ᠠᠯᠲᠠᠩᠬᠸ᠎ᠠ ᠴᠡᠴᠡᠭ ᠪᠠᠳᠠᠷᠠᠨ ᠳᠡᠯᠭᠡᠷᠡᠵᠦ  ᠬᠤᠯᠠ ᠥᠢᠷ᠎ᠡ ᠶᠢᠨ ᠵᠤᠭᠠᠴᠠᠭᠰᠠᠳ ᠤᠨ ᠪᠠᠭ᠋ᠠᠷᠬᠠᠯ ᠢ ᠲᠠᠳᠠᠨ᠎ᠠ
ᠨᠡᠶᠢᠲᠡᠯᠡᠭᠰᠡᠨ ᠴᠠᠭ᠄
2020/7/20
                   ᠬᠠᠮ ᠵᠠᠭᠤᠴᠢᠯᠠᠭᠤᠷ ᠤᠨ ᠰᠣᠷᠪᠣᠯᠵᠢᠯᠠᠬᠴᠢ ᠬᠦᠰᠡᠯ  ᠬᠡᠷᠦᠯᠦᠨ ︵ᠳᠠᠳᠤᠯᠭ᠎ᠠ︶           ᠤᠯᠠᠷᠢᠯ ᠤᠨ ᠡᠭᠡᠯᠵᠢ ᠪᠠᠷ ᠶᠤᠸᠠᠨ ᠤ ᠳᠡᠭᠡᠲᠦ ᠨᠡᠶᠢᠰᠯᠡᠯ ᠳᠤ ᠵᠤᠨ ᠰᠠᠭᠠᠲᠠᠨ ᠠᠯᠲᠠᠩᠬᠸ᠎ᠠ‌‍ᠴᠡᠴᠡᠭ ᠰᠢᠷ᠎ᠠ ᠲᠠᠯ᠎ᠠ ᠶᠢᠨ ᠢᠶᠠᠨ ᠥᠷᠦᠴᠡᠨ ᠳᠤ ᠲᠤᠬᠢᠯᠵᠠᠨ ᠮᠦᠰᠢᠶᠡᠨ᠎ᠡ᠃ ᠠᠯᠲᠠᠩᠬᠸ᠎ᠠ ᠴᠡᠴᠡᠭ ᠨᠢ ᠰᠢᠯᠤᠭᠤᠨ ᠬᠦᠭᠡ ᠬᠤᠰᠢᠭᠤᠨ ᠤ  ᠬᠤᠰᠢᠭᠤ ᠴᠡᠴᠡᠭ ᠪᠤᠯᠳᠠᠭ ᠤᠨ ᠵᠡᠷᠭᠡ ᠪᠠᠷ ᠭᠤᠸ᠎ᠠ ᠭᠡᠭᠡᠨᠴᠢᠷ ᠰᠠᠶᠢᠬᠠᠨ ᠲᠦᠷᠬᠦ ᠪᠠᠷ ᠢᠶᠠᠨ  ᠭᠠᠳᠠᠭᠠᠲᠤ ᠲᠤᠳᠤᠭᠠᠲᠤ ᠶᠢᠨ ᠬᠦᠮᠦᠰ ᠤᠨ ᠪᠠᠭ᠋ᠠᠷᠬᠠᠯ ᠢ ᠶᠠᠬᠡᠳᠡ ᠲᠠᠲᠠᠳᠠᠭ᠃       ᠠᠯᠲᠠᠩᠬᠸ᠎ᠠ ᠴᠡᠴᠡᠭ ᠨᠢ ᠬᠤᠪᠤᠷ ᠴᠤᠬᠠᠭ ᠡᠮᠲᠤ ᠣᠷᠭᠤᠮᠠᠯ ᠮᠦᠷᠲᠡᠭᠡᠨ ᠰᠤᠨᠢᠷᠬᠠᠮᠵᠢ  ᠰᠠᠶᠢᠬᠠᠨ ᠪᠠᠶᠢᠵᠦ ᠲᠤᠯᠤᠭᠠᠨ ᠰᠠᠷ᠎ᠠ ᠶᠢᠨ ᠲᠤᠮᠳᠠᠴᠢ ᠠᠴᠠ ᠨᠠᠢᠮᠠᠨ ᠰᠠᠷ᠎ᠠ ᠶᠢᠨ ᠡᠬᠢᠨ ᠬᠦᠷᠲᠡᠯ᠎ᠡ‌‍ᠪᠠᠳᠮᠠᠯᠠᠨ ᠳᠡᠯᠭᠡᠷᠡᠵᠦ᠂ ᠬᠤᠯᠠ ᠤᠶᠢᠷ᠎ᠠ ᠶᠢᠨ ᠵᠤᠴᠢᠳ ᠤᠨ ᠬᠠᠷᠠᠭ᠎ᠠ ᠶᠢ ᠪᠤᠯᠢᠶᠠᠳᠠᠭ ᠶᠤᠮ᠃ ᠵᠠᠭᠤᠨ ᠵᠠᠭᠤᠨ ᠢ ᠲᠡᠤᠬᠡ ᠪᠠᠷ ᠲᠤᠭᠤᠯᠵᠤ ᠦᠵᠡᠰᠬᠦᠯᠡᠩᠲᠦ ᠰᠢᠷ᠎ᠠ ᠲᠠᠯ᠎ᠠ ᠶᠢ ᠥᠩᠭᠡ ᠪᠠᠷ ᠢᠶᠠᠨ ᠢᠴᠡᠭᠡᠵᠦ ᠳᠡᠯᠭᠡᠷᠡᠳᠡᠭ  ᠠᠯᠲᠠᠩᠬᠸ᠎ᠠ ᠨᠢ ᠵᠢᠯ ᠵᠢᠯ ᠤᠨ ᠪᠤᠯᠵᠤᠭ᠎ᠠ ᠶᠤᠰᠤᠭᠠᠷ ᠢᠶᠠᠨ ᠰᠢᠷ᠎ᠠ ᠲᠠᠯ᠎ᠠ ᠶᠢ ᠵᠤᠯᠠ ᠶᠢᠨ ᠪᠠᠳᠮ᠎ᠠ ᠠᠳᠠᠯᠢ ᠪᠠᠷ ᠬᠡᠷᠡᠯᠳᠦᠬᠦᠯᠦᠨ ᠰᠠᠭᠠᠲᠠᠲᠠᠭ ᠨᠢ ᠵᠢᠮ᠎ᠡ ᠪᠤᠯᠤᠭᠰᠠᠨ ᠶᠣᠮ᠃        ᠶᠤᠸᠠᠨ ᠤ ᠳᠡᠭᠡᠲᠦ ᠨᠡᠶᠢᠰᠯᠡᠯ ᠤᠨ ᠵᠤᠭᠠᠴᠠᠭᠰᠠᠳ ᠢ ᠬᠦᠯᠢᠶᠡᠨ ᠠᠪᠬᠤ ᠲᠥᠪ ᠤᠨ ᠡᠷᠬᠢᠯᠡᠭᠴᠢ ᠾᠧᠦ ᡁᠢ ᠪᠧᠢ ᠶᠢᠨ ᠲᠠᠨᠢᠯᠴᠠᠭᠤᠯᠠᠭᠰᠠᠨ ᠢᠶᠠᠷ᠄《 ᠬᠢᠵᠢᠭ ᠤᠨ ᠪᠠᠶᠢᠳᠠᠯ ᠢ ᠴᠢᠩᠭ᠎ᠠ ᠡᠵᠡᠮᠳᠡᠨ ᠰᠡᠷᠭᠡᠶᠢᠯᠡᠭᠰᠡᠨ ᠪᠠᠶᠢᠳᠠᠯ ᠲᠤᠤᠷ᠎ᠠ ᠪᠦᠬᠦ ᠤᠯᠤᠰ ᠤᠨ ᠡᠯ᠎ᠡ ᠭᠠᠵᠠᠷ ᠤᠨ ᠠᠯᠲᠠᠩᠬᠸ᠎ᠠ ᠴᠡᠴᠡᠭ ᠰᠤᠨᠢᠷᠬᠠᠬᠤ ᠵᠤᠭᠠᠴᠠᠭᠰᠠᠳ ᠢ ᠤᠭᠲᠤᠨ ᠠᠪᠴᠢᠷᠠᠭᠰᠠᠨ ᠪᠠᠶᠢᠨ᠎ᠠ᠃ ᠠᠳᠡᠬᠢ ᠵᠢᠯ ᠪᠦᠷᠢ ᠶᠢᠨ ᠵᠤᠭᠠᠴᠠᠭᠰᠠᠳ ᠤᠨ ᠤᠯᠠᠩᠬᠢ ᠨᠢ ᠪᠡᠭᠡᠵᠢᠩ᠂ ᠲᠢᠶᠠᠨᠵᠢᠨ᠂  ᠾᠧᠪᠸᠢ ᠶᠢᠨ ᠪᠠᠶᠢᠳᠠᠭ  ᠂ ᠭᠡᠳᠡᠯ᠎ᠡ ᠡᠨᠡ ᠵᠢᠯ ᠬᠢᠵᠢᠭ ᠤᠨ ᠨᠥᠯᠦᠭᠡ ᠶᠢ ᠬᠦᠷᠲᠡᠵᠦ ᠡᠳᠡᠭᠡᠷ ᠭᠠᠵᠠᠷ ᠤᠨ  ᠵᠤᠭᠠᠴᠠᠭᠰᠠᠳ ᠴᠦᠬᠡᠨ ᠪᠠᠶᠢᠨ᠎ᠠ᠃ ᠡᠨᠡᠬᠦ ᠪᠠᠶᠢᠳᠠᠯ ᠳᠤ ᠵᠤᠬᠢᠴᠠᠭᠤᠯᠤᠨ ᠪᠢᠳᠡᠨ ᠾᠧᠪᠸᠢ ᠶᠢᠨ ᠪᠡᠶ᠎ᠡ ᠶᠢᠨ ᠦᠨᠡᠮᠯᠡᠯ  ᠲᠠᠢ ᠵᠤᠭᠠᠴᠠᠭᠰᠠᠳ ᠲᠤ ᠬᠠᠭᠠᠰ ᠪᠢᠯᠧᠲ ᠶᠢᠨ ᠬᠠᠷᠠᠭᠠᠯᠵᠠᠯ ᠬᠦᠷᠲᠡᠭᠡᠬᠦ᠂ ᠪᠡᠶ᠎ᠡ ᠶᠢᠨ ᠲᠤᠯᠠᠭᠠᠨ ᠢ ᠬᠡᠮᠵᠢᠨ ᠪᠠᠶᠢᠴᠠᠭᠠᠬᠤ᠂ ᠵᠢᠩᠬᠢᠨᠢ ᠨᠡᠷ᠎ᠡ ᠪᠠᠷ ᠪᠢᠯᠧᠲ ᠠᠪᠬᠤ ᠵᠡᠷᠭᠡ ᠵᠤᠬᠢᠬᠤ ᠠᠷᠭ᠎ᠠ ᠬᠡᠮᠵᠢᠶ᠎ᠡ‌ᠠᠪᠴᠠᠢ᠂ ᠮᠥᠨ ᠴᠤ ᠡᠳᠦᠷ ᠲᠤᠳᠤᠮ ᠤᠨ ᠠᠵᠢᠯ ᠲᠤᠮᠳᠠ ᠪᠠᠨ ᠪᠢᠯᠧᠲ ᠬᠤᠳᠠᠯᠳᠤᠬᠤ ᠭᠠᠵᠠᠷ ᠲᠤ ᠰᠠᠯᠬᠢ ᠨᠡᠪᠳᠡᠷᠡᠬᠦ ᠶᠢ ᠠᠩᠬᠠᠷᠤᠨ ᠴᠢᠬᠤᠯᠠᠴᠢᠯᠠᠵᠣ᠂ ᠰᠠᠶᠢᠳᠤᠷ ᠠᠷᠢᠭᠤᠳᠬᠠᠯ ᠬᠢᠳᠡᠭ》 ᠭᠡᠯ᠎ᠡ᠃       ᠵᠤᠭᠠᠴᠠᠭᠰᠠᠳ ᠴᠤ ᠠᠯᠲᠠᠩᠬᠸ᠎ᠠ ᠴᠡᠴᠡᠭ ᠤᠨ ᠡᠷᠬᠢᠮᠰᠦᠭ ᠭᠤᠶᠤ ᠶᠢ ᠪᠠᠭ᠋ᠠᠳᠤᠨ ᠰᠤᠨᠢᠷᠬᠠᠨ ᠪᠠᠶᠠᠷ ᠤᠨ ᠮᠦᠰᠢᠶᠡᠲᠦ ᠨᠢᠭᠤᠷ ᠲᠦᠬᠦᠷᠡᠩ ᠪᠠᠶᠢᠯ᠎ᠠ᠃  ᠬᠠᠭᠠᠨ ᠲᠠᠯ᠎ᠠ ᠶᠢᠨ ᠡᠯᠢᠭᠡᠨ ᠳᠤ ᠬᠠᠲᠤᠨ ᠴᠡᠴᠡᠭ ᠠᠯᠲᠠᠩᠬᠸ᠎ᠠ ᠲᠤᠷᠭᠠᠨ ᠳᠡᠯᠪᠢ ᠪᠠᠨ ᠳᠡᠯᠭᠡᠨ ᠮᠦᠰᠢᠶᠡᠨ᠎ᠡ᠃    
                               
 
ᠢᠷᠡᠯᠲᠡ᠄ ᠰᠢᠯᠣᠭᠤᠨ ᠬᠥᠬᠡ ᠬᠤᠰᠢᠭᠤᠨ  ᠤ ︽ᠱᠠᠩᠳᠤ ᠶᠢᠨ ᠰᠣᠨᠣᠰᠬᠠᠯ︾ ᠮᠣᠩᠭᠤᠯ ᠸᠢᠴᠠᠲ ᠳᠠᠪᠴᠠᠩ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号