠᠮᠠᠬᠢ ᠪᠠ ᠥᠪᠡᠷᠲᠡᠭᠡᠨ ᠨᠠᠶᠢᠷᠠᠭᠤᠯᠣᠭᠰᠠᠨ ᠲᠠᠮᠠᠬᠢ ᠡᠳ᠋ᠯᠡᠳᠡᠭ ᠪᠠᠶᠢᠨ᠎ᠠ᠃ ᠬᠠᠮᠠᠷ ᠲᠠᠮᠠᠬᠢ | ᠳᠠᠲᠠᠳᠠᠭ ᠦᠭᠡᠢ ᠬᠦᠮᠦᠰ ᠴᠦ ᠬᠥᠬᠦᠦᠷ ᠲᠡᠭᠡᠨ ᠲᠠᠮᠠᠬᠢ ᠰᠠᠪᠠᠯᠠᠵᠤ ᠶᠠᠪᠣᠳᠠᠭ᠃ ᠡᠩ ᠤᠨ ᠦᠶ᠎ᠡ ᠳᠤ᠂ ᠨᠢᠭᠡ ᠨᠢ | ᠬᠥᠬᠦᠦᠷ ᠦᠭᠡᠢ ᠬᠤᠶᠠᠷ ᠬᠦᠮᠦᠨ ᠵᠣᠯᠭᠠᠪᠠᠯ ᠬᠥᠬᠦᠦᠷ ᠲᠠᠢ ᠨᠢ ᠬᠥᠬᠦᠦᠷ ᠤᠨ ᠲᠣᠯᠣᠭᠠᠢ ᠶᠢ ᠣᠭᠰᠢᠭᠤᠯᠣᠨ ᠨᠥᠭᠦᠭᠡᠲᠡᠬᠢ | ᠳᠡᠭᠡᠨ ᠪᠠᠷᠢᠪᠠᠯ ᠴᠠᠭᠠᠲᠣᠬᠢ ᠨᠢ ᠲᠠᠮᠠᠬᠢᠨ ᠠᠴᠠ ᠨᠢ ᠬᠠᠯᠪᠠᠭᠠᠳᠠᠨ ᠳᠠᠲᠠᠬᠤ ᠪᠣᠶᠤ ᠬᠥᠬᠦᠦᠷ ᠢ ᠬᠠᠮᠠᠷ ᠲᠠᠭᠠᠨ | ᠣᠶᠢᠷᠠᠳᠣᠭᠤᠯᠵᠤ ᠳᠠᠲᠠᠭᠰᠠᠨ ᠪᠠᠶᠢᠳᠠᠯ ᠭᠠᠷᠭᠠᠨ ᠪᠣᠴᠠᠭᠠᠵᠤ ᠪᠠᠷᠢᠳᠠᠭ᠃ ᠪᠥᠰᠡᠲᠡᠶᠢᠴᠣᠣᠯ ᠬᠥᠬᠦᠦᠷ ᠢᠶᠠᠨ ᠳᠠᠯᠢᠶᠠᠷ ︵ | ᠱᠣᠣᠮᠠᠰᠠ ᠴᠦ ᠭᠡᠳᠡᠭ︶ ᠲᠤ ᠬᠢᠵᠦ ᠪᠥᠰᠡᠨ ᠠᠴᠠ ᠪᠠᠨ ᠰᠣᠶᠢᠷᠠᠵᠤ ᠶᠠᠪᠣᠳᠠᠭ ᠪᠣᠯ ᠪᠥᠰᠡᠭᠦᠶᠢᠴᠣᠳ ᠨᠢ ᠬᠠᠪᠲᠠᠭᠠᠨ | ᠳᠠᠭᠠᠨ ᠬᠢᠵᠦ ᠡᠩᠭᠡᠷ ᠠᠴᠠ ᠪᠠᠨ ᠵᠡᠭᠦᠳᠡᠭ᠃ ᠪᠥᠰᠡᠭᠦᠢ ᠬᠦᠮᠦᠨ ᠤ ᠬᠡᠷᠡᠭᠯᠡᠳᠡᠭ ᠬᠥᠬᠦᠦᠷ ᠨᠢ ᠬᠡᠮᠵᠢᠶ᠎ᠡ ᠪᠠᠷ ᠪᠠᠭ᠎ᠠ᠂ | ᠨᠠᠷᠢᠯᠢᠭᠵᠢᠭᠤᠨ ᠪᠥᠭᠡᠳ ᠬᠡᠭᠡᠨᠴᠢᠷ ᠠᠪᠰᠠᠷᠬᠠᠨ ᠵᠡᠷᠭᠡ ᠣᠨᠴᠠᠯᠢᠭ ᠲᠠᠢ᠃ | ᠳᠠᠯᠢᠶᠠᠷ — ᠳᠠᠯᠢᠶᠠᠷ ᠪᠣᠯ ᠬᠥᠬᠦᠦᠷ᠂ ᠬᠠᠳᠠᠭ᠂ ᠮᠥᠩᠭᠦ ᠵᠣᠭᠤᠰ᠂ ᠭᠠᠷ ᠵᠠᠭᠤᠷ᠎ᠠ ᠵᠠᠷᠣᠬᠤ ᠡᠳ᠋ᠯᠡᠯ ᠢ | ᠠᠭᠤᠯᠬᠤ ᠳᠣᠮᠳᠠᠭᠤᠷ ᠢᠶᠠᠨ ᠠᠮᠠᠰᠠᠷ ᠲᠠᠢ ᠠᠴᠢᠮᠠᠭ ᠣᠭᠤᠲᠠ᠃ ᠪᠡᠶ᠎ᠡ ᠨᠢ ᠬᠤᠶᠠᠷ ᠰᠥᠭᠦᠮ ᠢᠯᠡᠭᠦᠦ ᠤᠷᠲᠣ᠂ ᠰᠥᠭᠦᠮ | ᠥᠷᠭᠡᠨ᠂ ᠭᠤᠣᠯᠳᠠᠭᠤ ᠬᠠᠷ᠎ᠠ ᠪᠣᠶᠤ ᠬᠦᠷᠡᠩ ᠥᠩᠭᠡ ᠶᠢᠨ ᠲᠣᠷᠭ᠎ᠠ ᠪᠠᠷ ᠡᠰᠭᠡᠵᠦ ᠬᠤᠷᠭᠤᠢ ᠪᠠᠷ ᠬᠠᠯᠵᠠᠯᠠᠵᠤ ᠬᠢᠳᠡᠭ᠃ | ᠭᠠᠳᠠᠷ ᠳᠥᠷᠪᠡᠨ ᠪᠣᠯᠣᠩ ᠳᠤᠨᠢ ᠥᠩᠭᠡ ᠶᠢᠨ ᠣᠲᠠᠰᠤ ᠪᠠᠷ ᠳᠥᠷᠪᠡᠨ ᠬᠦᠴᠦᠲᠡᠨ ᠢ ᠣᠷᠠᠯᠠᠨ ᠬᠠᠳᠬᠤᠵᠣ᠂ ᠳᠣᠲᠣᠷ | ᠳᠥᠷᠪᠡᠨ ᠪᠣᠯᠣᠩ ᠳᠤᠨᠢ ᠴᠡᠴᠡᠭ ᠨᠠᠪᠴᠢ ᠬᠠᠳᠬᠤᠮᠠᠯᠯᠠᠵᠤ ᠲᠣᠣᠰᠠ ᠪᠠᠷ ᠬᠤᠣᠰ ᠲᠠᠯᠪᠢᠨ ᠢᠷᠣᠭᠠᠷ ᠢ ᠨᠢ ᠬᠤᠷᠭᠤᠢ ᠪᠠᠷ | ᠪᠥᠭᠡᠷᠡᠩᠬᠡᠶᠢᠯᠡᠨ ᠡᠮᠵᠢᠶᠡᠷᠢᠯᠡᠵᠦ᠂ ᠠᠮᠠᠰᠠᠷ ᠤᠨ ᠵᠠᠪᠠᠵᠢᠨ ᠳᠤᠨᠢ ᠥᠩᠭᠡ ᠶᠢᠨ ᠲᠣᠷᠭᠠᠨ ᠣᠲᠠᠰᠤ ᠪᠠᠷ ᠭᠤᠶᠣᠮᠰᠤᠭ | ᠰᠢᠵᠢᠷᠭᠠ ᠬᠠᠳᠬᠤᠮᠠᠯᠯᠠᠳᠠᠭ᠃ ᠳᠠᠯᠢᠶᠠᠷ ᠢ ᠪᠥᠰᠡᠲᠡᠶᠢᠴᠣᠣᠯ ᠪᠥᠰᠡᠨ ᠳᠡᠭᠡᠨ ᠲᠡᠩᠨᠡᠭᠦᠯᠦᠨ ᠵᠡᠭᠦᠳᠡᠭ᠃ ᠬᠥᠬᠦᠦᠷ ᠢᠶᠠᠨ | ᠭᠠᠷᠭᠠᠬᠤ ᠳᠤ ᠢᠨᠠᠭᠰᠢ ᠨᠢ ᠳᠠᠲᠠᠵᠤ᠂ ᠬᠢᠭᠰᠡᠨ ᠬᠤᠶᠢᠨ᠎ᠠ ᠨᠢ ᠴᠢᠨᠠᠭᠰᠢ ᠨᠢ ᠳᠠᠲᠠᠵᠤ ᠲᠡᠩᠴᠡᠭᠦᠯᠦᠨ ᠵᠡᠭᠦᠨ᠎ᠡ᠃ | ᠪᠥᠰᠡᠲᠡᠶᠢᠴᠣᠣᠯ ᠤᠨ ᠵᠠᠷᠣᠬᠤ ᠬᠥᠬᠦᠦᠷ ᠤᠨ ᠣᠭᠤᠲᠠ ᠶᠢ ᠬᠥᠬᠦᠦᠷ ᠤᠨ ᠬᠠᠪᠲᠠᠭ᠎ᠠ ᠭᠡᠨ᠎ᠡ᠃ | ᠪᠥᠰᠡᠭᠦᠶᠢᠴᠣᠣᠯ ᠬᠥᠬᠦᠦᠷ ᠢᠶᠠᠨ ᠬᠠᠪᠲᠠᠭ᠎ᠠ ᠳᠠᠭᠠᠨ ᠬᠢᠵᠦ ᠡᠩᠭᠡᠷ ᠤᠨ ᠳᠣᠪᠴᠢᠨ ᠳᠠᠭᠠᠨ ᠡᠯᠭᠦᠵᠦ ᠡᠪᠦᠷᠲᠦᠯᠡᠨ᠎ᠡ᠃ | ᠬᠠᠪᠲᠠᠭ᠎ᠠ ᠶᠢ ᠳᠣᠭᠤᠢ ᠬᠡᠯᠪᠡᠷᠢᠲᠡᠢ᠂ ᠳᠥᠷᠪᠡᠯᠵᠢᠨ ᠬᠡᠯᠪᠡᠷᠢᠲᠡᠢ ᠪᠠᠷ ᠡᠰᠭᠡᠨ ᠬᠥᠬᠦᠦᠷ ᠢᠶᠠᠨ ᠪᠠᠭᠲᠠᠭᠠᠵᠤ ᠣᠶᠣᠨ᠂ | ᠠᠮᠠᠰᠠᠷ ᠲᠤᠨᠢ ᠭᠤᠳᠣᠷᠠᠭᠤᠯ ᠭᠠᠷᠭᠠᠨ ᠲᠣᠷᠭᠠᠨ ᠣᠭᠤᠰᠣᠷ ᠲᠠᠭᠠᠷᠠᠭᠤᠯᠣᠨᠠ᠃ ᠬᠥᠬᠦᠦᠷ ᠤᠨ ᠬᠠᠪᠲᠠᠭ᠎ᠠ ᠶᠢᠨ ᠥᠩᠭᠡᠨ | ᠲᠠᠯ᠎ᠠ ᠳᠤᠨᠢ ᠬᠤᠸᠠᠷ ᠴᠡᠴᠡᠭ ᠬᠠᠳᠬᠤᠮᠠᠯᠯᠠᠨ᠂ ᠠᠯᠲᠠ ᠮᠥᠩᠭᠦᠨ ᠤᠲᠠᠰᠤ ᠲᠠᠭᠠᠷᠠᠭᠤᠯᠵᠤ᠂ ᠦᠯᠵᠡᠢ ᠵᠠᠩᠭᠢᠶ᠎ᠠ | ᠵᠠᠩᠭᠢᠳᠣᠭᠰᠠᠨ ᠣᠯᠠᠭᠠᠨ ᠲᠣᠷᠭᠠᠨ ᠣᠭᠤᠰᠣᠷ ᠲᠠᠭᠠᠷᠠᠭᠤᠯᠣᠨ ᠵᠡᠭᠦᠳᠡᠭ᠃ ᠯᠠᠮᠠ ᠬᠦᠮᠦᠨ ᠤ ᠬᠡᠷᠭᠯᠡᠬᠦ ᠳᠠᠯᠢᠶᠠᠷ ᠤᠨ | ᠲᠣᠷᠭᠠᠨ ᠤ ᠥᠩᠭᠡ᠂ ᠡᠮᠵᠢᠶᠡᠷᠢ ᠵᠡᠷᠭᠡ ᠨᠢ ᠣᠨᠳᠣᠤ ᠶᠣᠮ᠃ | ᠭᠠᠩᠰᠠ — ᠭᠠᠩᠰᠠ ᠨᠢ ᠲᠣᠯᠣᠭᠠᠢ᠂ ᠮᠣᠳᠤ᠂ ᠰᠢᠯᠪᠢ ᠭᠤᠷᠪᠠ ᠪᠠᠷ ᠪᠥᠷᠢᠯᠳᠦᠳᠡᠭ᠃ ᠭᠠᠩᠰᠠᠨ ᠤ | ᠲᠣᠯᠣᠭᠠᠢ ᠶᠢ ᠲᠡᠮᠦᠷ᠂ ᠵᠡᠰ᠂ ᠭᠠᠣᠯᠢ᠂ ᠮᠥᠩᠭᠦ ᠪᠠᠷ ᠴᠢᠳᠬᠤᠨ ᠬᠦᠵᠦᠭᠦᠨ ᠳᠤᠨᠢ ᠲᠡᠯ ᠲᠠᠯᠪᠢᠵᠤ᠂ ᠭᠠᠳᠠᠨ᠎ᠠ ᠨᠢ ᠣᠯᠠᠨ | ᠶᠠᠩᠵᠤ ᠶᠢᠨ ᠨᠠᠪᠴᠢ ᠴᠡᠴᠡᠭ᠂ ᠬᠡ ᠣᠭᠠᠯᠵᠠ ᠰᠡᠶᠢᠯᠪᠦᠷᠢᠯᠡᠨ᠂ ᠭᠠᠣᠯᠢ᠂ ᠵᠡᠰ᠂ ᠭᠠᠩ ᠭᠤᠷᠪᠠ ᠶᠢ ᠠᠯᠠᠭᠯᠠᠭᠤᠯᠣᠨ | ᠭᠠᠩᠨᠠᠵᠤ ᠪᠠᠬᠢᠯᠡᠳᠡᠭ᠃ ᠭᠠᠩᠰᠠᠨ ᠤ ᠮᠣᠳᠤ ᠶᠢ ᠭᠤᠣᠯ ᠨᠢ ᠪᠠᠲᠣᠴᠠᠭᠠᠨ᠂ ᠽᠠᠨᠳᠠᠨ᠂ ᠰᠠᠩᠳᠠᠩ ᠵᠡᠷᠭᠡ ᠬᠠᠲᠠᠭᠤ ᠮᠣᠳᠤ | ᠪᠠᠷ ᠬᠢᠵᠦ᠂ ᠭᠠᠳᠠᠭᠤᠷ ᠨᠢ ᠰᠢᠷ ᠪᠣᠳᠤᠭ ᠲᠠᠯᠪᠢᠵᠣ ᠥᠩᠭᠡᠯᠡᠳᠡᠭ᠃ ᠭᠠᠩᠰᠠᠨ ᠤ ᠰᠢᠯᠪᠢ ︵ᠰᠣᠷᠣᠭᠤᠯ︶ ᠶᠢ ᠴᠠᠭᠠᠨ | ᠬᠠᠰ᠂ ᠨᠣᠭᠤᠭᠠᠨ ᠬᠠᠰ᠂ ᠮᠠᠨᠤ᠂ ᠱᠢᠷᠦ᠂ ᠬᠤᠪᠠ᠂ ᠲᠡᠨᠢᠭᠢᠷ᠂ ᠱᠠᠭᠠᠵᠠᠩ᠂ ᠥᠭᠡᠭᠦᠨ ᠴᠢᠯᠠᠭᠤ ᠵᠡᠷᠭᠡ ᠪᠠᠷ ᠬᠢᠳᠡᠭ᠃ | ᠴᠠᠬᠠᠷ ᠲᠤ ᠵᠥᠪᠬᠡᠨ ᠬᠠᠷᠠᠴᠣᠣᠯ ᠨᠢ ᠭᠠᠩᠰᠠ ᠲᠠᠮᠠᠬᠢ ᠡᠳ᠋ᠯᠡᠵᠦ᠂ ᠯᠠᠮᠠ ᠬᠦᠮᠦᠨ ︵ᠬᠠᠮᠠᠷ ᠲᠠᠮᠠᠬᠢ ᠯᠡ | ᠳᠠᠲᠠᠳᠠᠭ︶ ᠪᠠ ᠭᠡᠷᠯᠡᠭᠡᠳᠦᠢ ᠵᠠᠯᠠᠭᠤ ᠲᠠᠮᠠᠬᠢ ᠳᠠᠲᠠᠬᠤ ᠶᠢ ᠴᠡᠭᠡᠷᠯᠡᠨ᠎ᠡ᠃ ᠬᠦᠦ ᠬᠦᠮᠦᠨ ᠡᠴᠢᠭᠡ ᠡᠬᠡ ᠶᠢᠨ ᠢᠶᠠᠨ | ᠳᠡᠷᠭᠡᠳᠡ ᠭᠠᠩᠰᠠ ᠪᠠᠷᠢᠳᠠᠭ ᠦᠭᠡᠢ᠂ ᠬᠡᠵᠢᠶ᠎ᠡ ᠨᠠᠰᠣᠨ ᠳᠣᠮᠳᠠ ᠬᠦᠷᠴᠦ᠂ ᠭᠠᠩᠰᠠ ᠳᠠᠲᠠᠬᠤ ᠡᠷᠬᠡ ᠣᠯᠣᠭᠰᠠᠨ ᠤ | ᠳᠠᠷᠠᠭ᠎ᠠ ᠰᠠᠶ᠋ᠢ ᠡᠳ᠋ᠯᠡᠳᠡᠭ ᠵᠣᠷᠰᠢᠯ ᠲᠠᠢ᠃ | ᠬᠡᠭᠡᠷ᠎ᠡ ᠭᠠᠳᠠᠨ᠎ᠠ ᠪᠣᠶᠤ ᠠᠶᠢᠯ ᠵᠡᠷᠭᠡᠯᠡᠳᠡᠭᠡ ᠳᠤ ᠬᠤᠶᠠᠷ ᠬᠦᠮᠦᠨ ᠵᠣᠯᠭᠠᠪᠠᠯ ᠭᠠᠩᠰᠠ ᠪᠠᠷ ᠢᠶᠠᠨ ᠲᠠᠮᠠᠬᠢᠨ ᠠᠴᠠ | ᠪᠠᠨ ᠣᠳᠬᠤᠨ ᠨᠣᠴᠣᠭᠠᠭᠠᠳ ᠬᠡᠳᠦ ᠰᠣᠷᠣᠭᠰᠠᠨ ᠤ ᠳᠠᠷᠠᠭ᠎ᠠ᠂ ᠬᠠᠨᠴᠣᠢ ᠪᠣᠶᠤ ᠨᠢᠳᠣᠷᠭ᠎ᠠ ᠪᠠᠷ ᠢᠶᠠᠨ ᠰᠢᠯᠪᠢ ᠶᠢ ᠨᠢ | ᠵᠦᠯᠭᠦᠵᠦ ᠴᠠᠭᠠᠲᠣᠬᠢ ᠳᠠᠭᠠᠨ ᠪᠠᠷᠢᠨ᠎ᠠ᠃ ᠡᠨᠡ ᠨᠢ ᠬᠠᠷᠢᠯᠴᠠᠨ ᠪᠡᠶᠡᠰ ᠢᠶᠠᠨ ᠬᠥᠲᠦᠳᠭᠡᠵᠦ ᠪᠠᠶᠢᠬᠤ ᠶᠣᠰᠣᠨ ᠠᠵᠢ᠃ | ᠭᠠᠩᠰᠠᠨ ᠤ ᠬᠡᠦᠳᠡᠢ — ᠠᠭᠲᠠ ᠮᠣᠷᠢᠨ ᠤ ᠦᠨ᠎ᠡ ᠲᠠᠢ ᠰᠢᠯᠪᠢ ᠪᠠᠨ ᠬᠠᠶᠢᠷᠠᠯᠠᠨ ᠬᠢᠮᠠᠭᠠᠳᠠᠬᠤ ᠡᠭᠦᠳᠡᠨ | ᠠᠴᠠ ᠳᠣᠰᠬᠠᠶᠢᠯᠠᠨ ᠭᠠᠩᠰᠠᠨ ᠳᠠᠭᠠᠨ ᠲᠣᠷᠭᠠᠨ ᠳᠣᠭᠲᠣᠢ ᠣᠶᠣᠵᠤ᠂ ᠡᠯᠳᠡᠪ ᠥᠩᠭᠡ ᠶᠢᠨ ᠬᠤᠸᠠᠷ ᠬᠠᠳᠬᠤᠮᠠᠯᠯᠠᠵᠤ | ᠥᠩᠭᠡ ᠶᠢᠨ ᠳᠣᠣᠰᠠ ᠪᠠᠷ ᠴᠢᠮᠡᠭᠯᠡᠨ᠂ ᠲᠠᠯ᠎ᠠ ᠳᠤᠨᠢ ᠠᠮᠠ ᠭᠠᠷᠭᠠᠵᠤ ᠲᠣᠷᠭᠠᠨ ᠣᠲᠠᠰᠣ ᠪᠠᠷ ᠪᠣᠷᠣᠣᠯᠠᠨᠠ᠃ ᠭᠠᠩᠰᠠᠨ ᠤ | ᠬᠡᠦᠳᠡᠢ ᠶᠢ ᠭᠠᠩᠰᠠᠨ ᠤ ᠪᠥᠬᠦ ᠣᠷᠲᠤ ᠠᠴᠠ ᠢᠯᠡᠭᠦᠴᠡ ᠲᠠᠯᠪᠢᠵᠤ ᠨᠠᠷᠢᠪᠲᠣᠷ ᠣᠶᠣᠳᠠᠭ᠃ ᠨᠠᠰᠣᠲᠠᠶᠢᠴᠣᠳ ᠨᠢ ᠬᠡᠦᠳᠡᠢ | ᠲᠠᠢ ᠭᠠᠩᠰᠠ ᠪᠠᠨ ᠪᠠᠷᠠᠭᠤᠨ ᠲᠠᠯ᠎ᠠ ᠶᠢᠨ ᠪᠥᠰᠡᠨ ᠳᠡᠭᠡᠨ ᠰᠣᠶᠢᠷᠠᠵᠤ᠂ ᠵᠠᠯᠠᠭᠤᠰ ᠨᠢ ᠪᠠᠷᠠᠭᠤᠨ ᠲᠦᠷᠡᠢ ᠳᠡᠭᠡᠨ | ᠲᠦᠷᠡᠶᠢᠯᠡᠳᠡᠭ᠃ | ᠲᠠᠮᠠᠬᠢᠨ ᠲᠠᠭᠠᠷᠴᠤᠭ — ︽ᠳ᠋ᠠᠯᠢᠤ ᠥᠯᠢᠦ ᠰᠢᠷᠡᠭᠡᠨ ᠤ ᠬᠤᠸᠠᠷ᠂ ᠲᠠᠮᠠᠬᠢᠨ ᠲᠠᠭᠠᠷᠴᠤᠭ ᠳᠠᠰᠢᠶᠠᠨ ᠤ | ᠬᠤᠸᠠᠷ︾ ᠭᠡᠭᠴᠢ ᠪᠠᠷ ᠴᠠᠬᠠᠷᠴᠣᠣᠯ ᠦᠨ᠎ᠡ ᠪᠡᠨ᠎ᠡ ᠲᠠᠢ ᠪᠠᠨ ᠬᠤᠣᠰᠯᠠᠭᠤᠯᠣᠭᠰᠠᠨ ᠭᠠᠩᠭᠠᠩ ᠰᠠᠶᠢᠬᠠᠨ ᠲᠠᠮᠠᠬᠢᠨ | ᠲᠠᠭᠠᠷᠴᠤᠭ ᠢᠶᠠᠨ ᠳᠠᠰᠢᠶᠠᠨ ᠳᠠᠭᠠᠨ ᠴᠢᠮᠡᠭ ᠪᠣᠯᠭᠠᠨ ᠵᠡᠭᠦᠳᠡᠭ᠃ ᠲᠠᠮᠠᠬᠢᠨ ᠲᠠᠭᠠᠷᠴᠤᠭ ᠢ ᠣᠯᠠᠨ ᠥᠩᠭᠡ ᠶᠢᠨ ᠲᠣᠷᠭᠠᠨ | ᠠᠴᠠ ᠳᠣᠷᠠᠲᠠᠢ ᠥᠩᠭᠡ ᠪᠠᠨ ᠰᠣᠩᠭᠤᠵᠤ᠂ ᠬᠤᠶᠠᠷ ᠲᠠᠯ᠎ᠠ᠂ ᠢᠷᠣᠭᠠᠷ ᠢ ᠨᠢ ᠡᠮᠵᠢᠶᠡᠷᠢᠯᠡᠨ ᠳᠡᠭᠡᠷ᠎ᠡ ᠨᠢ ᠬᠤᠷᠭᠤᠢ ᠪᠠᠷ | ᠬᠠᠯᠵᠠᠯᠠᠨ᠂ ᠴᠡᠴᠡᠭ ᠨᠠᠪᠴᠢ᠂ ᠵᠢᠭᠦᠷᠲᠡᠨ ᠰᠢᠪᠠᠭᠤ᠂ ᠬᠡ ᠤᠭᠠᠯᠵᠠ᠂ ᠬᠠᠳᠬᠤᠮᠠᠯᠯᠠᠨ ᠳᠣᠣᠰᠠ ᠪᠠᠷ ᠬᠥᠪᠡᠭᠡᠯᠡᠨ ᠴᠢᠮᠡᠳᠡᠭ | ᠃ | ᠪᠠᠶᠢᠷᠢ ᠰᠠᠭᠤᠷᠢ ᠥᠨᠳᠦᠷ᠂ ᠪᠡᠯᠡ ᠵᠣᠵᠠᠭᠠᠨ ᠠᠶᠢᠯ ᠤᠨ ᠪᠥᠰᠡᠲᠡᠶᠢᠴᠣᠣᠯ ᠤᠨ ᠲᠠᠭᠠᠷᠴᠤᠭ ᠤᠨ ᠠᠮᠠᠰᠠᠷ ᠲᠤ | ᠱᠢᠷᠦ᠂ ᠨᠣᠭᠤᠭᠠᠨ ᠬᠠᠰ ᠰᠢᠭᠢᠳᠭᠡᠭᠰᠡᠨ ᠮᠥᠩᠭᠦᠨ ᠬᠠᠪᠴᠢᠶᠠᠷᠢ ᠲᠠᠢ ᠪᠥᠭᠡᠳ ᠲᠡᠭᠦᠨ ᠢᠶᠠᠨ ᠮᠥᠩᠭᠦᠨ ᠭᠢᠨᠵᠢ ᠪᠠᠷ | ᠬᠤᠯᠪᠣᠨ ᠦᠵᠦᠭᠦᠷ ᠲᠤᠨᠢ ᠮᠥᠩᠭᠦᠨ ᠳᠣᠭᠰᠢᠭᠤᠷ᠂ ᠮᠥᠩᠭᠦᠨ ᠲᠣᠶᠢᠭ᠂ ᠮᠥᠩᠭᠦᠨ ᠰᠡᠳᠭᠡᠭᠦᠷ ᠬᠤᠯᠪᠣᠭᠰᠠᠨ ᠪᠠᠶᠢᠳᠠᠭ᠃ | ᠪᠡᠯᠡ ᠮᠠᠭᠤᠲᠠᠢ ᠬᠠᠷᠠᠴᠣᠣᠯ ᠨᠢ ᠱᠢᠷᠦ᠂ ᠬᠤᠪᠠ ᠶᠢ ᠴᠣᠭᠤᠯᠲᠣᠨ ᠣᠲᠠᠰᠤ ᠪᠠᠷ ᠰᠥᠪᠡᠯᠡᠭᠡᠳ ᠲᠠᠭᠠᠷᠴᠤᠭ ᠤᠨ ᠢᠶᠠᠨ | ᠠᠮᠠᠰᠠᠷ ᠶᠢ ᠭᠤᠳᠣᠷᠠᠭᠤᠯᠳᠠᠨ ᠬᠤᠯᠪᠣᠳᠠᠭ᠃ | ᠡᠷᠡᠬᠡᠶᠢᠪᠴᠢ — ᠴᠡᠷᠢᠭ ᠳᠠᠶᠢᠨ ᠤ ᠠᠵᠢᠯᠯᠠᠭ᠎ᠠ ᠳᠤ ᠨᠣᠮᠤ ᠰᠣᠮᠣᠨ ᠤ ᠦᠢᠯᠡᠳᠦᠯ ᠢᠳᠡ ᠠᠪᠴᠤ ᠪᠠᠶᠢᠬᠤ | ᠦᠶ᠎ᠡ ᠳᠤ ᠡᠷᠡᠬᠡᠶᠢᠪᠴᠢ ᠮᠡᠨᠳᠦᠯᠡᠭᠰᠡᠨ ᠪᠣᠯᠣᠯᠲᠠᠢ᠃ ᠡᠷᠡᠬᠡᠶᠢᠪᠴᠢ ᠶᠢ ᠢᠮᠠᠬᠤ ᠬᠢᠷᠢᠲᠠᠢ ᠥᠷᠭᠡᠨ ᠵᠡᠰ᠂ ᠭᠠᠣᠯᠢ ᠵᠡᠷᠭᠡ | ᠲᠡᠮᠦᠷᠯᠢᠭ ᠪᠣᠶᠤ ᠬᠤᠪᠠ᠂ ᠨᠣᠭᠤᠭᠠᠪᠴᠢ᠂ ᠣᠭ᠍ᠶᠤ᠂ ᠣᠨᠳᠣᠷᠭ᠎ᠠ ᠵᠡᠷᠭᠡ ᠴᠢᠯᠠᠭᠤᠯᠢᠭ ᠵᠦᠢᠯᠡᠰ ᠢᠶᠠᠷ ᠬᠢᠵᠦ᠂ ᠡᠷᠡᠬᠡᠢ | ᠬᠤᠷᠣᠭᠤᠨ ᠳᠠᠭᠠᠨ ᠵᠡᠭᠦᠳᠡᠭ ᠪᠠᠶᠢᠵᠠᠢ᠃ ᠡᠷᠡᠬᠡᠶᠢᠪᠴᠢ ᠶᠢᠨ ᠴᠢᠨᠠᠷ ᠴᠢᠨᠰᠠᠭ᠎ᠠ ᠪᠠᠷ ᠨᠢ ᠡᠳ᠋ᠯᠡᠵᠦ ᠶᠠᠪᠣᠭ᠎ᠠ ᠬᠦᠮᠦᠨ ᠤ | ᠪᠠᠶᠢᠷᠢ ᠰᠠᠭᠤᠷᠢ᠂ ᠵᠡᠷᠭᠡ ᠬᠡᠷᠬᠡᠮ ᠢ ᠳᠥᠭᠦᠮ ᠢᠯᠭᠠᠳᠠᠭ ᠪᠠᠶᠢᠵᠠᠢ᠃ ᠰᠡᠭᠦᠯᠡᠷ ᠨᠢ ᠵᠥᠪᠬᠡᠨ ᠵᠠᠰᠠᠯ ᠵᠡᠮᠰᠡᠭ ᠤᠨ ᠵᠦᠢᠯᠡᠰ | ᠪᠣᠯᠵᠤ ᠬᠤᠪᠢᠷᠠᠵᠠᠢ᠃ | ︽ ᠴᠠᠬᠠᠷ ᠵᠠᠩ ᠦᠢᠯᠡ︾ ᠬᠡᠬᠦ ᠨᠤᠮ ᠠᠴᠠ ᠮᠠᠶᠢᠯᠠᠰᠣ ᠰᠡᠶᠢᠷᠡᠬᠦᠯᠪᠡ |