ᠰᠤᠷᠭᠠᠨ ᠬᠥᠮᠦᠵᠢᠯ ᠤᠨ ᠶᠠᠮᠤᠨ᠄ ᠳᠥᠷᠪᠡᠨ ᠶᠡᠭᠡ ᠡᠭᠦᠷᠭᠡ ᠶᠢ ᠨᠠᠶᠢᠳᠠᠪᠤᠷᠢᠵᠢᠭᠤᠯᠵᠤ  ᠳᠤᠮᠳᠠᠳᠤ ᠪᠠᠭ᠎ᠠ ᠰᠤᠷᠭᠠᠭᠤᠯᠢ ᠶᠢᠨ ᠪᠠᠭᠰᠢ ᠨᠠᠷ ᠤᠨ ᠮᠡᠳᠡᠭᠡ ᠵᠠᠩᠭᠢ ᠶᠢᠨ ᠮᠡᠷᠭᠡᠵᠢᠯ ᠤᠨ  ᠬᠡᠷᠡᠭᠯᠡᠭᠡᠨ ᠤ ᠴᠢᠳᠠᠪᠤᠷᠢ ᠶᠢ ᠳᠡᠭᠡᠭᠰᠢᠯᠡᠭᠦᠯᠦᠨ᠎ᠡ
ᠨᠡᠶᠢᠲᠡᠯᠡᠭᠰᠡᠨ ᠴᠠᠭ᠄
2019/4/8
         ᠠᠷᠠᠳ ᠤᠨ ᠰᠦᠯᠵᠢᠶᠡᠨ ᠤ ᠪᠡᠭᠡᠵᠢᠩ ᠤᠨ 4 ᠰᠠᠷ᠎ᠠ ᠶᠢᠨ 2᠎ ᠤᠨ ᠡᠳᠦᠷ ᠤᠨ ᠮᠡᠳᠡᠭᠡ ︵ᠯᠢ ᠢ ᠬᠤᠸᠠᠨ︶  ᠰᠤᠷᠭᠠᠨ ᠬᠥᠮᠦᠵᠢᠯ ᠤᠨ ᠶᠠᠮᠤᠨ ᠤ ᠰᠦᠯᠵᠢᠶ᠎ᠡ ᠶᠢᠨ  ᠮᠡᠳᠡᠭᠡ ᠶᠢ  ᠦᠨᠳᠦᠰᠦᠯᠡᠪᠡᠯ᠂  ᠥᠨᠥᠳᠥᠷ  ᠰᠤᠷᠭᠠᠨ  ᠬᠥᠮᠦᠵᠢᠯ ᠤᠨ  ᠶᠠᠮᠤᠨ ᠤ ᠪᠠᠭᠰᠢ ᠶᠢᠨ ᠠᠵᠢᠯ ᠤᠨ ᠵᠤᠷᠭᠠᠨ ᠤ ᠬᠠᠷᠢᠭᠤᠴᠠᠯᠭᠠᠲᠠᠨ ︽ᠪᠥᠬᠦ ᠤᠯᠤᠰ ᠤᠨ ᠳᠤᠮᠳᠠᠳᠤ ᠪᠠᠭ᠎ᠠ ᠰᠤᠷᠭᠠᠭᠤᠯᠢ ᠶᠢᠨ  ᠪᠠᠭᠰᠢ ᠶᠢᠨ ᠮᠡᠳᠡᠭᠡ ᠵᠠᠩᠭᠢ ᠶᠢᠨ ᠮᠡᠷᠭᠡᠵᠢᠯ ᠤᠨ  ᠬᠡᠷᠡᠭᠯᠡᠭᠡᠨ ᠤ  ᠴᠢᠳᠠᠪᠤᠷᠢ ᠶᠢ  ᠳᠡᠭᠡᠭᠰᠢᠯᠡᠭᠦᠯᠬᠦ  ᠢᠨᠵᠧᠨᠧᠷᠢᠩ ᠢ  ᠬᠡᠷᠡᠭᠵᠢᠭᠦᠯᠬᠦ  ᠲᠤᠬᠠᠢ ᠰᠤᠷᠭᠠᠨ   ᠬᠥᠮᠦᠵᠢᠯ ᠤᠨ   ᠶᠠᠮᠤᠨ ᠤ   ᠰᠠᠨᠠᠯ︾   ︵ᠳᠣᠷᠣᠭᠰᠢ   ︽ᠰᠠᠨᠠᠯ︾   ᠭᠡᠵᠦ   ᠲᠣᠪᠴᠢᠯᠠᠨ᠎ᠠ︶᠎ ᠤᠨ    ᠲᠤᠬᠠᠢ ᠰᠤᠷᠪᠤᠯᠵᠢᠯᠠᠭᠴᠢ ᠶᠢᠨ ᠠᠰᠠᠭᠤᠯᠲᠠ ᠶᠢ ᠬᠠᠷᠢᠭᠤᠯᠬᠤ ᠳᠠᠭᠠᠨ᠂ ︽ᠰᠠᠨᠠᠯ︾᠎ ᠤᠨ ᠵᠣᠷᠢᠯᠭ᠎ᠠ ᠨᠢ 9  ᠵᠦᠢᠯ ᠤᠨ  ᠭᠤᠤᠯ  ᠠᠷᠭ᠎ᠠ ᠬᠡᠮᠵᠢᠶ᠎ᠡ ᠪᠠᠷ ᠳᠠᠮᠵᠢᠭᠤᠯᠤᠨ᠂ ᠳᠥᠷᠪᠡᠨ  ᠶᠡᠭᠡ  ᠡᠭᠦᠷᠭᠡ ᠶᠢ  ᠨᠠᠶᠢᠳᠠᠪᠤᠷᠢᠵᠢᠭᠤᠯᠵᠤ᠂  ᠳᠤᠮᠳᠠᠳᠤ  ᠪᠠᠭ᠎ᠠ  ᠰᠤᠷᠭᠠᠭᠤᠯᠢ ᠶᠢᠨ ᠪᠠᠭᠰᠢ ᠶᠢᠨ ᠡᠩᠨᠡᠭᠡ ᠶᠢᠨ ᠮᠡᠳᠡᠭᠡ ᠵᠠᠩᠭᠢ ᠶᠢᠨ ᠬᠡᠪ ᠴᠢᠨᠠᠷ ᠢ  ᠳᠡᠭᠡᠭᠰᠢᠯᠡᠭᠦᠯᠵᠦ᠂  ᠮᠡᠳᠡᠭᠡ  ᠵᠠᠩᠭᠢ ᠶᠢᠨ  ᠮᠡᠷᠭᠡᠵᠢᠯ  ᠬᠢᠭᠡᠳ ᠰᠤᠷᠭᠠᠨ ᠬᠥᠮᠦᠵᠢᠯ ᠵᠢᠭᠠᠨ ᠰᠤᠷᠭᠠᠯᠲᠠ ᠠᠭᠤᠰᠤᠯᠴᠠᠨ ᠰᠢᠨ᠎ᠡ ᠶᠢ ᠡᠭᠦᠳᠤᠨ ᠬᠥᠭᠵᠢᠬᠦ ᠶᠢ ᠪᠥᠬᠦ ᠲᠠᠯ᠎ᠠ ᠪᠠᠷ  ᠠᠬᠢᠭᠤᠯᠬᠤ ᠶᠢᠨ ᠲᠥᠯᠥᠭᠡ ᠶᠤᠮ ᠭᠡᠪᠠ᠃          ᠬᠠᠮᠢᠶ᠎ᠠ  ᠪᠦᠬᠦᠢ  ᠬᠠᠷᠢᠭᠤᠴᠠᠯᠭᠠᠲᠠᠨ  ᠲᠠᠨᠢᠯᠴᠠᠭᠤᠯᠬᠤ ᠳᠠᠭᠠᠨ᠂   ︽ᠰᠠᠨᠠᠯ︾᠎ ᠳᠤ   ᠰᠤᠷᠭᠠᠭᠤᠯᠢ ᠶᠢᠨ   ᠮᠡᠳᠡᠭᠡ ᠵᠠᠩᠭᠢᠵᠢᠯᠲᠠ ᠶᠢᠨ ᠰᠤᠷᠭᠠᠨ ᠬᠥᠮᠦᠵᠢᠯ ᠤᠨ ᠵᠢᠭᠠᠨ  ᠰᠤᠷᠭᠠᠯᠲᠠ ᠶᠢᠨ  ᠥᠭᠡᠷᠡᠴᠢᠯᠡᠯᠲᠡ  ᠬᠥᠭᠵᠢᠯᠲᠡ ᠪᠠᠷ  ᠪᠠᠭᠰᠢ  ᠨᠠᠷ ᠤᠨ ᠮᠡᠳᠡᠭᠡ ᠵᠠᠩᠭᠢ ᠶᠢᠨ ᠮᠡᠷᠭᠡᠵᠢᠯ ᠤᠨ ᠬᠡᠷᠡᠭᠯᠡᠭᠡᠨ ᠤ ᠴᠢᠳᠠᠪᠤᠷᠢ ᠶᠢ  ᠬᠥᠲᠥᠯᠥᠨ  ᠳᠠᠭᠠᠭᠤᠯᠬᠤ  ᠪᠣᠯᠪᠠᠰᠤᠷᠠᠯ ᠢ  ᠳᠣᠪᠤᠶᠢᠯᠭᠠᠨ᠂ ︽ᠵᠠᠩᠭᠢᠯᠠᠭ᠎ᠠ ᠶᠢᠨ  ᠬᠥᠮᠦᠰ︾᠎ ᠢ  ᠠᠳᠬᠤᠨ᠂  ᠲᠥᠷᠥᠯ  ᠬᠤᠪᠢᠶᠠᠨ   ᠵᠢᠯᠣᠭᠤᠳᠴᠦ᠂   ᠮᠡᠷᠭᠡᠵᠢᠯ ᠤᠨ   ᠬᠥᠭᠵᠢᠯᠲᠡ ᠳᠤ ᠵᠣᠬᠢᠴᠠᠭᠤᠯᠤᠨ᠂  2022  ᠣᠨ  ᠪᠣᠯᠲᠠᠯ᠎ᠠ  ᠰᠤᠷᠭᠠᠭᠤᠯᠢ ᠪᠠᠷ  ᠦᠨᠳᠦᠰᠦ  ᠪᠣᠯᠭᠠᠬᠤ᠂   ᠬᠢᠴᠢᠶᠡᠯ ᠤᠨ   ᠲᠠᠩᠬᠢᠮ ᠳᠤ ᠰᠠᠭᠤᠷᠢᠯᠠᠬᠤ᠂ ᠬᠡᠷᠡᠭᠯᠡᠬᠦ ᠪᠠᠷ ᠬᠥᠳᠡᠯᠭᠡᠭᠦᠷ ᠪᠣᠯᠭᠠᠬᠤ᠂ ᠰᠢᠨ᠎ᠡ ᠶᠢ ᠡᠭᠦᠳᠬᠦ ᠶᠢ ᠴᠢᠬᠤᠯᠠᠴᠢᠯᠠᠬᠤ᠂ ᠨᠠᠷᠢᠯᠢᠭ  ᠣᠨᠣᠪᠴᠢᠲᠠᠶ ᠪᠠᠷ ᠦᠨᠡᠯᠡᠯᠳᠡ  ᠬᠢᠬᠦ  ᠪᠠᠭᠰᠢ ᠶᠢᠨ  ᠮᠡᠳᠡᠭᠡ  ᠵᠠᠩᠭᠢ ᠶᠢᠨ  ᠬᠡᠪ  ᠪᠣᠯᠪᠠᠰᠤᠷᠠᠯ ᠤᠨ  ᠬᠥᠭᠵᠢᠯᠲᠡ ᠶᠢᠨ  ᠰᠢᠨ᠎ᠡ  ᠲᠣᠭᠲᠠᠴᠠ ᠶᠢ ᠪᠠᠶᠢᠭᠤᠯᠵᠤ᠂ ᠵᠢᠱᠢᠶ᠎ᠡ ᠦᠵᠡᠭᠦᠯᠬᠦ ᠲᠥᠷᠥᠯ ᠵᠦᠢᠯ ᠢᠶᠠᠷ ᠳᠠᠮᠵᠢᠭᠤᠯᠤᠨ ᠡᠯ᠎ᠡ ᠭᠠᠵᠠᠷ ᠤᠨ ᠪᠠᠭᠰᠢ ᠨᠠᠷ ᠤᠨ ᠮᠡᠳᠡᠭᠡ ᠵᠠᠩᠭᠢ ᠶᠢᠨ ᠮᠡᠷᠭᠡᠵᠢᠯ ᠤᠨ  ᠬᠡᠷᠡᠭᠯᠡᠭᠡᠨ ᠤ  ᠴᠢᠳᠠᠪᠤᠷᠢ ᠶᠢᠨ  ᠪᠣᠯᠪᠠᠰᠤᠷᠠᠯ ᠢ  ᠳᠠᠶᠢᠴᠢᠯᠠᠵᠤ᠂  ᠰᠤᠷᠭᠠᠭᠤᠯᠢ ᠶᠢᠨ  ᠵᠠᠬᠢᠷᠤᠯ ᠤᠨ   ᠮᠡᠳᠡᠭᠡ ᠵᠠᠩᠭᠢᠵᠢᠬᠰᠠᠨ  ᠤᠳᠤᠷᠢᠳᠬᠤ  ᠬᠦᠴᠦᠨ᠂  ᠪᠠᠭᠰᠢ ᠶᠢᠨ  ᠮᠡᠳᠡᠭᠡ  ᠵᠠᠩᠭᠢᠵᠢᠬᠰᠠᠨ  ᠵᠢᠭᠠᠨ  ᠰᠤᠷᠭᠠᠯᠲᠠ ᠶᠢᠨ   ᠴᠢᠳᠠᠪᠤᠷᠢ᠂ ᠪᠣᠯᠪᠠᠰᠤᠷᠠᠯ ᠤᠨ ᠪᠦᠯᠬᠦᠮ ᠤᠨ  ᠮᠡᠳᠡᠭᠡ  ᠵᠠᠩᠭᠢᠵᠢᠬᠰᠠᠨ  ᠵᠢᠯᠣᠭᠤᠳᠬᠤ  ᠴᠢᠳᠠᠪᠤᠷᠢ ᠶᠢᠨ  ︽ᠭᠤᠷᠪᠠᠨ  ᠳᠡᠭᠡᠭᠰᠢᠯᠡᠯᠲᠡ︾᠎ ᠶᠢ ᠦᠨᠳᠦᠰᠦᠨ ᠳᠡᠭᠡᠨ ᠪᠡᠶᠡᠯᠡᠭᠦᠯᠵᠦ᠂  ᠮᠡᠳᠡᠭᠡ  ᠵᠠᠩᠭᠢ ᠶᠢᠨ  ᠮᠡᠷᠭᠡᠵᠢᠯ  ᠬᠢᠭᠡᠳ  ᠰᠤᠷᠭᠠᠨ  ᠬᠥᠮᠦᠵᠢᠯ  ᠵᠢᠭᠠᠨ  ᠰᠤᠷᠭᠠᠯᠲᠠ ᠠᠭᠤᠰᠤᠯᠴᠠᠨ ᠰᠢᠨ᠎ᠡ ᠶᠢ ᠡᠭᠦᠳᠦᠨ ᠬᠥᠭᠵᠢᠬᠦ ᠬᠠᠷᠠᠯᠳᠠ ᠶᠢ ᠪᠥᠬᠦ ᠲᠠᠯ᠎ᠠ ᠪᠠᠷ ᠠᠬᠢᠭᠤᠯᠬᠤ ᠬᠡᠷᠡᠭᠳᠡᠢ ᠬᠡᠵᠦ ᠲᠤᠷᠠᠳᠴᠠᠢ᠃  
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号