ᠴᠠᠰᠦᠳᠤ ᠡᠪᠦᠯ ᠲᠡᠮᠡᠬᠡᠴᠢᠨ ᠠᠶᠢᠯ
ᠨᠡᠶᠢᠲᠡᠯᠡᠭᠰᠡᠨ ᠴᠠᠭ᠄
2019/12/24
                       ᠬᠠᠮ ᠵᠠᠭᠤᠴᠢᠯᠠᠭᠤᠷ ᠤᠨ ᠰᠤᠷᠪᠤᠯᠵᠢᠯᠠᠬᠴᠢ ᠠᠯᠳᠠᠨᠰᠢᠬᠦᠷ        ᠠᠷᠪᠠᠨ ᠲᠤᠯᠤᠳᠤᠭᠠᠷ ᠬᠤᠭᠤᠴᠠᠭᠠᠨ ᠤ ︽ᠬᠤᠯᠠᠨ ᠰᠢᠷᠭ᠎ᠠ︾ ᠡᠪᠦᠯ ᠤᠨ ᠤᠯᠠᠷᠢᠯ ᠤᠨ ᠲᠡᠮᠡᠬᠡᠨ ᠰᠤᠶᠤᠯ ᠤᠨ ᠨᠠᠶᠢᠷ ᠤᠳᠠᠯ ᠦᠬᠡᠢ ᠶᠠᠪᠤᠭᠳᠠᠬᠤ ᠬᠡᠵᠦ ᠪᠠᠶᠢᠭ᠎ᠠ ᠪᠤᠯᠬᠤᠷ ᠲᠡᠮᠡᠭᠡᠴᠢᠨ ᠠᠶᠢᠯ ᠤᠳ ᠲᠡᠮᠡᠬᠡᠨ ᠨᠠᠶᠢᠷ ᠲᠤ ᠤᠷᠤᠯᠴᠠᠬᠤ ᠪᠡᠯᠡᠳᠬᠡᠯ ᠬᠢᠬᠡᠳ ᠶᠠᠭᠠᠷᠠᠤ ᠪᠠᠶᠢᠯ᠎ᠠ᠃        ᠪᠤᠱᠤᠤᠳᠠᠢ ᠰᠣᠮᠣᠨ ᠤ ᠴᠠᠭᠠᠨᠨᠠᠭᠤᠷ ᠭᠠᠴᠠᠭᠠᠨ ᠳᠤ ᠬᠤᠷᠳᠤᠨ ᠲᠡᠮᠡᠭᠡ ᠲᠠᠢ ᠲᠡᠮᠡᠭᠡᠴᠢᠨ ᠠᠬ᠎ᠠ ᠲᠡᠬᠦᠦ ᠬᠤᠶᠠᠷ ᠪᠠᠶᠢᠳᠠᠭ ᠭᠡᠵᠦ ᠲᠤᠭᠤᠯᠤᠭᠰᠠᠨ ᠪᠤᠯᠬᠤᠷ ᠲᠡᠳᠡᠨᠡᠶᠢᠬᠢᠨ ᠨᠠᠶᠢᠷ ᠤᠨ ᠪᠡᠯᠡᠳᠬᠡᠯ ᠢᠶᠠᠨ ᠬᠢᠷᠢ ᠵᠡᠷᠭᠡ ᠬᠢᠵᠦ ᠪᠠᠶᠢᠭ᠎ᠠ ᠶᠢ ᠣᠶᠢᠯᠠᠭᠠᠬᠤ ᠪᠠᠷ ᠰᠤᠷᠪᠤᠯᠵᠢᠯᠠᠬᠴᠢ ᠴᠠᠭᠠᠨᠨᠠᠭᠤᠷ ᠭᠠᠴᠠᠭᠠᠨ ᠤ ᠦᠨᠳᠦᠰᠦ᠂ ᠦᠨᠢᠪᠠᠳᠦ ᠠᠬ᠎ᠠ ᠲᠡᠭᠦᠦ ᠬᠤᠶᠠᠷ ᠲᠡᠮᠡᠬᠡᠴᠢᠨ ᠤ ᠬᠢ ᠶᠢ ᠵᠤᠷᠢᠯ᠎ᠠ᠃         ︽ᠵᠠᠮ ᠲᠠᠭᠠᠭᠠᠳ ᠶᠠᠪᠤᠵᠦ ᠪᠠᠶᠢᠳᠠᠯ᠎ᠠ ᠲᠡᠮᠡᠭᠡ ᠲᠠᠢ ᠠᠶᠢᠯ ᠲᠠᠭᠠᠷᠠᠨ᠎ᠠ︾ ᠬᠡᠰᠡᠨ ᠨᠤᠳᠤᠭ ᠤᠨ ᠠᠬ᠎ᠠ ᠶᠢᠨ ᠦᠭᠡ ᠪᠠᠷ ᠵᠠᠮ ᠤᠨ ᠬᠤᠶᠠᠷ ᠲᠠᠯ᠎ᠠ ᠪᠠᠷ ᠲᠡᠮᠡᠭᠡ ᠬᠠᠶᠢᠨ ᠬᠠᠷᠠᠭ᠎ᠠ ᠪᠡᠯᠴᠢᠬᠡᠨ ᠲᠠᠪᠬᠢᠭᠤᠯᠵᠦ ᠪᠠᠶᠢᠳᠠᠯ᠎ᠠ ᠲᠡᠮᠡᠭᠡ ᠬᠦᠭᠡᠭᠡᠭᠰᠡᠨ ᠬᠤᠶᠠᠷ ᠬᠦᠮᠦᠨ ᠲᠠᠭᠠᠷᠠᠯᠳᠤᠭᠰᠠᠨ ᠨᠢ ᠶᠠᠭ ᠪᠢᠳᠡᠨ ᠤ ᠵᠤᠷᠢᠵᠦ ᠶᠠᠪᠤᠭ᠎ᠠ ᠲᠡᠮᠡᠬᠡᠴᠢᠨ ᠠᠬ᠎ᠠ ᠲᠡᠬᠦᠦ ᠬᠤᠶᠠᠷ ᠪᠠᠶᠢᠬᠰᠠᠨ ᠠᠵᠠᠢ᠃         ᠦᠨᠳᠦᠰᠦ᠂ ᠦᠨᠢᠪᠠᠳᠦ ᠬᠤᠶᠠᠭᠤᠯᠠ ᠲᠡᠮᠡᠭᠡᠳ ᠢᠶᠠᠨ ᠭᠠᠳᠠᠨ᠎ᠠ ᠪᠠᠨ ᠠᠪᠴᠢᠷᠠᠵᠦ᠂ ᠤᠶᠠᠭᠠᠨ ᠳᠠᠭᠠᠨ ᠤᠶᠠᠭᠠᠳ ᠭᠡᠷ ᠲᠡᠭᠡᠨ ᠤᠷᠤᠬᠤ ᠳᠤ ᠪᠢᠳᠡ ᠴᠦ ᠲᠠᠭᠠᠯᠴᠠᠨ ᠤᠷᠤᠭᠰᠠᠨ ᠶᠤᠮ᠃ ᠡᠨᠡ ᠬᠤᠶᠠᠷ ᠠᠶᠢᠯ ᠤᠨ ᠬᠠᠶᠠᠭ᠎ᠠ ᠶᠢ ᠲᠦᠬᠦᠷᠬᠡᠨ ᠴᠢᠮᠡᠭᠰᠡᠨ ᠲᠡᠮᠡᠭᠡ ᠮᠤᠷᠢᠨ ᠤ ᠱᠠᠩᠨᠠᠯ ᠬᠦᠬᠢᠭᠦᠯᠦᠯ ᠠᠬ᠎ᠠ ᠲᠡᠬᠦᠦ ᠬᠤᠶᠠᠷ ᠤᠨ ᠬᠠᠰᠢᠷ ᠲᠡᠮᠡᠭᠡᠴᠢᠨ᠂ ᠰᠠᠶᠢᠨ ᠤᠶᠠᠭᠠᠴᠢ ᠬᠡᠳᠡᠭ ᠢ ᠬᠠᠷᠠᠭᠤᠯᠵᠦ ᠪᠠᠶᠢᠯ᠎ᠠ᠃        ᠦᠨᠳᠦᠰᠦ᠂ ᠦᠨᠢᠪᠠᠳᠦ ᠬᠤᠶᠠᠷ ᠤᠨ ᠠᠪᠤ ᠨᠢ ᠠᠯᠳᠠᠷᠳᠠᠢ ᠰᠠᠶᠢᠨ ᠤᠶᠠᠭᠠᠴᠢ ᠪᠠᠶᠢᠯ᠎ᠠ ᠬᠡᠳᠡᠭ ᠢ ᠵᠤᠭᠤᠭᠳᠠᠬᠤ ᠲᠤᠮᠳᠠ ᠪᠠᠨ ᠤᠶᠢᠯᠠᠭᠠᠯ᠎ᠠ᠃ ᠤᠤᠯ ᠠᠴᠠ ᠪᠠᠨ ᠠᠳᠤᠭᠤ ᠲᠡᠮᠡᠭᠡ ᠲᠠᠢ ᠠᠶᠢᠯ ᠪᠠᠶᠢᠭᠰᠠᠨ ᠪᠤᠯᠬᠤᠷ ᠠᠬ᠎ᠠ ᠲᠡᠬᠦᠦ ᠬᠤᠶᠠᠭᠤᠯᠠ ᠪᠠᠭ᠎ᠠ ᠠᠴᠠ ᠪᠠᠨ ᠯᠠ ᠠᠳᠤᠭᠤ ᠲᠡᠮᠡᠭᠡ ᠲᠠᠢ ᠪᠠᠨ ᠨᠤᠴᠤᠯᠳᠤᠨ ᠦᠰᠴᠡᠢ᠃ ᠨᠤᠳᠤᠭ ᠪᠡᠯᠴᠢᠭᠡᠷ ᠤᠨ ᠲᠠᠴᠢᠷᠳᠠᠯ ᠵᠡᠷᠭᠡ ᠤᠯᠠᠨ ᠰᠢᠯᠳᠠᠭᠠᠨ ᠠᠴᠠ ᠪᠤᠯᠵᠦ ᠶᠡᠷᠡᠭᠡᠳ ᠤᠨ ᠳᠤ ᠲᠡᠮᠡᠭᠡ ᠮᠠᠯᠵᠢᠬᠤ ᠪᠠᠨ ᠬᠡᠳᠦᠨ ᠵᠢᠯ ᠲᠠᠰᠤᠷᠠᠭᠰᠠᠨ ᠪᠤᠯᠪᠠᠴᠦ ᠲᠡᠮᠡᠭᠡᠨ ᠳᠤ ᠬᠠᠶᠢᠷᠠᠳᠠᠢ ᠶᠢᠨ ᠡᠷᠭᠡ ᠪᠠᠷ ᠬᠤᠶᠠᠷ ᠮᠢᠩᠭᠠᠨ ᠤᠨ ᠠᠴᠠ ᠲᠠᠬᠢᠨ ᠲᠡᠮᠡᠭᠡ ᠪᠠᠨ ᠮᠠᠯᠵᠢᠵᠦ ᠡᠬᠢᠯᠡᠵᠡᠢ ᠃ ᠡᠳᠡᠨᠡᠶᠢᠬᠢᠨ ᠭᠤᠤᠯᠳᠠᠭᠤ ᠨᠠᠮᠤᠷ ᠤᠨ ᠰᠡᠬᠦᠯᠴᠢ ᠡᠪᠦᠯ ᠤᠨ ᠡᠬᠢᠨ ᠢᠶᠠᠷ ᠲᠡᠮᠡᠭᠡ ᠪᠠᠨ ᠤᠶᠠᠵᠦ ᠬᠦᠩᠭᠡᠷᠡᠬᠦᠯᠦᠨ ᠤᠨᠤᠯᠭ᠎ᠠ ᠡᠳ᠋ᠯᠡᠭᠡᠨ ᠳᠤ ᠬᠡᠷᠡᠭᠯᠡᠵᠦ᠂ ᠡᠪᠦᠯ ᠤᠨ ᠨᠠᠶᠢᠷ ᠤᠳ ᠢᠶᠠᠷ ᠬᠤᠷᠳᠤᠨ ᠲᠡᠮᠡᠭᠡ ᠤᠷᠤᠯᠳᠤᠭᠤᠯᠳᠠᠭ᠃        ᠦᠨᠦᠳᠦᠷ ᠪᠤᠶᠢᠯᠡ ᠵᠤᠷᠭᠤᠵᠦ᠂ ᠨᠤᠭᠳᠤ ᠪᠤᠷᠠᠨᠳᠠᠭ ᠰᠤᠯᠢᠵᠦ᠂ ᠤᠶᠢᠷ᠎ᠡ ᠬᠠᠪᠢ ᠶᠢᠨ ᠬᠡᠳᠦᠨ ᠲᠡᠮᠡᠭᠡᠴᠢᠳ ᠢᠶᠠᠨ ᠲᠠᠭᠤᠳᠠᠵᠦ ᠬᠡᠳᠦᠬᠦᠯᠡ ᠬᠠᠮᠳᠤ ᠠᠭᠤᠵᠢᠭᠤ ᠰᠢᠭ᠋ ᠲᠠᠯᠠᠪᠠᠢ ᠳᠤ ᠤᠴᠢᠵᠦ ᠲᠡᠮᠡᠬᠡᠳ ᠢᠶᠠᠨ ᠰᠤᠷᠢᠯ᠎ᠡ᠃ ᠦᠨᠦᠳᠦᠷ ᠤᠨ ᠰᠤᠷᠢᠭᠠᠨ ᠳᠤ ᠦᠨᠳᠦᠰᠦ ᠶᠢᠨ ᠬᠠᠷ᠎ᠠ ᠠᠳᠠ᠂ ᠦᠨᠢᠪᠠᠳᠦ ᠶᠢᠨ ᠰᠢᠷ᠎ᠠ ᠠᠳᠠ ᠶᠢ ᠪᠠᠭᠳᠠᠭᠠᠭᠰᠠᠨ ᠠᠷᠪᠠᠭᠠᠳ ᠲᠡᠮᠡᠭᠡ ᠰᠤᠷᠢᠭᠰᠠᠨ ᠪᠢᠯᠡ᠃ ᠶᠡᠷᠦᠨᠢ ᠦᠨᠢᠪᠠᠳᠦ ᠶᠢᠨ ᠰᠢᠷ᠎ᠠ ᠠᠳᠠ ᠪᠤᠯ ᠲᠠᠭᠠᠭᠠᠴᠠᠳᠠᠢ ᠰᠠᠶᠢᠨ ᠬᠦᠶᠦᠳᠡᠭ᠂ ᠤᠷᠤᠯᠳᠤᠭᠠᠨ ᠳᠤ ᠤᠯᠠᠨ ᠤᠷᠤᠯᠴᠠᠵᠦ ᠪᠠᠶᠢᠭᠰᠠᠨ ᠬᠤᠷᠳᠤᠨ ᠲᠡᠮᠡᠭᠡ ᠪᠢᠯᠡ᠃ ᠬᠤᠰᠢᠭᠤ ᠨᠠᠶᠢᠷ ᠤᠨ ᠬᠤᠯᠠ ᠶᠢᠨ ᠲᠡᠮᠡᠭᠡᠨ ᠤ ᠤᠷᠤᠯᠳᠤᠭᠠᠨ  ᠳᠤ ᠤᠯᠠᠨ ᠤᠳᠠᠭ᠎ᠠ ᠲᠡᠷᠢᠬᠦᠨ ᠲᠡᠳ᠋ ᠳᠤ ᠬᠤᠷᠳᠤᠯᠠᠵᠦ ᠪᠠᠶᠢᠭᠰᠠᠨ ᠪᠦᠭᠡᠳ ᠬᠡᠰᠢᠭᠳᠡᠨ ᠬᠤᠰᠢᠭᠤ᠂ ᠲᠦᠷᠪᠡᠳ ᠬᠤᠰᠢᠭᠤ ᠂ ᠡᠷᠢᠶᠡᠨ ᠬᠤᠳᠠ᠂ ᠰᠦᠨᠢᠳ ᠪᠠᠷᠠᠭᠤᠨ ᠬᠤᠰᠢᠭᠤ ᠵᠡᠷᠭᠡ ᠪᠤᠰᠤᠳ ᠠᠶᠢᠮᠠᠭ ᠬᠤᠳᠠ ᠶᠢᠨ ᠲᠡᠮᠡᠭᠡᠨ ᠤ ᠤᠷᠤᠯᠳᠤᠭᠠᠨ ᠳᠤ ᠴᠦ ᠤᠷᠤᠯᠴᠠᠵᠦ ᠣᠯᠠᠨ ᠨᠠᠭᠠᠳᠤᠮ ᠤᠨ ᠦᠵᠦᠭᠦᠷ ᠲᠡᠷᠢᠬᠦᠨ ᠢ ᠠᠪᠴᠦ᠂ ᠲᠡᠮᠡᠬᠡᠴᠢᠨ ᠡᠵᠡᠨ ᠢᠶᠠᠨ ᠪᠠᠶᠠᠰᠬᠠᠨ᠂ ᠨᠤᠳᠤᠭ ᠤᠰᠤᠨ ᠤ ᠪᠠᠨ‌ᠠᠯᠳᠠᠷ ᠢ ᠡᠷᠬᠦᠵᠦ ᠶᠠᠪᠤᠭᠰᠠᠨ ᠶᠤᠮ᠃ ᠠᠬ᠎ᠠ ᠦᠨᠳᠦᠰᠦ ᠨᠢ ᠦᠨᠦ ᠵᠢᠯ ᠨᠢᠭᠡ ᠬᠠᠷ᠎ᠠ ᠠᠳᠠ ᠤᠶᠠᠵᠦ ᠰᠤᠶᠢᠨ᠂ ᠨᠤᠳᠤᠭ ᠤᠰᠤᠨ ᠤ ᠬᠢᠨ ᠲᠠᠢ ᠪᠠᠨ ᠬᠡᠳᠦ ᠤᠳᠠᠭ᠎ᠠ ᠰᠤᠷᠢᠭ᠎ᠠ ᠬᠢᠵᠦ ᠦᠵᠡᠭᠡᠳ ᠬᠦᠶᠦᠳᠡᠯ ᠰᠠᠶᠢᠲᠠᠢ ᠪᠠᠶᠢᠭ᠎ᠠ ᠪᠤᠯᠬᠤᠷ ᠨᠢ ᠨᠠᠭᠠᠳᠤᠮ ᠤᠨ ᠬᠤᠯᠠ ᠶᠢᠨ ᠲᠡᠮᠡᠭᠡᠨ ᠤ ᠤᠷᠤᠯᠳᠤᠭᠠᠨ ᠳᠤ ᠤᠷᠤᠯᠴᠠᠭᠤᠯᠬᠤ ᠬᠦᠰᠡᠯ ᠲᠠᠢ ᠪᠠᠶᠢᠨ᠎ᠠ᠃        ᠰᠤᠷᠢᠭ᠎ᠠ ᠬᠢᠬᠦ ᠲᠡᠮᠡᠭᠡᠴᠢᠳ ᠢ ᠲᠠᠭᠠᠵᠦ ᠬᠢᠷ᠎ᠠ ᠲᠡᠭᠡᠷ᠎ᠡ ᠤᠳᠠᠭᠠᠨ ᠵᠤᠭᠰᠤᠬᠤ ᠳᠤ ᠬᠦᠢᠳᠡᠨ ᠪᠠᠶᠢᠭᠰᠠᠨ ᠴᠤ ᠵᠤᠭᠳᠤᠷ ᠬᠡᠶᠢᠰᠬᠡᠭᠰᠡᠨ ᠠᠳᠠᠨ ᠲᠡᠮᠡᠭᠡᠳ᠂ ᠵᠤᠪᠴᠠᠭ᠎ᠠ ᠲᠡᠪᠡᠯ ᠲᠠᠢ ᠲᠡᠮᠡᠬᠡᠴᠢᠳ ᠢ ᠬᠠᠷᠠᠬᠤ ᠪᠠᠷ ᠬᠦᠢᠳᠡᠨ ᠤ ᠡᠷᠴᠢ ᠪᠠᠭᠤᠷᠠᠵᠦ ᠪᠠᠶᠢᠭ᠎ᠠ ᠮᠡᠨᠳᠦ ᠰᠡᠳᠬᠢᠯ ᠳᠤ ᠲᠤᠯᠠᠭᠠᠬᠠᠨ ᠪᠠᠶᠢᠯ᠎ᠠ᠃ ᠠᠵᠠ ᠲᠡᠯᠭᠡᠷᠡᠭᠰᠡᠨ ᠰᠦᠷᠦᠭ ᠤᠨ ᠢᠶᠠᠨ ᠬᠡᠰᠢᠭ ᠲᠠᠯᠠᠯᠤᠭᠰᠠᠨ ᠨᠤᠳᠤᠭ ᠲᠤ ᠠᠬ᠎ᠠ ᠲᠡᠬᠦᠦ ᠬᠤᠶᠠᠷ ᠲᠡᠮᠡᠭᠡᠴᠢᠨ ᠮᠠᠨᠢ ᠲᠡᠮᠡᠭᠡ ᠪᠠᠨ ᠦᠰᠬᠡᠵᠦ᠂ ᠦᠷ᠎ᠡ ᠬᠡᠦᠬᠡᠳ ᠲᠡᠭᠡᠨ ᠲᠡᠮᠡᠬᠡᠨ ᠰᠤᠶᠤᠯ ᠢᠶᠠᠨ ᠦᠪᠯᠡᠨ ᠦᠯᠡᠳᠡᠭᠡᠨ᠎ᠡ ᠬᠡᠵᠦ ᠵᠢᠳᠬᠦᠭᠰᠡᠭᠡᠷ ᠁        
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号