ᠲᠤᠯᠤᠭᠠᠶᠢᠯᠠᠭᠴᠢ ᠠᠵᠤ ᠠᠬᠤᠶᠢᠯᠠᠯ + ᠬᠤᠷᠰᠢᠶᠠᠵᠢᠯ ᠤᠨ ᠭᠡᠪ ᠵᠠᠬᠪᠤᠷ ᠨᠢ ᠰᠢᠯᠢᠳᠡᠭ ᠡᠭᠦᠯᠳᠡᠷ ᠤᠨ ᠦᠭᠡᠷ ᠤᠨ ᠠᠵᠤ ᠦᠢᠯᠡᠰ ᠤᠨ ᠭᠦᠭᠵᠢᠯᠳᠡ ᠶᠢ ᠲᠦᠷᠭᠡᠳᠭᠡᠵᠤ ᠪᠠᠶᠢᠨ᠎ᠠ
ᠨᠡᠶᠢᠲᠡᠯᠡᠭᠰᠡᠨ ᠴᠠᠭ᠄
2020/3/17
    ᠬᠠᠮ ᠵᠠᠭᠤᠴᠢᠯᠠᠭᠤᠷ ᠤᠨ ᠰᠤᠷᠪᠤᠯᠵᠢᠯᠠᠭᠴᠢ  ᠰᠡᠴᠠᠩᠭᠤᠸ᠎ᠠ  ᠶᠢᠨ ᠬᠥᠢ ᠵᠢᠤᠸᠠᠨ           ᠤᠷᠴᠢᠮ ᠤᠨ ᠵᠢᠯ ᠠᠴᠠ ᠨᠠᠰᠢ᠂ ᠰᠢᠯᠤᠭᠤᠨ ᠬᠥᠭᠡ ᠬᠤᠰᠢᠭᠤ ᠭᠠᠵᠠᠷ ᠤᠷᠤᠨ ᠤ ᠪᠠᠨ ᠪᠤᠳᠠᠳᠤ ᠪᠠᠶᠢᠳᠠᠯ  ᠲᠠᠢ ᠵᠤᠬᠢᠴᠠᠭᠤᠯᠥᠨ ᠮᠢᠬᠠᠨ ᠤ ᠥᠭᠡᠷ ᠮᠠᠯᠵᠢᠬᠤ ᠤᠨᠴᠠᠯᠢᠠᠠᠳᠤ ᠠᠵᠤ ᠥᠢᠯᠡᠰ ᠢ ᠭᠥᠭᠵᠢᠬᠦᠯᠵᠤ ᠲᠤᠯᠤᠭᠠᠶᠢᠯᠬᠠᠴᠢ ᠠᠵᠤ ᠠᠬᠤᠶᠢᠯᠠᠯ ᠪᠠ ᠰᠢᠨ᠎ᠠ ᠭᠡᠯᠪᠡᠷᠢ ᠶᠢᠨ ᠡᠵᠡᠩᠨᠡᠯᠳᠠ ᠶᠢᠨ ᠴᠤᠠᠠᠴᠠ ᠶᠢ ᠭᠤᠤᠯᠳᠠᠯᠭ᠎ᠠ ᠲᠠᠢ ᠲᠡᠮᠵᠢᠵᠤ ᠠᠵᠤ ᠥᠢᠯᠡᠰ ᠤᠨ ᠲᠡᠰ ᠲᠡᠪᠰᠢᠯᠳᠠ ᠶᠢ ᠠᠬᠢᠭᠤᠯᠵᠤ ᠪᠠᠶᠢᠨ᠎ᠠ᠃           ᠰᠤᠷᠪᠤᠯᠵᠢᠯᠬᠠᠴᠢ ᠰᠢᠯᠤᠭᠤᠨ ᠬᠥᠭᠡ ᠬᠤᠰᠢᠭᠤᠨ ᠤ ᠰᠠᠶᠢᠨ ᠮᠠᠯᠴᠢᠨ ᠲᠡᠵᠢᠭᠡᠨ ᠥᠷᠡᠵᠢᠬᠦᠯᠬᠦ ᠲᠠᠯᠠᠪᠤᠷ ᠲᠤ ᠬᠥᠷᠬᠦ ᠳᠤ ᠵᠠᠭᠤ ᠭᠠᠷᠤᠢ ᠰᠢᠮᠧᠨᠠᠲᠷ ᠥᠭᠡᠷ ᠪᠠ ᠠᠩᠬᠢᠰ ᠥᠭᠡᠷ ᠬᠤᠷᠤᠭᠠᠨ ᠳᠠᠭᠠᠨ ᠡᠪᠡᠰᠤ ᠢᠳᠡᠵᠤ ᠪᠠᠶᠢᠯ᠎ᠠ᠃ ᠰᠢᠯᠤᠭᠤᠨ ᠬᠥᠭᠡ ᠬᠤᠰᠢᠭᠤᠨ ᠤ ᠰᠠᠶᠢᠨ ᠮᠠᠯᠴᠢᠨ ᠲᠡᠵᠢᠭᠡᠨ ᠥᠷᠡᠵᠢᠬᠦᠯᠬᠦ ᠬᠤᠷᠰᠢᠶᠠᠵᠢᠯ ᠪᠤᠯ ᠰᠢᠯᠤᠭᠤᠨ ᠬᠥᠭᠡ ᠬᠤᠰᠢᠭᠤᠨ ᠤ ᠲᠡᠵᠢᠭᠡᠨ ᠦᠷᠡᠵᠢᠭᠦᠯᠭᠦ ᠲᠤᠯᠤᠭᠠᠶᠢᠯᠬᠠᠴᠢ ᠠᠵᠤ ᠠᠬᠤᠶᠢᠯᠠᠯ ᠤᠨ ᠨᠢᠭᠡᠨ ᠪᠤᠯᠥᠨ᠎ᠠ᠃ ᠮᠠᠯᠵᠢᠯᠭ᠎ᠠ ᠶᠢᠨ ᠡᠵᠡᠯᠡᠬᠦ ᠲᠠᠯᠠᠪᠠᠢ ᠨᠢ 10583 ᠮᠤ᠋ ᠪᠠᠶᠢᠵᠤ᠂ ᠨᠡᠶᠢᠳᠠ1200 ᠥᠭᠡᠷ ᠪᠤᠷᠳᠤᠵᠤ ᠲᠡᠶᠢᠯᠬᠦ ᠴᠢᠳᠠᠮᠵᠢ ᠲᠠᠢ᠃ ᠲᠤᠰ ᠬᠤᠷᠰᠢᠶᠠᠵᠢᠯ ᠨᠢ 2019 ᠤᠨ ᠠᠴᠠ ᠡᠬᠢᠯᠡᠵᠤ᠂ ᠲᠤᠯᠤᠭᠠᠶᠢᠯᠬᠠᠴᠢ ᠠᠵᠤ ᠠᠬᠤᠶᠢᠯᠠᠯ ᠪᠤᠯᠬᠤ ᠥᠪᠤᠷ ᠮᠤᠩᠭᠤᠯ ᠤᠨ ᠱᠥᠨ ᠰᠢᠨ ᠰᠢᠨ ᠶᠤᠸᠠᠨ ᠮᠠᠯᠵᠢᠯ ᠤᠨ ᠬᠢᠵᠠᠭᠠᠷᠳᠤ ᠺᠤᠮᠫᠠᠨᠢ ᠲᠠᠢ ᠨᠠᠶᠢᠳᠠᠠ ᠲᠡᠵᠢᠭᠡᠯᠭᠡᠬᠦ ᠭᠡᠷ᠎ᠠ ᠲᠤᠠᠠᠳᠠᠵᠤ᠂ ᠤᠳᠤᠬᠠᠨ  ᠳᠤ ᠰᠠᠭᠤᠷᠢ ᠡᠭᠡ ᠮᠠᠯ 1200 ᠪᠠᠶᠢᠵᠤ᠂ ᠨᠢᠭᠡᠨᠳᠠ 400 ᠭᠠᠷᠤᠢ ᠥᠨᠢᠶ᠎ᠠ ᠲᠤᠭᠤᠯᠯᠬᠠᠰᠠᠠ ᠪᠠᠶᠢᠨ᠎ᠠ᠃ ᠲᠡᠵᠢᠭᠡᠨ ᠥᠷᠡᠵᠢᠬᠦᠯᠬᠦ ᠶᠠᠪᠤᠴᠠ ᠳᠤ ᠥᠬᠢᠨ ᠲᠤᠭᠤᠯ ᠢ ᠰᠠᠭᠤᠷᠢ ᠡᠭᠡ ᠮᠠᠯ ᠪᠤᠯᠭᠠᠵᠤ᠂ ᠡᠷ᠎ᠠ ᠲᠤᠭᠤᠯ ᠢ ᠲᠡᠵᠢᠭᠡᠵᠤ ᠲᠠᠷᠭᠤᠯᠠᠭᠤᠯᠤᠠᠠᠰᠠᠠ ᠤ ᠲᠠᠷᠠᠭ᠎ᠠ ᠲᠤᠯᠤᠭᠠᠶᠢᠯᠬᠠᠴᠢ ᠠᠵᠤ ᠠᠬᠤᠶᠢᠯᠠᠯ ᠳᠤ ᠲᠤᠰᠢᠶᠠᠵᠤ᠂ ᠲᠤᠯᠤᠭᠠᠶᠢᠯᠬᠠᠴᠢ ᠠᠵᠤ ᠠᠬᠤᠶᠢᠯᠠᠯ + ᠬᠤᠷᠰᠢᠶᠠᠵᠢᠯ ᠤᠨ ᠲᠡᠵᠢᠭᠡᠨ ᠥᠷᠡᠵᠢᠬᠦᠯᠬᠦ ᠭᠡᠪ ᠵᠬᠠᠪᠤᠷ ᠲᠤ ᠬᠥᠷᠴᠤ᠂ ᠠᠵᠤ ᠠᠬᠤᠶᠢᠯᠠᠯ ᠤᠨ ᠥᠷ᠎ᠠ ᠠᠰᠢᠭ ᠢ ᠬᠤᠯᠪᠤᠬᠤ ᠲᠤᠠᠠᠳᠠᠴᠠ ᠶᠢ ᠪᠥᠷᠢᠯᠳᠥᠬᠦᠯᠥᠨ᠂ ᠬᠤᠷᠰᠢᠶᠠᠵᠢᠯ ᠤᠨ ᠤᠷᠤᠯᠭ᠎ᠠ ᠪᠤᠯᠥᠨ ᠮᠠᠯᠴᠢᠥᠨ ᠤᠨ ᠤᠷᠤᠯᠭ᠎ᠠ  ᠶᠢ ᠨᠡᠮᠡᠭᠳᠡᠬᠦᠯᠵᠤ᠂ ᠬᠥᠳᠡᠭᠡ ᠲᠤᠰᠬᠤᠨ ᠢ ᠬᠥᠭᠵᠢᠬᠦᠯᠥᠨ ᠮᠠᠠᠳᠤᠭᠤᠯᠬᠤ ᠳᠤ ᠲᠤᠰᠠᠯᠠᠵᠤ ᠪᠤᠢ᠃           ᠡᠨᠡ ᠬᠠᠪᠤᠷ ᠤᠨ ᠬᠢᠵᠢᠭ ᠤᠨ ᠨᠥᠯᠥᠭᠡ ᠠᠴᠠ ᠪᠤᠯᠵᠤ᠂ ᠨᠢᠳᠤᠨᠤᠨ ᠤ ᠪᠤᠷᠳᠤᠠᠠᠰᠠᠠ ᠥᠭᠡᠷ ᠢᠶᠠᠨ ᠲᠤᠠᠠᠳ᠋ᠬᠠᠰᠠᠠ ᠬᠤᠭᠤᠴᠠᠭᠠᠨ ᠳᠠᠭᠠᠨ ᠬᠤᠳᠠᠯᠳᠤᠵᠤ ᠲᠠᠶᠢᠯᠥᠭᠰᠠᠠ ᠥᠭᠡᠢ ᠠᠴᠠ ᠰᠢᠯᠤᠭᠤᠨ ᠬᠥᠭᠡ ᠬᠤᠰᠢᠭᠤᠨ ᠤ ᠰᠠᠶᠢᠨ ᠮᠠᠯᠴᠢᠨ ᠲᠤᠰᠬᠠᠢ ᠬᠤᠷᠰᠢᠶᠠᠵᠢᠯ ᠤᠨ ᠪᠡᠯᠠ ᠮᠥᠩᠬᠦ ᠨᠢ ᠡᠷᠬᠢᠯᠳᠦᠭᠦ ᠳᠤ ᠭᠦᠴᠢᠷ ᠪᠤᠯᠵᠠᠢ᠃ ᠰᠢᠯᠤᠭᠤᠨ ᠬᠥᠭᠡ ᠬᠤᠰᠢᠭᠤᠨ ᠤ ᠬᠥᠳᠡᠭᠡ ᠲᠤᠰᠬᠤᠨ ᠤ ᠢᠳᠡᠭᠡᠮᠵᠢ ᠶᠢᠨ ᠬᠤᠯᠪᠤᠭᠠᠳᠤ ᠬᠤᠷᠰᠢᠶ᠎ᠠ ᠲᠤᠬᠠᠢ ᠶᠢᠨ ᠭᠠᠵᠠᠷ ᠲᠤ ᠪᠠᠶᠢᠴᠠᠭᠠᠯᠳᠠ ᠬᠢᠵᠤ᠂ ᠡᠨᠡᠬᠦ ᠪᠤᠳᠠᠳᠤ ᠪᠠᠶᠢᠳᠠᠯ ᠳᠤ ᠴᠢᠭᠯᠡᠬᠦᠯᠥᠨ᠂ ᠤᠴᠠᠭᠠᠢ ᠶᠠᠪᠤᠳᠠᠯ ᠢ ᠤᠨᠴᠠᠭᠠᠢ ᠰᠢᠢᠥᠠᠪᠤᠷᠢᠯᠡᠬᠦ᠂ ᠪᠠᠴᠢᠮ ᠶᠠᠪᠤᠳᠠᠯ ᠢ ᠪᠠᠴᠢᠮ ᠰᠢᠢᠥᠠᠪᠤᠷᠢᠯᠡᠬᠦ ᠵᠠᠷᠴᠢᠮ ᠶᠤᠰᠤᠭᠠᠷ ᠲᠧᠯᠸᠢᠰ ᠳ᠋ᠢᠶᠠᠩᠬᠤᠸᠠ ᠬᠤᠷᠠᠯ ᠤᠨ ᠭᠡᠯᠪᠡᠷᠢ ᠪᠠᠷ ᠠᠵᠢᠯ ᠤᠨ ᠪᠠᠶᠢᠷᠢᠯᠠᠭᠤᠯᠤᠯᠳᠠ ᠬᠢᠵᠤ᠂ ᠬᠠᠮᠢᠶᠠᠳᠠᠢ ᠰᠠᠯᠠᠭ᠎ᠠ ᠲᠠᠰᠤᠭ ᠤᠨ ᠬᠢᠨ ᠬᠠᠮᠳᠤᠷᠠᠨ ᠬᠥᠳᠡᠯᠥᠯᠴᠡᠵᠤ᠂ ᠢᠳᠡᠭᠡᠮᠵᠢ ᠶᠢᠨ ᠵᠢᠭᠡᠯᠡᠯᠭᠡ ᠶᠢᠨ ᠮᠠᠲ᠋ᠧᠷᠢᠶᠠᠯ ᠢ ᠰᠥᠨᠢᠵᠢᠨ ᠰᠠᠭᠤᠵᠤ ᠡᠮᠬᠢᠯᠡᠨ᠂ 1000 ᠲᠥᠮᠡᠨ ᠲᠥᠬᠦᠷᠢᠭ ᠤᠨ ᠵᠢᠭᠡᠯᠡᠯᠭᠡ ᠤᠯᠭᠤᠬᠤ ᠬᠢᠨᠠᠨ ᠵᠥᠪᠰᠢᠶᠠᠷᠡᠯ ᠤᠯᠭᠤᠵᠤ ᠲᠤᠬᠠᠢ ᠶᠢᠨ ᠡᠳᠥᠷ ᠲᠤᠨᠢ ᠲᠠᠯᠪᠢᠬᠤ ᠶᠢ ᠪᠡᠶᠡᠯᠡᠬᠦᠯᠥᠨ᠂ ᠮᠥᠩᠬᠦᠨ ᠬᠥᠢᠯᠭᠡᠭᠡᠨ ᠤ ᠥᠢᠯᠡᠴᠢᠯᠡᠭᠡ ᠬᠠᠩᠭᠠᠵᠤ ᠰᠠᠶᠢᠨ ᠮᠠᠯᠴᠢᠨ ᠬᠤᠷᠰᠢᠶᠠᠵᠢᠯ ᠤᠨ ᠪᠤᠳᠠᠳᠤ ᠬᠥᠴᠢᠷᠳᠡᠯ ᠢ ᠰᠢᠢᠥᠠᠪᠤᠷᠢᠯᠡᠭᠰᠠᠠ ᠪᠠᠶᠢᠨ᠎ᠠ᠃           ᠬᠢᠵᠢᠭ ᠰᠡᠷᠭᠡᠶᠢᠯᠡᠯᠳᠠ ᠶᠢᠨ ᠬᠤᠭᠤᠴᠠᠭᠠᠨ ᠳᠤ᠂ ᠬᠤᠰᠢᠭᠤᠨ ᠤ ᠤᠳᠤᠷᠢᠳᠤᠯᠭ᠎ᠠ ᠪᠤᠯᠥᠨ ᠬᠠᠮᠢᠶᠠᠳᠠᠢ ᠨᠢᠭᠡᠴᠠ ᠶᠢᠨ ᠬᠠᠷᠢᠭᠤᠴᠠᠯᠭᠠᠳᠠᠠ ᠤᠯᠠᠨ ᠤᠳᠠᠭ᠎ᠠ ᠬᠤᠷᠰᠢᠶᠠᠵᠢᠯ ᠤᠨ ᠲᠤᠬᠠᠢ ᠶᠢᠨ ᠲᠠᠯᠠᠪᠠᠢ ᠳᠤ ᠬᠥᠷᠴᠤ ᠬᠤᠷᠰᠢᠶᠠᠵᠢᠯ  ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠳᠤ ᠵᠢᠭᠠᠨ ᠵᠢᠯᠤᠭᠤᠳᠤᠯᠭ᠎ᠠ ᠬᠢᠵᠠᠢ᠃           ᠤᠶᠢᠯᠠᠭᠠᠭᠰᠠᠨ ᠢᠶᠠᠷ᠂ ᠤᠳᠤᠬᠠᠨ ᠳᠤ ᠰᠢᠯᠤᠭᠤᠨ ᠬᠥᠭᠡ ᠬᠤᠰᠢᠭᠤ ︽ᠲᠤᠯᠤᠭᠠᠶᠢᠯᠬᠠᠴᠢ ᠠᠵᠤ ᠠᠬᠤᠶᠢᠯᠠᠯ  ᠤᠨ ᠡᠬᠦᠯᠳᠡᠷ ᠤᠨ ᠮᠠᠯ ᠲᠡᠵᠢᠭᠡᠨ ᠥᠷᠡᠵᠢᠬᠦᠯᠬᠦ᠂ ᠬᠤᠷᠰᠢᠶᠠᠵᠢᠯ ᠲᠥᠪᠯᠡᠷᠡᠬᠦᠯᠥᠨ ᠪᠤᠷᠳᠤᠬᠤ᠂ ᠮᠠᠯᠴᠢᠨ ᠲᠠᠷᠢᠶᠠᠴᠢᠨ ᠡᠷᠥᠭᠡ ᠲᠡᠵᠢᠭᠡᠨ ᠥᠷᠡᠵᠢᠬᠦᠯᠬᠦ︾ ᠮᠢᠬᠠᠨ ᠤ ᠥᠭᠡᠷ ᠤᠨ ᠠᠵᠤ ᠥᠢᠯᠡᠰ ᠤᠨ ᠭᠡᠯᠬᠢᠶᠡᠵᠢᠯ ᠪᠠ ᠠᠰᠢᠭ ᠲᠤᠰᠠ ᠶᠢ ᠬᠤᠯᠪᠤᠬᠤ ᠲᠤᠠᠠᠳᠠᠴᠠ ᠶᠢ ᠠᠩᠬ᠎ᠠ ᠠᠯᠬᠤᠮ ᠪᠥᠷᠢᠯᠳᠦᠬᠦᠯᠵᠤ᠂ ᠤᠳᠤᠬᠢᠴᠢᠯᠬᠠᠰᠠᠠ ᠥᠨᠳᠤᠷ ᠥᠷ᠎ᠠ ᠠᠰᠢᠠᠠᠳᠤ ᠮᠠᠯ ᠠᠵᠤ ᠠᠬᠤᠢ ᠶᠢᠨ ᠬᠥᠭᠵᠢᠯᠳᠠ ᠶᠢ ᠠᠬᠢᠭᠤᠯᠵᠤ ᠪᠠᠶᠢᠨ᠎ᠠ᠃
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号