| | | ᠴᠢᠮᠡᠭᠡᠯᠡᠭᠴᠢ ᠲᠤ᠋᠂ ᠰᠠᠴᠡᠨᠪᠢᠯᠢᠭ ᠵᠢ᠊᠂ ᠮᠦᠩᠭᠡ ᠵᠢ᠊᠂ ᠰᠤᠶᠤᠯᠳᠤ | ᠤᠷᠠᠨᠳᠠᠨ᠎ᠠ ᠪᠤᠯ ᠰᠢᠯᠤᠭᠤᠨ ᠭᠦᠭᠡ ᠬᠤᠰᠢᠭᠤᠨ ᠤ ᠰᠠᠩ ᠤᠨ ᠲᠠᠯᠠᠢ ᠪᠠᠯᠭᠠᠰᠤᠨ ᠤ ᠲᠦᠭᠦᠷᠢᠭ ᠭᠠᠴᠠᠭᠠᠨ ᠤ | ᠮᠠᠯᠴᠢᠨ ᠪᠢᠯᠡ᠃ ᠲᠡᠳᠡᠨ ᠤ ᠬᠢ ᠲᠦᠭᠦᠷᠢᠭ ᠭᠠᠴᠠᠭᠠᠨ ᠤ ᠰᠠᠭᠠᠯᠢ ᠶᠢᠨ ᠦᠨᠢᠶᠡᠨ ᠤ ᠲᠤᠰᠬᠤᠨ ᠳᠤ ᠭᠠᠵᠠᠷ ᠨᠤᠳᠤᠭ | ᠲᠠᠢ ᠪᠤᠯᠬᠤᠷ ᠨᠦᠭᠦᠷ ᠨᠠᠰᠤᠨᠴᠤᠭᠳᠤ ᠨᠢ ᠮᠠᠯ ᠢᠶᠠᠨ ᠮᠠᠯᠵᠢᠵᠤ ᠤᠷᠤᠯᠭ᠎ᠠ ᠪᠠᠨ ᠨᠡᠮᠡᠭᠳᠡᠭᠦᠯᠵᠤ᠂ ᠪᠦᠰᠡᠭᠦᠢ ᠤᠷᠠᠨᠳᠠᠨ᠎ᠠ ᠨᠢ | ᠶᠡᠭᠡ ᠦᠬᠢᠨ ᠲᠠᠢ ᠪᠠᠨ ᠬᠤᠶᠠᠭᠤᠯᠠ ᠰᠠᠩ ᠤᠨ ᠲᠠᠯᠠᠢ ᠪᠠᠯᠭᠠᠰᠤᠨ ᠳᠤ ᠬᠤᠶᠠᠷ ᠭᠤᠯᠢᠷ ᠤᠨ ᠢᠳᠡᠭᠡᠨ ᠤ ᠲᠡᠯᠭᠡᠭᠦᠷ | ᠡᠵᠡᠩᠨᠡᠵᠤ ᠪᠠᠶᠢᠨ᠎ᠠ᠃ | 2019 ᠤᠨ ᠤ 7 ᠰᠠᠷ᠎ᠠ ᠶᠢᠨ 1 ᠤ ᠡᠳᠤᠷ ᠤᠷᠠᠨᠳᠠᠨ᠎ᠠ ᠠᠩᠬᠠᠨ ᠤ ᠲᠡᠯᠭᠡᠭᠦᠷ ᠢᠶᠠᠨ ᠨᠡᠭᠡᠭᠡᠵᠤ᠂ ᠭᠤᠯᠢᠷ | ᠢᠳᠡᠭᠡᠨ ᠤ ᠵᠤᠶᠢᠯ ᠬᠢᠵᠤ᠂ ᠲᠦᠷᠤᠯ ᠵᠤᠶᠢᠯ ᠤᠯᠠᠨ᠂ ᠦᠨᠤᠷ ᠠᠮᠳᠠ ᠰᠠᠶᠢᠬᠠᠨ ᠢᠶᠠᠷ ᠢᠶᠠᠨ ᠪᠤᠰᠤᠤᠨ ᠲᠡᠯᠭᠡᠭᠦᠷ ᠠᠴᠠ | ᠤᠨᠴᠠᠯᠢᠬᠳᠠᠨ᠂ ᠤᠬᠤᠷᠬᠠᠨ ᠬᠤᠭᠤᠴᠠᠭᠠᠨ ᠳᠤ ᠭᠦᠮᠤᠰ ᠤᠨ ᠲᠠᠭᠠᠰᠢᠶᠠᠯ ᠳᠤ ᠭᠦᠷᠴᠤ᠂ ᠬᠤᠳᠠᠯᠳᠤᠨ ᠠᠪᠬᠤ ᠵᠤᠴᠢᠨ | ᠠᠷᠪᠢᠳᠠᠭᠰᠠᠨ ᠢᠶᠠᠷ 7 ᠰᠠᠷ᠎ᠠ ᠶᠢᠨ 1 ᠤ ᠡᠳᠤᠷ ᠲᠠᠬᠢᠨ ᠬᠤᠶᠠᠳᠠᠬᠢ ᠲᠡᠯᠭᠡᠭᠦᠷ ᠢᠶᠠᠨ ᠨᠡᠭᠡᠭᠡᠭᠰᠡᠨ ᠪᠠᠶᠢᠨ᠎ᠠ᠃ ᠤᠷᠠᠨᠳᠠᠨ᠎ᠠ | ᠭᠤᠯᠢᠷ ᠤᠨ ᠢᠳᠡᠭᠡᠨ ᠤ ᠲᠡᠯᠭᠡᠭᠦᠷ ᠲᠡᠭᠡᠨ 4 ᠭᠦᠮᠤᠨ ᠢ ᠪᠠᠶᠢᠩᠭᠤ ᠭᠦᠯᠦᠰᠤᠯᠡᠨ᠂ ᠭᠦᠮᠡᠯᠢ ᠶᠢᠨ ᠪᠤᠤᠵᠠ᠂ ᠮᠢᠬᠠᠨ | ᠪᠤᠤᠵᠠ᠂ ᠪᠠᠩᠰᠢ᠂ ᠮᠠᠨᠳᠠᠤ᠂ ᠬᠠᠭᠠᠷᠢᠭᠰᠠᠨ ᠪᠤᠤᠪᠤ ᠪᠠ ᠡᠯ᠎ᠡ ᠵᠤᠶᠢᠯ ᠤᠨ ᠠᠮᠳᠠᠳᠠᠢ ᠪᠤᠤᠪᠤ ᠵᠡᠷᠭᠡ ᠢᠳᠡᠭᠡᠨ ᠢ | ᠬᠤᠳᠠᠯᠳᠤᠵᠤ᠂ ᠶᠠᠭᠠᠷᠠᠤ ᠦᠶ᠎ᠡ ᠳᠡᠭᠡᠨ ᠴᠠᠭ ᠢᠶᠠᠷ ᠪᠠᠷᠢᠮᠵᠢᠶᠠᠯᠠᠵᠤ ᠭᠦᠮᠤᠨ ᠭᠦᠯᠦᠰᠤᠯᠡᠳᠡᠭ ᠠᠴᠠ ᠰᠤᠷᠤᠭᠴᠢ ᠶᠢᠨ | ᠬᠤᠭᠤᠯᠠ ᠬᠢᠵᠤ ᠪᠠᠶᠢᠭ᠎ᠠ ᠭᠡᠷ ᠤᠨ ᠠᠬᠠᠮᠠᠤᠨ ᠲᠤ ᠤᠷᠤᠯᠭ᠎ᠠ ᠡᠭᠦᠳᠭᠦ ᠤᠷᠤᠨ ᠵᠠᠢ ᠬᠠᠩᠭᠠᠳᠠᠭ᠃ ᠭᠤᠯᠢᠷ ᠤᠨ ᠢᠳᠡᠭᠡᠨ | ᠤ ᠦᠨ᠎ᠡ ᠬᠠᠩᠰᠢ ᠨᠢ ᠲᠤᠬᠢᠷᠠᠮᠵᠢᠳᠠᠢ ᠪᠤᠯᠬᠤᠷ ᠬᠠᠳᠤᠯᠠᠩ ᠤᠨ ᠦᠶ᠎ᠡ ᠳᠤ ᠪᠦᠭᠡᠮ ᠢᠶᠠᠷ ᠬᠤᠳᠠᠯᠳᠤᠨ ᠠᠪᠬᠤ ᠭᠦᠮᠤᠰ | ᠤᠯᠠᠨ ᠪᠠᠶᠢᠵᠤ᠂ ᠤᠷᠤᠯᠭ᠎ᠠ ᠪᠠᠨ ᠨᠡᠮᠡᠭᠳᠡᠭᠦᠯᠭᠦ ᠪᠠᠰᠠ ᠨᠢᠭᠡ ᠠᠷᠭ᠎ᠠ ᠵᠠᠮ ᠪᠤᠯᠤᠭᠰᠠᠨ ᠪᠠᠶᠢᠨ᠎ᠠ᠃ | ︽ᠭᠦᠳᠡᠯᠮᠤᠷᠢ ᠭᠦᠮᠤᠨ ᠢ ᠭᠤᠮᠤᠳᠠᠭᠠᠬᠤ ᠦᠭᠡᠢ︾ ᠭᠡᠳᠡᠭᠴᠢᠯᠡᠨ ᠤᠷᠠᠨᠳᠠᠨ᠎ᠠ ᠴᠠᠭ ᠢ ᠵᠠᠪᠳᠤᠨ ᠴᠢᠷᠮᠠᠶᠢᠨ | ᠠᠵᠢᠯᠯᠠᠭᠰᠠᠨ ᠢᠶᠠᠷ ᠠᠵᠢᠯ ᠦᠢᠯᠡᠰ ᠨᠢ ᠦᠭᠡᠳᠡᠯᠡᠨ᠂ ᠤᠷᠤᠯᠭ᠎ᠠ ᠨᠢ ᠤᠯᠠᠮ ᠢᠶᠠᠷ ᠨᠡᠮᠡᠭᠳᠡᠵᠤ᠂ ᠦᠢᠯᠡᠰ ᠤᠨ ᠬᠠᠷᠭᠤᠢ | ᠳᠠᠭᠠᠨ ᠤᠮᠤᠭ ᠲᠡᠭᠦᠯᠳᠡᠷ ᠠᠯᠬᠤᠨ᠎ᠠ᠃ | | |