ᠶᠣᠸᠠᠨ ᠤ ᠲᠡᠭᠡᠳᠦ ᠨᠡᠶᠢᠰᠯᠡᠯ
ᠨᠡᠶᠢᠲᠡᠯᠡᠭᠰᠡᠨ ᠴᠠᠭ᠄
2020/7/31
01 ᠬᠤᠪᠢᠯᠠᠶ ᠬᠠᠭᠠᠨ ᠤ ᠬᠦᠷᠡᠯ ᠱᠤᠭᠤᠮᠠᠯᠬᠤᠪᠢᠯᠠᠶ ᠬᠠᠭᠠᠨ ᠤ ᠬᠦᠷᠡᠯ ᠱᠤᠭᠤᠮᠠᠯ ᠨᠢ ᠬᠤᠪᠢᠯᠠᠶ ᠬᠠᠭᠠᠨ ᠪᠣᠯᠤᠨ ᠲᠡᠭᠦᠨ ᠤ ᠪᠢᠴᠢᠭ ᠴᠡᠷᠢᠭ ᠤᠨ ᠨᠣᠶᠠᠳ ᠢᠶᠠᠷ ᠪᠦᠷᠢᠯᠳᠦᠵᠡᠶ᠃ 2007 ᠣᠨ ᠳᠤ ᠴᠢᠳᠬᠤᠵᠤ᠂ ᠦᠨᠳᠦᠷ ᠨᠢ 6 ᠮᠧᠲᠷ᠂ ᠣᠷᠳᠣ ᠨᠢ 34 ᠮᠧᠲᠷ᠂ ᠬᠦᠨᠳᠦ ᠨᠢ 80 ᠲᠣᠨ ᠪᠠᠶᠢᠳᠠᠭ᠃ ᠲᠡᠷᠡ ᠨᠢ ᠶᠤᠸᠠᠨ ᠤ ᠳᠡᠭᠡᠳᠦ ᠨᠡᠶᠢᠰᠯᠡᠯ ᠳᠤ 6 ᠬᠠᠭᠠᠨ ᠰᠠᠭᠤᠷᠢᠨ ᠵᠠᠯᠭᠠᠮᠵᠢᠯᠠᠵᠤ᠂ ᠬᠤᠪᠢᠯᠠᠶ ᠬᠠᠭᠠᠨ 34 ᠵᠢᠯ ᠬᠠᠭᠠᠨ ᠰᠠᠭᠤᠷᠢᠨ ᠳᠤ ᠰᠠᠭᠤᠵᠤ᠂ 80 ᠨᠠᠰᠣᠯᠠᠭᠰᠠᠨ ᠢ ᠪᠡᠯᠭᠡᠳᠡᠵᠠᠢ᠃ ᠪᠦᠬᠦ᠋ᠢᠯᠡ ᠱᠤᠭᠤᠮᠠᠯ ᠨᠢ ᠰᠦᠷ ᠳᠠᠯᠠᠶᠢᠴᠠᠲᠠᠶ᠂ ᠰᠦᠷᠯᠢᠭ ᠶᠡᠬᠡᠮᠰᠦᠭ ᠮᠥᠷᠲᠡᠭᠡᠨ ᠤᠷᠠᠨ ᠠᠮᠢᠳᠤᠯᠢᠭ ᠪᠠᠶᠢᠳᠠᠭ᠃
02 ᠰᠢᠷ᠎ᠠ ᠲᠠᠯ᠎ᠠᠴᠡᠩᠭᠡᠯᠲᠤ ᠵᠤᠨ ᠤ ᠴᠠᠭ ᠢᠶᠠᠷ᠂ ᠴᠡᠩᠬᠡᠷ ᠣᠭᠲᠠᠷᠭᠤᠢ ᠶᠢᠨ ᠲᠣᠣᠷ᠎ᠠ᠂ ᠴᠡᠯᠡᠭᠡᠷ ᠨᠣᠭᠤᠭᠠᠨ ᠲᠠᠯ᠎ᠠ ᠳᠡᠭᠡᠷ᠎ᠡ᠂ ᠴᠢᠮᠡᠭ ᠪᠣᠯᠣᠨ ᠰᠢᠭᠢᠳᠭᠡᠭᠰᠡᠨ᠂ ᠰᠢᠵᠢᠷ ᠠᠯᠳᠠᠩᠬᠸ᠎ᠠ ᠴᠡᠴᠡᠭ᠂ ᠴᠡᠪᠡᠷ ᠦᠨᠦᠷ ᠢᠶᠠᠨ ᠠᠩᠭᠢᠯᠣᠭᠤᠯᠵᠤ᠂ ᠴᠡᠭᠡᠯ ᠭᠡᠷᠡᠯ ᠢᠶᠠᠨ ᠰᠠᠴᠤᠷᠠᠭᠤᠯᠤᠩᠬᠠᠨ ᠪᠠᠶᠢᠳᠠᠭ᠃ ᠡᠨᠡ ᠪᠣᠯ ᠡᠷᠬᠢᠮᠰᠦᠭ ᠬᠠᠲᠤᠨ ᠴᠡᠴᠡᠭ ᠳᠡᠯᠭᠡᠷᠡᠭᠰᠡᠨ᠂ ᠳᠠᠶᠠᠨ ᠲᠡᠯᠡᠭᠡᠢ ᠳᠤ ᠨᠡᠷ᠎ᠡ ᠠᠯᠳᠠᠷᠰᠢᠭᠰᠠᠨ ᠰᠢᠷ᠎ᠠ ᠲᠠᠯ᠎ᠠ ᠪᠤᠯᠤᠨ᠎ᠠ᠃
03 ᠱᠠᠩᠳᠤ ᠶᠢᠨ ᠭᠤᠤᠯᠰᠢᠯᠤᠭᠤᠨ ᠬᠥᠬᠡ ᠬᠤᠰᠢᠭᠤᠨ ᠤ ᠬᠠᠲᠤᠨ ᠭᠤᠤᠯ᠂ ᠠᠷᠢᠭᠤᠨ ᠬᠠᠳᠠᠭ ᠮᠡᠲᠦ ᠲᠠᠯ᠎ᠠ ᠨᠤᠲᠤᠭ ᠲᠤ ᠥᠯᠵᠡᠢ ᠪᠡᠯᠭᠡ ᠪᠠ ᠬᠥᠬᠡᠮᠳᠦᠭ ᠠᠭᠤᠯᠠ ᠤᠰᠤ ᠰᠣᠶᠣᠷᠬᠠᠭᠰᠠᠨ ᠶᠤᠮ᠃ ᠯᠤᠸᠠᠨ ᠾᠧ ᠭᠤᠣᠯ ᠤᠨ ᠤᠰᠤᠨ ᠰᠢᠰᠲ᠋ᠧᠮ ᠪᠣᠯᠬᠤ ᠱᠠᠩᠳᠤ ᠶᠢᠨ ᠭᠤᠣᠯ ᠨᠢ ᠱᠠᠩᠳᠤ ᠬᠤᠲᠠ ᠠᠴᠠ ᠨᠡᠷ᠎ᠡ ᠢᠷᠡᠯᠲᠠᠢ ᠪᠠᠶᠢᠵᠤ᠂ ᠱᠠᠩᠳᠣ ᠨᠡᠶᠢᠰᠯᠡᠯ ᠤᠨ ᠰᠣᠶᠣᠯ ᠢᠷᠭᠡᠨᠰᠢᠯ ᠢ ᠪᠤᠢ ᠪᠤᠯᠭᠠᠪᠠ᠃
04 ᠮᠡᠨᠳᠦ ᠶᠢᠨ ᠬᠠᠭᠠᠯᠭ᠎ᠠᠮᠡᠨᠳᠦ ᠶᠢᠨ ᠬᠠᠭᠠᠯᠭ᠎ᠠ ᠪᠣᠯ ᠱᠠᠩᠳᠤ ᠬᠤᠲᠠᠨ ᠳᠤ ᠣᠷᠣᠬᠤ ᠠᠩᠬᠠᠨ ᠤ ᠬᠠᠭᠠᠯᠭ᠎ᠠ ᠪᠣᠯᠤᠨ᠎ᠠ᠃ ᠱᠠᠩᠳᠣ ᠬᠤᠳᠠ ᠪᠠ ᠣᠷᠳᠣᠨ ᠤ ᠡᠮᠦᠨ᠎ᠡ᠂ ᠣᠮᠠᠷᠠᠳᠣ ᠳᠤᠮᠳᠠ ᠲᠡᠩᠭᠡᠯᠢᠭ ᠱᠤᠭᠤᠮ ᠳᠡᠭᠡᠷ᠎ᠡ ᠪᠠᠶᠢᠳᠠᠭ᠃
05 ᠳᠡᠭᠷᠢ ᠪᠠᠭᠠᠨᠠᠳᠠᠭᠰᠠᠨ ᠬᠠᠭᠠᠯᠭ᠎ᠠᠣᠷᠳᠣᠨ ᠤ ᠠᠰ ᠡᠮᠦᠨᠡᠬᠢ ᠬᠠᠭᠠᠯᠭ᠎ᠠ᠂ ᠬᠠᠭᠠᠨ ᠤ ᠱᠠᠩᠳᠣ ᠬᠤᠳᠠ ᠶᠢ ᠴᠠᠭᠳᠠᠨ ᠪᠠᠶᠢᠴᠠᠭᠠᠳᠠᠭ ᠭᠤᠣᠯ ᠵᠠᠮ ᠪᠤᠯᠤᠨ᠎ᠠ᠃
06 ᠶᠡᠭᠡ ᠠᠮᠤᠭᠤᠯᠠᠩ ᠬᠠᠷᠰᠢᠶᠡᠭᠡ ᠠᠮᠤᠭᠤᠯᠠᠩ ᠬᠠᠷᠰᠢ ᠪᠣᠯ ᠬᠠᠭᠠᠨ ᠣᠷᠳᠣᠨ ᠤ ᠬᠤᠳᠠ ᠶᠢᠨ ᠪᠠᠷᠢᠯᠭ᠎ᠠ ᠶᠢᠨ ᠨᠢᠭᠡ᠂ ᠱᠠᠩᠳᠣ ᠨᠡᠶᠢᠰᠯᠡᠯ ᠤᠨ ᠪᠡᠯᠭᠡ ᠳᠡᠮᠳᠡᠭ ᠶᠤᠮ᠃  ᠶᠡᠭᠡ ᠶᠤᠸᠠᠨ ᠣᠯᠣᠰ ᠤᠨ ᠬᠠᠭᠠᠳ ᠣᠷᠣ ᠵᠠᠯᠭᠠᠮᠵᠢᠯᠠᠨ ᠰᠠᠭᠤᠷᠢᠨ ᠳᠤ ᠰᠠᠭᠤᠬᠤ ᠲᠥᠷᠥ ᠶᠢᠨ ᠶᠡᠭᠡ ᠶᠤᠰᠣᠯᠠᠯ᠂ ᠡᠵᠡᠨ ᠲᠦᠰᠢᠮᠡᠯ ᠤᠨ ᠵᠣᠯᠭᠠᠯᠲᠠ᠂ ᠨᠠᠶᠢᠷ ᠬᠤᠷᠢᠮ᠂ ᠬᠤᠷᠠᠯ ᠨᠤᠮ ᠤᠨ ᠶᠡᠭᠡ ᠤᠩᠰᠢᠯᠭ᠎ᠠ ᠶᠢ ᠪᠦᠷ ᠶᠡᠭᠡ ᠠᠮᠤᠭᠤᠯᠠᠩ ᠬᠠᠷᠰᠢ ᠳᠤ ᠦᠪᠡᠳᠡᠭᠰᠢ ᠶᠡᠭᠡ ᠪᠠᠷ ᠬᠢᠳᠡᠭ ᠪᠠᠶᠢᠵᠠᠢ᠃ ᠲᠡᠦᠬᠡᠨ ᠳᠤ ᠲᠡᠮᠳᠡᠭᠯᠡᠭᠰᠡᠨ ᠢᠶᠠᠷ ᠶᠡᠭᠡ ᠠᠮᠤᠭᠤᠯᠠᠩ ᠬᠠᠷᠰᠢ ᠶᠢ ᠬᠤᠪᠢᠯᠠᠶ ᠬᠠᠭᠠᠨ 1266 ᠣᠨ ᠳᠤ ᠪᠠᠶᠢᠭᠤᠯᠪᠠ᠃
07 ᠲᠥᠪ ᠬᠢᠴᠢᠶᠡᠩᠭᠦᠢ ᠬᠠᠷᠰᠢᠣᠷᠳᠣᠨ ᠤ ᠬᠤᠶᠢᠲᠤ ᠬᠡᠷᠡᠮ ᠤᠨ ᠭᠤᠣᠯ ᠳᠤᠮᠳᠠ ᠰᠦᠨᠳᠡᠷᠯᠡᠵᠦ ᠪᠠᠶᠢᠭ᠎ᠠ ᠪᠠᠷᠢᠯᠭ᠎ᠠ ᠪᠣᠯ ᠳᠠᠷᠣᠢ ᠲᠥᠪ ᠬᠢᠴᠢᠶᠡᠩᠭᠦᠢ ᠬᠠᠷᠰᠢ ᠪᠤᠯᠤᠨ᠎ᠠ᠃ ᠲᠡᠭᠦᠨ ᠢ ᠮᠦᠨ ᠰᠢᠷ᠎ᠠ ᠰᠢᠷᠣᠢ ᠪᠠᠷ ᠬᠠᠩᠳᠠᠵᠤ ᠪᠤᠰᠬᠠᠭᠠᠳ ᠬᠦᠬᠡ ᠳᠣᠭᠤᠰᠬ᠎ᠠ ᠪᠠᠷ ᠭᠠᠳᠠᠷᠯᠠᠨ ᠵᠢᠭᠢᠷᠢᠭᠯᠡᠵᠦ ᠥᠩᠭᠡᠯᠡᠵᠡᠢ᠃ ᠲᠡᠷᠡ ᠨᠢ ᠣᠷᠳᠣᠨ ᠤ ᠬᠠᠮᠤᠭ ᠲᠤᠮᠤ ᠪᠠᠷᠢᠯᠭ᠎ᠠ ᠪᠠᠶᠢᠵᠤ᠂ ᠬᠤᠶᠠᠷ ᠲᠠᠯ᠎ᠠ ᠪᠠᠷ ᠨᠢ ᠲᠡᠭᠰᠢ ᠬᠡᠮᠳᠤ ᠵᠡᠭᠦᠨ ᠪᠠᠷᠠᠭᠤᠨ ᠵᠢᠭᠦᠷ ᠤᠨ ᠬᠠᠷᠰᠢ ᠲᠠᠢ ᠪᠠᠶᠢᠳᠠᠭ᠃
08 ᠬᠤᠪᠢᠯᠭᠠᠨ ᠮᠤᠳᠣᠬᠠᠭᠠᠨ ᠤ ᠣᠷᠳᠣᠨ ᠤ ᠵᠡᠭᠦᠨ ᠬᠡᠷᠡᠮ ᠳᠡᠭᠡᠷ᠎ᠡ ᠬᠤᠶᠠᠷ ᠰᠠᠭᠤᠷᠢ ᠡᠷᠲᠡᠨ ᠤ ᠮᠣᠳᠣ ᠤᠷᠭᠤᠭᠰᠠᠨ ᠪᠠᠶᠢᠳᠠᠭ᠃ ᠲᠡᠷᠡ  ᠨᠢ ᠬᠤᠲᠠ ᠶᠢᠨ ᠬᠡᠷᠡᠮ ᠳᠡᠭᠡᠷ᠎ᠡ ᠦᠨᠳᠦᠰᠦᠯᠡᠵᠦ᠂ ᠬᠡᠯᠪᠡᠷᠢ ᠨᠢ ᠬᠠᠴᠢᠨ ᠰᠣᠨᠢᠨ᠂ ᠰᠠᠯᠠᠭ᠎ᠠ ᠨᠠᠮᠠᠭ᠎ᠠ ᠨᠢ ᠢᠭᠴᠤ ᠰᠠᠬᠤᠯᠢᠭ ᠪᠠᠶᠢᠳᠠᠭ᠃ ᠤᠷᠭᠤᠮᠠᠯ ᠤᠨ ᠤᠬᠠᠭᠠᠨᠲᠠᠳ ᠤᠨ ᠮᠠᠭᠠᠳᠯᠠᠯ ᠢ ᠦᠨᠳᠦᠰᠦᠯᠡᠪᠡᠯ᠂ ᠡᠨᠡ ᠬᠤᠶᠠᠷ ᠡᠷᠲᠡᠨ ᠤ ᠬᠠᠶᠢᠯᠠᠰᠦ ᠨᠢ 300 — 500 ᠵᠢᠯ ᠤᠨ ᠨᠢᠭᠤᠷ ᠢ ᠦᠵᠡᠵᠦ  ᠪᠠᠶᠢᠨ᠎ᠠ᠃ ᠲᠡᠷᠡ ᠨᠢ ᠡᠷᠡᠰ ᠬᠠᠲᠠᠭᠤ ᠠᠮᠢᠵᠢᠷᠠᠯ ᠤᠨ ᠬᠦᠴᠦᠨ ᠪᠠ ᠣᠮᠣᠭᠯᠠᠩ ᠰᠦᠷᠯᠢᠭ ᠳᠦᠷᠢ ᠲᠦᠷᠬᠦ ᠲᠠᠢ ᠣᠴᠢᠷ ᠠᠴᠠ ᠲᠤᠬᠠᠶ ᠶᠢᠨ ᠭᠠᠵᠠᠷ ᠤᠨ ᠬᠦᠮᠦᠰ ︽ᠬᠤᠪᠢᠯᠭᠠᠨ ᠮᠣᠳᠣ︾ ᠭᠡᠵᠦ ᠨᠡᠷᠡᠶᠢᠳᠴᠡᠢ᠃
ᠤᠶᠤᠨᠰᠡᠷᠭᠦᠯᠡᠩ ᠣᠷᠴᠢᠭᠤᠯᠵᠤ᠂ ᠮᠦᠳᠡᠭ ᠬᠢᠨᠡᠪᠡ
 
ᠢᠷᠡᠯᠲᠡ᠄ ᠰᠢᠯᠤᠭᠤᠨ ᠬᠥᠬᠡ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号