ᠬᠠᠳᠤᠯᠠᠩ ᠲᠡᠭᠡᠷ᠎ᠡ ᠪᠤᠯᠤᠭᠰᠠᠨ ᠬᠠᠯᠠᠭᠤᠨ ᠵᠤᠭᠤᠭ
ᠨᠡᠶᠢᠲᠡᠯᠡᠭᠰᠡᠨ ᠴᠠᠭ᠄
2019/9/20
                ᠴᠢᠮᠡᠭᠡᠯᠡᠭᠴᠢ  ᠪᠠ᠊᠂ ᠪᠠᠯᠵᠤᠤᠷ      ᠬᠠᠯᠢᠭᠤᠷᠠᠬᠤ ᠨᠠᠮᠤᠷ ᠭᠦᠳᠡᠭᠡ ᠨᠤᠳᠤᠭ ᠲᠤ ᠰᠠᠭᠠᠳᠠᠵᠤ᠂ ᠨᠡᠭᠦᠳᠡᠯ ᠤᠨ ᠰᠢᠪᠠᠭᠤᠤᠨ ᠠᠭᠠᠷ ᠤᠨ ᠭᠦᠨ ᠳᠤ ᠵᠡᠯ᠎ᠡ ᠲᠠᠳᠠᠵᠤ᠂ ᠮᠠᠯᠴᠢᠨ ᠠᠷᠠᠤᠨ ᠭᠦᠯᠤᠰᠤ ᠲᠤᠰᠤᠯᠠᠭᠤᠯᠤᠨ᠂ ᠬᠠᠳᠤᠯᠠᠩ ᠤᠨ ᠠᠵᠢᠯ ᠳᠤ ᠪᠠᠨ ᠬᠠᠨᠴᠤᠢ ᠰᠢᠮᠠᠯᠠᠨ ᠠᠵᠢᠯᠯᠠᠬᠤ  ᠳᠤ᠂ ᠲᠠᠷᠠᠺᠲ᠋ᠤᠷ ᠤᠨ ᠲᠠᠭᠤᠨ ᠭᠦᠳᠡᠯᠮᠤᠷᠢ ᠶᠢᠨ ᠢᠷᠠᠭᠤ ᠡᠭᠡᠰᠢᠭ ᠲᠠᠢ ᠭᠦᠭ ᠨᠡᠶᠢᠯᠡᠯᠳᠤᠨ ᠭᠦᠳᠡᠭᠡ ᠶᠢᠨ ᠭᠦᠭᠵᠢᠯ ᠳᠤ ᠦᠩᠭᠡ ᠨᠡᠮᠡᠷᠢᠯᠡᠨ᠎ᠡ᠃      ᠨᠠᠮᠤᠷ ᠤᠨ ᠤᠯᠠᠷᠢᠯ ᠪᠤᠯᠤᠭᠰᠠᠭᠠᠷ ᠭᠦᠳᠡᠭᠡ ᠨᠤᠳᠤᠭ ᠲᠤ ᠡᠪᠡᠰᠤ ᠬᠠᠳᠤᠯᠡᠩ ᠤᠨ ᠴᠠᠭ ᠪᠤᠯᠵᠤ ᠶᠤᠰᠤᠳᠠᠢ ︽ᠠᠭᠤᠯᠵᠠᠭᠰᠠᠨ ᠭᠦᠮᠤᠨ ᠲᠠᠢ ᠶᠠᠷᠢᠯᠴᠠᠬᠤ ᠵᠠᠪ ᠦᠭᠡᠢ᠂ ᠤᠨᠠᠭᠰᠠᠨ ᠮᠠᠯᠠᠭᠠᠢ ᠪᠠᠨ ᠠᠪᠬᠤ ᠴᠢᠯᠦᠭᠡ ᠦᠭᠡᠢ︾ ᠭᠡᠮᠡᠷ ᠶᠠᠭᠠᠷᠠᠵᠠᠭᠠᠳᠠᠭ᠃      9 ᠳ᠋ᠤᠭᠡᠷ ᠰᠠᠷ᠎ᠠ ᠶᠢᠨ ᠡᠬᠢᠨ ᠢᠶᠠᠷ ᠪᠠᠷᠠᠭᠤᠨ ᠵᠡᠭᠡᠰᠤᠳᠠᠢ ᠶᠢᠨ ᠬᠤᠯᠤᠰᠤᠳᠤ ᠨᠤᠭᠤᠭᠠᠨ ᠬᠠᠳᠤᠯᠡᠩ ᠤᠨ ᠭᠦᠷᠢᠶᠡᠨ  ᠳᠤ ᠨᠢᠭᠡ ᠲᠠᠷᠠᠺᠲ᠋ᠤᠷ ᠡᠪᠡᠰᠤ ᠬᠠᠳᠤᠭᠠᠤᠨ ᠶᠠᠭᠠᠷᠠᠯᠳᠠᠢ ᠲᠠᠪᠬᠢᠬᠤ ᠬᠠᠷᠠᠭᠳᠠᠨ᠎ᠠ᠃ ᠡᠨᠡ ᠪᠤᠯ ᠰᠢᠯᠤᠭᠤᠨ ᠭᠦᠭᠡ ᠬᠤᠰᠢᠭᠤᠨ ᠤ ᠪᠤᠱᠤᠤᠳᠠᠢ ᠰᠤᠮᠤᠨ ᠤ ᠰᠠᠶᠢᠬᠠᠨᠳᠠᠯ᠎ᠠ ᠭᠠᠴᠠᠭᠠᠨ ᠤ ᠮᠠᠯᠴᠢᠨ ᠮᠦᠩᠭᠡ ᠶᠢᠨ ᠠᠵᠢᠯ ᠠᠯᠪᠠ ᠲᠠᠢ ᠬᠤᠶᠠᠷ ᠭᠦᠤ ᠨᠢ ᠭᠠᠷᠠᠭ ᠤᠨ ᠴᠢᠯᠦᠭᠡ ᠪᠠᠷ ᠢᠶᠠᠨ ᠢᠷᠡᠵᠤ ᠬᠠᠳᠤᠯᠠᠩ ᠤᠨ ᠠᠵᠢᠯ ᠢᠶᠠᠨ ᠬᠠᠪᠰᠤᠷᠴᠤ ᠪᠠᠶᠢᠭ᠎ᠠ ᠨᠢ ᠡᠨᠡ ᠪᠠᠶᠢᠵᠠᠢ᠃      ᠪᠢ ᠮᠦᠩᠭᠡ ᠲᠠᠢ ᠡᠨᠡ ᠨᠠᠮᠤᠷ ᠤᠨ ᠡᠪᠡᠰᠤ ᠬᠠᠳᠤᠯᠡᠩ ᠤᠨ ᠲᠤᠬᠠᠢ ᠵᠤᠭᠤᠭᠳᠠᠬᠤ ᠵᠠᠭᠤᠷ᠎ᠠ ᠡᠨᠡ ᠡᠪᠡᠰᠤ ᠬᠠᠳᠤᠵᠤ ᠪᠠᠶᠢᠭ᠎ᠠ ᠭᠦᠷᠢᠶ᠎ᠡ ᠨᠢ ᠦᠯᠢᠭᠡᠷ ᠲᠠᠢ ᠪᠠᠶᠢᠭᠰᠠᠨ ᠢ ᠤᠶᠢᠯᠠᠭᠠᠯ᠎ᠠ᠃ ᠨᠤᠳᠤᠭ ᠪᠠᠯᠴᠢᠭᠡᠷ ᠲᠠᠭᠠᠭᠠᠴᠢᠯᠠᠭᠤᠯᠵᠤ ᠬᠠᠳᠤᠯᠡᠩ ᠤᠨ ᠲᠠᠯᠠᠪᠠᠢ ᠬᠤᠪᠢᠶᠠᠬᠤ ᠦᠶ᠎ᠡ ᠳᠤ ᠡᠨᠡᠭᠦ ᠵᠡᠭᠡᠰᠤᠳᠠᠢ ᠶᠢᠨ ᠲᠠᠯ᠎ᠠ ᠶᠢᠨ ᠬᠠᠳᠤᠯᠡᠩ ᠢ ᠬᠤᠳᠠ ᠤᠰᠤᠨ ᠤ ᠠᠶᠢᠯ ᠤᠳ ᠢᠶᠠᠷ ᠰᠢᠪᠠᠭ᠎ᠠ ᠲᠠᠳᠠᠭᠤᠯᠵᠤ ᠬᠤᠪᠢᠶᠠᠭᠰᠠᠨ ᠪᠠᠶᠢᠯ᠎ᠠ᠃ ᠲᠡᠭᠡᠭᠦ ᠳᠤ ᠭᠦᠮᠤᠰ ᠪᠦᠷ ᠰᠠᠶᠢᠨ ᠬᠠᠳᠤᠯᠠᠩ ᠲᠠᠢ ᠭᠠᠵᠠᠷ ᠤᠯᠵᠤ᠂ ᠮᠦᠩᠭᠡ ᠬᠠᠷᠢᠨ ᠤᠰᠤ ᠲᠤᠭᠳᠠᠳᠠᠭ ᠬᠠᠯᠴᠠᠭᠠᠢ ᠴᠠᠭᠠᠨ ᠬᠤᠵᠢᠷᠯᠢᠭ ᠭᠠᠵᠠᠷ ᠢ ᠨᠢ ᠲᠠᠳᠠᠵᠤ ᠤᠯᠤᠭᠠᠤᠨ ᠤᠯᠠᠨ ᠤ ᠢᠨᠢᠶᠡᠳᠤᠮ ᠪᠤᠯᠤᠭᠰᠠᠨ ᠪᠠᠶᠢᠯ᠎ᠠ᠃ ᠲᠡᠭᠡᠭᠦ ᠳᠤ ᠮᠦᠩᠭᠡ ᠭᠠᠷ ᠮᠤᠬᠤᠷᠳᠠᠵᠤ ᠭᠠᠴᠢᠭᠳᠠᠵᠤ ᠰᠠᠭᠤᠭᠰᠠᠨ ᠦᠭᠡᠢ᠂ ︽ᠠᠰᠢᠭᠯᠠᠵᠤ ᠴᠢᠳᠠᠪᠠᠯ ᠠᠯᠠᠭᠠᠨ ᠴᠢᠨᠡᠭᠡᠨ ᠭᠠᠵᠠᠷ ᠢ ᠴᠦ ᠠᠯᠳᠠ ᠪᠤᠯᠭᠠᠵᠤ ᠴᠢᠳᠠᠨ᠎ᠠ︾ ᠭᠡᠵᠤ ᠪᠡᠶ᠎ᠡ ᠪᠠᠨ ᠵᠤᠷᠢᠭᠵᠢᠭᠤᠯᠤᠨ᠂ ᠬᠤᠪᠢᠳᠠᠵᠤ ᠤᠯᠤᠭᠰᠠᠨ ᠵᠢᠯ ᠠᠴᠠ ᠡᠬᠢᠯᠡᠨ ᠵᠢᠯ ᠪᠦᠷᠢ ᠡᠨᠡᠭᠦ ᠬᠠᠮᠠᠷ ᠬᠠᠳᠬᠤᠬᠤ ᠡᠪᠡᠰᠤ ᠤᠷᠭᠤᠳᠠᠭ ᠦᠭᠡᠢ ᠬᠤᠵᠢᠷᠯᠢᠭ ᠭᠠᠵᠠᠷ ᠲᠠᠭᠠᠨ ᠠᠷᠪᠠᠭᠠᠤᠨ ᠲᠠᠷᠠᠺᠲ᠋ᠤᠷ ᠦᠭᠡᠷ ᠤᠨ ᠬᠤᠮᠠᠭ᠂ ᠬᠤᠨᠢᠨ ᠤ ᠭᠦᠷᠵᠡᠩ ᠬᠢᠵᠤ  ᠬᠠᠷᠠᠵᠤ‌ᠬᠠᠮᠠᠭᠠᠯᠠᠭᠰᠠᠭᠠᠷ ᠪᠠᠶᠢᠵᠤ᠂ ᠬᠠᠳᠤᠯᠠᠩ ᠤᠨ ᠲᠠᠯᠠᠪᠠᠢ ᠪᠤᠯᠭᠠᠵᠤ ᠬᠤᠪᠢᠷᠠᠭᠤᠯᠤᠭᠰᠠᠨ ᠪᠠᠶᠢᠨ᠎ᠠ᠃ ᠲᠡᠭᠡᠭᠦ ᠳᠤ ᠭᠦᠮᠤᠰ᠄ ︽ᠮᠠᠨ ᠤ ᠮᠦᠩᠭᠡ ᠴᠢᠨᠢ ᠦᠨᠡᠭᠡᠷ ᠠᠵᠢᠯᠰᠠᠭ ᠭᠦᠮᠤᠨ ᠰᠢᠤ᠂ ᠦᠩᠭᠡᠷᠡᠭᠰᠡᠨ ᠤ ᠲᠡᠷᠡᠭᠦ ᠬᠤᠵᠢᠷᠯᠢᠭ ᠬᠠᠯᠴᠠᠭᠠᠢ ᠭᠠᠵᠠᠷ ᠢ ᠡᠶᠢᠮᠤ ᠰᠠᠶᠢᠬᠠᠨ ᠭᠦᠮᠤᠰ ᠤᠨ ᠪᠠᠭ᠋ᠠᠷᠤᠯ ᠢ ᠲᠠᠳᠠᠭᠰᠠᠨ ᠬᠠᠳᠤᠯᠠᠩ ᠪᠤᠯᠭᠠᠨ᠎ᠠ ᠭᠡᠵᠤ ᠭᠡᠨ ᠴᠦ ᠪᠤᠳᠤᠵᠤ ᠤᠯᠤᠭᠰᠠᠨ ᠦᠭᠡᠢ︾ ᠭᠡᠵᠤ ᠠᠭᠤᠯᠵᠠᠭᠰᠠᠨ ᠪᠦᠭᠦᠨ ᠤ ᠠᠮᠠᠨ ᠵᠤᠭᠤᠭ᠂ ᠤᠴᠠᠷᠠᠭᠰᠠᠨ ᠪᠦᠭᠦᠨ ᠤ ᠶᠠᠷᠢᠶᠠᠨ ᠤ ᠰᠡᠳᠤᠪ ᠪᠤᠯᠤᠭᠰᠠᠨ ᠪᠠᠶᠢᠨ᠎ᠠ᠃      ᠰᠢᠷᠭᠠᠯᠳᠤᠨ ᠦᠶᠡᠯᠡᠭᠦ ᠦᠳᠭᠡᠨ ᠡᠪᠡᠰᠤ᠂ ᠰᠦᠷᠴᠢᠭᠢᠨᠡᠭᠦ ᠮᠠᠰᠢᠨ ᠤ ᠬᠤᠷᠴᠠ ᠬᠢᠳᠤᠭ᠎ᠠ ᠶᠢ ᠲᠠᠭᠠᠨ ᠨᠤᠭᠤᠭᠠᠨ ᠬᠢᠪᠢᠰ ᠲᠡᠯᠭᠡᠭᠳᠡᠭᠦ ᠳᠤ ᠮᠠᠯᠴᠢᠨ ᠮᠦᠩᠭᠡ ᠲᠠᠢ ᠪᠤᠯᠤᠭᠰᠠᠨ ᠬᠠᠯᠠᠭᠤᠨ ᠵᠤᠭᠤᠭ ᠮᠠᠨᠢ ᠨᠠᠮᠤᠷ ᠤᠨ ᠬᠠᠳᠤᠯᠠᠩ ᠤᠨ ᠢᠷᠠᠭᠤᠬᠠᠨ ᠲᠠᠭᠤᠯᠠᠯ ᠲᠠᠢ ᠤᠶᠠᠩᠭ᠎ᠠ ᠨᠡᠶᠢᠯᠡᠨ ᠦᠨᠳᠤᠷᠯᠡᠵᠤ ᠪᠢᠯᠡ᠃
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号