ᠮᠠᠨ ᠤ ᠵᠠᠯᠠᠭᠤᠰ ᠤᠨ ᠨᠢᠭᠡ ᠡᠳᠦᠷ
ᠨᠡᠶᠢᠲᠡᠯᠡᠭᠰᠡᠨ ᠴᠠᠭ᠄
2019/9/12
                 ᠬᠠᠮ ᠵᠠᠭᠤᠴᠢᠯᠠᠭᠤᠷ ᠤᠨ ᠰᠤᠷᠪᠤᠯᠵᠢᠯᠠᠭᠴᠢ  ᠠᠯᠳᠠᠨᠰᠢᠬᠦᠷ           ᠨᠠᠶᠢᠷ ᠤᠨ ᠲᠠᠷᠠᠭ᠎ᠠ ᠨᠠᠮᠤᠷ ᠭᠡᠵᠦ᠂ ᠨᠣᠳᠤᠭ ᠢᠶᠠᠷ ᠮᠢᠨᠢ ᠨᠠᠶᠢᠷ ᠴᠦᠬᠡᠷᠡᠵᠦ᠂ ᠬᠠᠳᠤᠯᠠᠩᠴᠢᠳ ᠤᠨ ᠨᠠᠮᠤᠷ ᠬᠠᠶᠠᠭᠠᠨ ᠳᠤ ᠪᠠᠭᠤᠬᠤ ᠳᠤ ᠵᠤᠨᠵᠢᠨ ᠢᠶᠠᠨ ᠮᠣᠷᠢ ᠪᠦᠬᠡ ᠭᠡᠵᠦ ᠬᠡᠶᠢᠷᠬᠡᠭᠰᠡᠨ ᠮᠠᠯᠴᠢᠳ ᠮᠠᠰᠢᠨ ᠲᠤᠨᠤᠭ ᠢᠶᠠᠨ ᠰᠡᠯᠪᠢᠵᠦ ᠬᠠᠳᠤᠯᠠᠩ ᠳᠠᠭᠠᠨ ᠶᠠᠭᠠᠷᠠᠨ᠎ᠠ᠃ ᠡᠳᠡᠭᠡᠷ ᠬᠦᠮᠦᠰ ᠢ ᠬᠡᠶᠢᠷᠬᠡᠬᠦᠯᠵᠦ ᠶᠠᠪᠤᠭᠰᠠᠨ ᠪᠦᠬᠡᠴᠢᠳ ᠮᠠᠨᠢ ᠴᠦ ᠦᠪᠡᠷ ᠦᠪᠡᠷ ᠤᠨ ᠭᠡᠷ ᠤᠷᠤᠨ ᠢᠶᠠᠨ ᠵᠤᠷᠢᠵᠦ ᠬᠠᠳᠤᠯᠠᠩ ᠤᠨ ᠠᠵᠢᠯ ᠳᠠᠭᠠᠨ ᠭᠠᠪᠰᠢᠭᠠᠶᠢᠯᠠᠵᠦ ᠪᠠᠶᠢᠭ᠎ᠠ ᠨᠢ ᠭᠠᠷᠴᠠᠭ᠎ᠠ ᠦᠭᠡᠢ᠃ ᠰᠢᠯᠣᠭᠤᠨ ᠬᠥᠬᠡ ᠨᠣᠳᠤᠭ ᠤᠨ ᠢᠶᠠᠨ ᠠᠯᠳᠠᠷ ᠢ ᠡᠷᠬᠦᠵᠦ ᠤᠯᠠᠨ ᠨᠠᠶᠢᠷ ᠲᠤ ᠤᠳᠤᠳᠠᠢ ᠬᠡᠶᠢᠮᠦᠷᠢᠳᠡᠢ ᠪᠠᠷᠢᠯᠳᠤᠵᠦ ᠶᠠᠪᠤᠭ᠎ᠠ ᠵᠠᠯᠠᠭᠤ ᠪᠦᠬᠡᠴᠢᠳ ᠨᠠᠶᠢᠷ ᠤᠨ ᠲᠠᠷᠠᠭ᠎ᠠ ᠬᠠᠮᠢᠭ᠎ᠠ ᠵᠤᠷᠢᠭᠰᠠᠨ ᠢ ᠨᠢ ᠰᠤᠷᠠᠭᠯᠠᠬᠤ ᠳᠤ ᠪᠦᠷ ᠯᠡ ᠭᠡᠷ ᠭᠡᠷ ᠲᠡᠭᠡᠨ ᠨᠠᠮᠤᠷ ᠤᠨ ᠠᠵᠢᠯ  ᠳᠠᠭᠠᠨ ᠰᠢᠭᠤᠷᠬᠠᠶᠢᠯᠠᠵᠦ ᠪᠠᠶᠢᠭ᠎ᠠ ᠬᠡᠵᠦ ᠲᠤᠭᠤᠯᠤᠯ᠎ᠠ᠃ ᠢᠩᠭᠢᠭᠡᠳ ᠰᠤᠷᠪᠤᠯᠵᠢᠯᠠᠭ᠎ᠠ ᠶᠢᠨ ᠪᠠᠭ ᠮᠠᠨᠢ ᠰᠢᠯᠤᠭᠤᠨ ᠬᠦᠬᠡ ᠨᠤᠳᠤᠭ ᠤᠨ ᠵᠠᠯᠠᠭᠤ ᠪᠦᠬᠡᠴᠢᠳ ᠤᠨ ᠲᠦᠯᠦᠭᠡᠯᠡᠯ ᠪᠤᠯᠵᠦ ᠪᠠᠶᠢᠭ᠎ᠠ ᠴᠡᠯᠡᠭᠡᠷ᠂ ᠦᠨᠳᠦᠰᠦ᠂ ᠪᠠᠶᠠᠯᠢᠭ ᠤᠨ ᠬᠢ ᠶᠢ ᠵᠤᠷᠢᠯ᠎ᠠ           ᠬᠠᠳᠤᠯᠠᠩ ᠤᠨ ᠶᠠᠭᠠᠷᠠᠤ ᠴᠠᠭ ᠲᠠᠭᠠᠷᠠᠭᠰᠠᠨ ᠪᠤᠯᠬᠤᠷ ᠬᠦᠮᠦᠨ ᠤ ᠠᠵᠢᠯ ᠳᠤ ᠰᠠᠭᠠᠳ ᠪᠤᠯᠬᠤ ᠠᠴᠠ ᠬᠢᠴᠢᠶᠡᠵᠦ ᠦᠵᠡᠭᠴᠢᠳ ᠲᠦᠮᠡᠨ ᠳᠡᠭᠡᠨ ᠶᠠᠭ ᠪᠠᠶᠢᠭ᠎ᠠ ᠪᠠᠶᠢᠳᠠᠯ ᠢ ᠨᠢ ᠬᠠᠷᠠᠭᠤᠯᠬᠤ ᠡᠬᠦᠳᠡᠨ ᠠᠴᠠ ᠲᠦᠬᠦᠮᠬᠡᠨ ᠪᠢᠴᠢᠯᠭᠡ ᠬᠢᠵᠦ ᠠᠳᠡ ᠬᠦᠷᠭᠡᠵᠦ ᠪᠠᠶᠢᠭ᠎ᠠ ᠶᠢ ᠮᠢᠨᠢ ᠠᠭᠤᠴᠢᠯᠠᠯ ᠳᠠᠭᠠᠨ ᠪᠠᠭᠳᠠᠭᠠᠮᠤ︕ ᠪᠢᠴᠢᠯᠭᠡ
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号