ᠮᠠᠯᠠᠭᠠᠢ ᠤᠶᠤᠬᠤ ᠠᠴᠠ ᠡᠬᠢᠯᠡᠭᠰᠡᠨ ᠤᠶᠤᠳᠠᠯᠴᠢᠨ ᠪᠦᠰᠡᠭᠦᠢ ᠶᠢᠨ ᠤᠶᠢᠯᠡᠰ
ᠨᠡᠶᠢᠲᠡᠯᠡᠭᠰᠡᠨ ᠴᠠᠭ᠄
2019/9/12
                 ᠴᠢᠮᠡᠭᠡᠯᠡᠭᠴᠢ ᠪᠠ᠊ · ᠪᠠᠯᠵᠤᠤᠷ           ᠮᠠᠯᠴᠢᠨ ᠬᠦᠮᠤᠨ ᠭᠡᠵᠦ ᠵᠦᠪᠭᠡᠨ ᠮᠠᠯ ᠤᠨ ᠢᠶᠠᠨ ᠬᠤᠶᠢᠨ᠎ᠠ ᠠᠴᠠ ᠮᠠᠩᠬᠠᠨ ᠤ ᠪᠡᠯᠴᠢᠭᠡᠷ ᠢᠶᠠᠨ ᠳᠠᠭᠠᠵᠤ ᠶᠠᠪᠤᠳᠠᠭ ᠵᠠᠶᠠᠭ᠎ᠠ ᠲᠠᠢ ᠪᠢᠰᠢ ᠭᠡᠳᠡᠭ ᠢ ᠰᠢᠯᠤᠭᠤᠨ ᠬᠦᠬᠡ ᠬᠤᠰᠢᠭᠤᠨ ᠤ ᠪᠤᠱᠤᠤᠳᠠᠢ ᠰᠤᠮᠤᠨ ᠤ ᠰᠠᠶᠢᠬᠠᠨᠲᠠᠯ᠎ᠠ ᠭᠠᠴᠠᠭ᠎ᠠ ᠪᠠᠷ ᠨᠤᠲᠤᠭᠲᠠᠢ ᠮᠠᠯᠴᠢᠨ ᠨᠠᠷᠠᠨᠴᠢᠮᠡᠭ ᠦᠪᠡᠷ ᠤᠨ ᠪᠤᠳᠠᠳᠤ ᠤᠶᠢᠯᠡ ᠤᠶᠤᠳᠠᠯ ᠢᠶᠠᠷ ᠢᠶᠠᠨ ᠪᠤᠰᠤᠳ ᠲᠤ ᠮᠡᠳᠡᠷᠡᠭᠳᠡᠭᠰᠡᠨ ᠪᠢᠯᠡ᠃            ᠮᠠᠯᠴᠢᠨ ᠪᠦᠰᠡᠭᠦᠢ ᠨᠠᠷᠠᠨᠴᠢᠮᠡᠭ ᠵᠠᠯᠠᠭᠤ ᠽᠠᠨᠳᠠᠨ ᠨᠠᠰᠤᠨ ᠳᠤ ᠪᠠᠨ ᠶᠡᠭᠤ ᠨᠢᠭᠡ ᠶᠢ ᠬᠢᠬᠦ ᠭᠦᠰᠡᠯ ᠡᠪᠤᠷᠯᠡᠵᠤ ᠂ ᠬᠦᠨᠳᠡᠯᠡᠨ ᠵᠡᠭᠦᠥ ᠪᠠᠷᠢᠵᠤ᠂ ᠬᠤᠷᠤᠭᠤ ᠭᠠᠷ ᠢᠶᠠᠨ ᠬᠠᠳᠬᠤᠵᠤ᠂ ᠤᠶᠢᠯᠡ ᠤᠶᠤᠳᠠᠯ ᠰᠤᠷᠴᠤ ᠡᠬᠢᠯᠡᠭᠰᠡᠨ ᠪᠠᠶᠢᠨ᠎ᠠ᠃ ᠬᠠᠪᠤᠷ ᠤᠨ ᠴᠠᠭ ᠡᠯᠡᠰᠤᠨ ᠰᠢᠭᠤᠷᠭᠠᠨ ᠶᠡᠭᠡ ᠲᠠᠢ ᠦᠶ᠎ᠡ ᠪᠠᠷ ᠬᠦᠮᠤᠰ ᠨᠢᠭᠤᠷ ᠴᠢᠷᠠᠢ ᠪᠠᠨ ᠭᠤᠶᠠᠳᠠᠭᠤᠯᠬᠤ ᠠᠴᠠ ᠰᠡᠷᠭᠡᠶᠢᠯᠡᠬᠦ ᠪᠠᠷ ᠰᠠᠯᠬᠢᠨ ᠢ ᠬᠠᠯᠬᠠᠯᠠᠬᠤ ᠮᠠᠯᠠᠭᠠᠢ ᠶᠡᠭᠡ ᠯᠠ ᠬᠡᠷᠡᠭᠴᠡᠭᠡ ᠲᠠᠢ ᠪᠠᠶᠢᠬᠤ ᠶᠢ ᠰᠡᠷᠡᠵᠤ ᠮᠡᠳᠡᠨ ᠲᠡᠷᠡ ᠦᠪᠡᠷ ᠢᠶᠠᠨ ᠨᠢᠭᠡ ᠰᠠᠯᠬᠢᠨ ᠢ ᠬᠠᠯᠬᠠᠯᠠᠬᠤ ᠮᠠᠯᠠᠭᠠᠢ ᠤᠶᠤᠵᠤ ᠡᠮᠤᠰᠦᠭᠰᠡᠨ ᠳᠤ ᠬᠦᠮᠤᠰ ᠤᠨ ᠰᠡᠳᠬᠢᠯ ᠳᠤ ᠲᠠᠭᠠᠯᠠᠭᠳᠠᠵᠤ ᠮᠠᠯᠠᠭᠠᠢ ᠤᠶᠤᠭᠤᠯᠬᠤ ᠪᠠᠷ ᠲᠡᠭᠦᠨ ᠢ ᠠᠷᠤ ᠠᠷᠤ ᠠᠴᠠ ᠪᠠᠨ ᠡᠷᠢᠨ ᠢᠷᠡᠵᠤ᠂ ᠲᠡᠷᠡ ᠤᠶᠢᠯᠡ ᠤᠶᠤᠳᠠᠯ ᠤᠨ ᠠᠵᠢᠯ ᠢᠶᠠᠨ ᠡᠨᠡᠬᠦ ᠰᠠᠯᠬᠢᠨ ᠮᠠᠯᠠᠭᠠᠢ ᠠᠴᠠ ᠡᠬᠢᠯᠡᠭᠰᠡᠨ ᠭᠡᠳᠡᠭ᠃ ᠲᠡᠷᠡ ᠡᠨᠡᠬᠦ ᠶᠠᠪᠤᠳᠠᠯ ᠠᠴᠠ ᠵᠠᠯᠠᠭᠤ ᠬᠦᠮᠤᠨ ᠤ ᠶᠠᠭᠤ ᠨᠢᠭᠡ ᠶᠢ ᠬᠢᠵᠤ ᠤᠷᠤᠯᠳᠤᠬᠤ ᠰᠤᠨᠢᠭᠤᠴᠢ ᠵᠠᠩ ᠳᠤ ᠪᠠᠨ ᠭᠦᠲᠤᠯᠥᠭᠳᠡᠨ ᠰᠠᠩ ᠤᠨ ᠳᠠᠯᠠᠢ ᠪᠠᠯᠭᠠᠰᠤᠨ ᠳᠤ ᠢᠷᠡᠵᠤ᠂ ᠤᠶᠤᠨ ᠵᠡᠷᠭᠡ ᠬᠦᠮᠤᠰ ᠠᠴᠠ ᠲᠡᠷᠯᠢᠭ ᠤᠶᠤᠬᠤ ᠤᠷ᠎ᠠ ᠮᠡᠷᠭᠡᠵᠢᠯ ᠢ ᠰᠤᠷᠴᠤ ᠡᠵᠡᠮᠰᠢᠨ ᠪᠡᠶ᠎ᠠ ᠪᠠᠨ ᠲᠠᠭᠠᠭᠠᠬᠤ ᠬᠡᠮᠵᠢᠶᠠᠨ ᠳᠤ ᠭᠦᠷᠦᠭᠰᠡᠨ ᠪᠠᠶᠢᠨ᠎ᠠ᠃ ᠡᠳᠡᠭᠡᠷ ᠵᠢᠯ ᠤᠳ ᠲᠤ ᠲᠡᠷᠯᠢᠭ ᠡᠰᠭᠡᠬᠦ᠂ ᠡᠮᠵᠢᠶᠡᠷᠢᠯᠡᠭᠦ᠂ ᠰᠢᠯᠪᠢ ᠳᠤᠪᠴᠢ ᠬᠠᠳᠠᠬᠤ ᠵᠡᠷᠭᠡ ᠠᠵᠢᠯ ᠢ ᠰᠡᠳᠬᠢᠯ ᠲᠠᠯᠪᠢᠨ ᠨᠠᠷᠢᠨ ᠬᠢᠨᠠᠮᠠᠭᠠᠢ ᠰᠤᠷᠴᠤ ᠡᠵᠡᠮᠰᠢᠭᠰᠡᠨ ᠢᠶᠠᠷ ᠦᠢᠯᠡ ᠤᠶᠤᠳᠠᠯ ᠳᠠᠭᠠᠨ ᠲᠤᠩ ᠲᠦᠷᠭᠡᠨ ᠢᠶᠠᠷ ᠴᠠᠭᠠᠷᠠᠭᠰᠠᠨ ᠪᠠᠶᠢᠨ᠎ᠠ᠃ ᠢᠩᠭᠢᠭᠡᠤᠨ ᠨᠠᠷᠠᠨᠴᠢᠮᠡᠭ ᠡᠨᠡ ᠵᠢᠯ ᠤᠨ ᠬᠠᠪᠤᠷ ᠬᠤᠰᠢᠭᠤᠨ ᠲᠦᠪ ᠱᠠᠩᠳᠤ ᠪᠠᠯᠭᠠᠰᠤᠨ ᠳᠤ ᠦᠪᠡᠷ ᠤᠨ ᠭᠡᠰᠡᠨ ᠠᠵᠢᠯ ᠤᠶᠢᠯᠡᠰ ᠪᠤᠯᠬᠤ ︽ᠨᠠᠨᠳᠢᠨ︾ ᠭᠡᠬᠦ ᠤᠶᠤᠳᠠᠯ ᠤᠨ ᠭᠠᠵᠠᠷ ᠤᠨ ᠢᠶᠠᠨ ᠡᠭᠦᠳᠡ ᠶᠢ ᠨᠡᠭᠡᠭᠡᠵᠦ᠂ ᠡᠷᠤᠬᠡ ᠶᠢ ᠰᠡᠬᠦᠵᠤ ᠤᠷᠠᠨ ᠤᠶᠤᠳᠠᠯ ᠤᠨ ᠠᠵᠢᠯ ᠢᠶᠠᠨ ᠡᠬᠢᠯᠡᠭᠦᠯᠦᠭᠰᠡᠨ ᠪᠠᠶᠢᠨ᠎ᠠ᠃           ᠨᠠᠷᠠᠨᠴᠢᠮᠡᠭ ᠭᠡᠯᠡᠭᠦ ᠳᠡᠭᠡᠨ᠄ ︽ᠠᠵᠢᠯ ᠤᠶᠢᠯᠡᠰ ᠪᠤᠰᠬᠠᠬᠤ ᠨᠢ ᠵᠦᠪᠭᠡᠨ ᠵᠤᠭᠤᠰ ᠮᠦᠡᠭᠭᠦ ᠤᠯᠬᠤ ᠶᠢ ᠪᠤᠳᠤᠭᠠᠳ ᠪᠠᠶᠢᠵᠤ ᠪᠤᠯᠬᠤ ᠦᠭᠡᠢ᠃ ᠬᠠᠷᠢᠨ ᠬᠡᠷᠬᠢᠨ ᠤᠶᠢᠯᠡᠴᠢᠯᠡᠬᠦ ᠤᠪᠤᠷ ᠰᠤᠷᠲᠠᠯ ᠢᠶᠠᠨ ᠰᠠᠶᠢᠵᠢᠷᠠᠭᠤᠯᠵᠤ᠂ ᠬᠡᠷᠡᠭᠯᠡᠭᠴᠢᠳ ᠤᠨ ᠱᠠᠭᠠᠷᠳᠠᠯᠭ᠎ᠠ ᠳᠤ ᠭᠦᠷᠭᠡᠭᠦ ᠶᠢ ᠪᠤᠳᠤᠬᠤ ᠴᠢᠬᠤᠯᠠᠲᠠᠢ︾ ᠭᠡᠵᠤ ᠦᠪᠡᠷ ᠤᠨ ᠦᠵᠡᠯ ᠪᠤᠳᠤᠯ ᠢᠶᠠᠨ ᠶᠠᠷᠢᠵᠤ ᠪᠠᠶᠢᠯ᠎ᠠ᠃            ᠭᠦᠰᠡᠯ ᠵᠤᠷᠢᠯᠲᠠ ᠲᠠᠢ ᠬᠦᠮᠤᠨ ᠢ ᠬᠦᠳᠡᠯᠮᠤᠷᠢ ᠬᠡᠵᠢᠶᠡᠳᠡ ᠭᠤᠮᠤᠳᠠᠭᠠᠳᠠᠭ ᠦᠭᠡᠢ᠃ ᠮᠠᠯᠴᠢᠨ ᠪᠦᠰᠡᠭᠦᠢ ᠨᠠᠷᠠᠨᠴᠢᠮᠡᠭ ᠰᠢᠭ᠋ ᠦᠪᠡᠷ ᠤᠨ ᠭᠦᠳᠡᠯᠮᠤᠷᠢ ᠭᠦᠴᠤ᠂ ᠤᠷ᠎ᠠ ᠤᠬᠠᠭᠠᠨ᠂ ᠮᠡᠷᠭᠡᠵᠢᠯ ᠴᠢᠳᠠᠪᠤᠷᠢ ᠳᠠᠭᠠᠨ ᠲᠦᠰᠢᠭᠯᠡᠨ ᠠᠵᠢᠯᠯᠠᠳᠠᠭ ᠯᠡ ᠶᠤᠮ ᠪᠤᠯ ᠯᠠᠪᠳᠠᠢ ᠠᠮᠵᠢᠯᠳᠠ ᠳᠤ ᠭᠦᠷᠴᠤ ᠴᠢᠳᠠᠨ᠎ᠠ ᠭᠡᠳᠡᠭ ᠲᠤ ᠢᠳᠡᠭᠡᠵᠤ ᠪᠠᠶᠢᠨ᠎ᠠ᠃    
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号