ᠶᠣᠸᠠᠨ ᠤ ᠲᠡᠭᠡᠳᠦ ᠨᠡᠶᠢᠰᠯᠡᠯ ᠤᠨ ᠨᠡᠷᠡᠶᠢᠳᠦᠯ ᠪᠠ ᠪᠠᠷᠢᠯᠭ᠎ᠠ ᠶᠢᠨ ᠣᠨᠴᠠᠯᠢᠭ ᠰᠢᠨᠵᠢ ︵ᠨᠢᠭᠡ︶
ᠨᠡᠶᠢᠲᠡᠯᠡᠭᠰᠡᠨ ᠴᠠᠭ᠄
2016/7/12
               ᠵᠣᠬᠢᠶᠠᠭᠴᠢ᠄ ᠱ᠊  ᠲᠥᠩᠰᠢᠭ
      ᠬᠡᠶᠢᠪᠤᠡᠭ ᠬᠦᠷᠲᠤ ᠪᠤᠶᠤ ᠲᠠᠬᠡᠲᠤ ᠨᠠᠶᠢᠰᠯᠠᠯ       ᠶᠡᠭᠡ ᠶᠤᠸᠠᠨ ᠤᠯᠤᠰ ᠤᠨ ᠲᠠᠬᠡᠲᠤ ᠨᠡᠶᠢᠰᠯᠡᠯ ᠬᠤᠳᠠ ᠶᠢᠨ ᠤᠤᠯ ᠨᠡᠷᠡᠶᠢᠳᠤᠯ ᠪᠠ ᠪᠠᠷᠢᠯᠭ᠎ᠠ ᠶᠢᠨ ᠤᠨᠴᠠᠯᠢᠭ ᠢ ᠮᠤᠩᠭᠤᠯ ᠬᠢᠳᠠᠤᠨ ᠰᠤᠷᠪᠤᠯᠵᠢ ᠲᠡᠤᠭᠡ ᠱᠠᠰᠳᠢᠷ ᠲᠤ ᠤᠯᠠᠨᠳᠠ ᠲᠡᠮᠳᠡᠭᠯᠡᠭᠰᠡᠨ ᠪᠠᠶᠢᠳᠠᠬ᠃ ︽ᠡᠷᠳᠡᠨ ᠤ ᠮᠤᠩᠭᠤᠯ ᠤᠨ ᠬᠠᠤᠨ ᠤᠨ ᠦᠨᠳᠤᠰᠤᠨ ᠤ ᠶᠡᠭᠡ ᠰᠢᠷ᠎ᠠ ᠲᠤᠭᠤᠵᠢ︾ ᠳᠤ ︽ᠱᠠᠩᠳᠤ ᠭᠡᠶᠢᠪᠤᠡᠭ ᠭᠦᠷᠳᠤ ᠪᠠᠯᠭᠠᠰᠤᠨ︾᠂ ᠯᠤᠪᠰᠠᠩᠳᠠᠨᠵᠢᠨ ᠤ ︽ᠠᠯᠳᠠᠨ ᠲᠤᠪᠴᠢ︾ ᠳᠤ ︽ᠭᠦᠷᠳᠤ ᠱᠠᠩᠳᠤ︾᠂ ᠰᠠᠭᠠᠡᠭ ᠰᠡᠴᠡᠨ ᠤ ︽ᠡᠷᠳᠡᠨᠢ ᠶᠢᠨ ᠲᠤᠪᠴᠢ︾ ᠳᠤ ︽ᠵᠤᠨ ᠤ ᠵᠤᠰᠠᠯᠡᠩ ᠬᠡᠶᠢᠪᠤᠡᠭ ᠭᠦᠷᠳᠤ ᠪᠠᠯᠭᠠᠰᠤᠨ︾᠂ ᠵᠢᠮᠪᠠᠳᠤᠷᠵᠢ ᠶᠢᠨ ︽ᠪᠤᠯᠤᠷ ᠲᠤᠯᠢ︾ ᠳᠤ ︽ᠭᠦᠷᠢᠶ᠎ᠡ ᠬᠤᠳᠠ︾ ᠭᠡᠮᠡᠨ ᠲᠤᠳᠤᠷᠬᠠᠢ ᠲᠡᠮᠳᠡᠭᠯᠡᠭᠰᠡᠨ ᠪᠠᠶᠢᠪᠠ᠃ ᠬᠢᠳᠠᠤᠨ ᠲᠡᠤᠭᠡ ᠶᠢᠨ ᠰᠤᠷᠪᠤᠯᠵᠢ ᠪᠢᠴᠢᠭ ᠰᠤᠳᠤᠷ᠂ ᠲᠠᠩᠰᠠ ᠡᠪᠭᠡᠮᠡᠯ ᠳᠤ ᠴᠦ ︽ᠺᠠᠢ ᠫᠢᠡᠭ ᠤᠷᠳᠤᠨ︾᠂ ︽ᠶᠤᠸᠠᠨ ᠱᠠᠩᠳᠤ︾ ᠭᠡᠮᠡᠨ ᠲᠠᠬᠢᠨ ᠲᠠᠪᠳᠠᠨ ᠲᠡᠮᠳᠡᠭᠯᠡᠭᠰᠡᠨ ᠨᠢ ᠤᠯᠠᠨ ᠬᠠᠷᠠᠬᠳᠠᠳᠠᠬ᠃ ᠡ᠊ᠲ᠋ᠡᠭᠡᠷ ᠰᠤᠷᠪᠤᠯᠵᠢ ᠪᠢᠴᠢᠭ ᠤᠳ ᠲᠤ ᠶᠤᠸᠠᠨ ᠭᠦᠷᠤᠨ ᠤ ᠲᠡᠭᠡᠳᠤ ᠨᠡᠶᠢᠰᠯᠡᠯ ᠱᠠᠩᠳᠤ ᠬᠤᠳᠠ ᠶᠢ ︽ᠭᠡᠶᠢᠪᠤᠡᠭ︾ ᠪᠠ ︽ᠭᠦᠷᠳᠤ︾ ᠭᠡᠮᠡᠭᠦ ᠬᠤᠶᠠᠷ ᠲᠤᠳᠤᠳᠬᠠᠯ ᠲᠠᠢ ᠪᠠᠷ ᠤᠨᠴᠠᠯᠠᠨ ᠲᠡᠮᠳᠡᠭᠯᠡᠭᠰᠡᠨ ᠨᠢ ᠠᠩᠬᠠᠷᠤᠭᠤᠰᠢᠳᠠᠢ ᠶᠤᠮ᠃     ᠭᠡᠶᠢᠪᠤᠡᠭ ᠪᠤᠯᠪᠠᠰᠤ ᠱᠠᠩᠳᠤ ᠬᠤᠳᠠ ᠶᠢᠨ ᠠᠷᠤ ᠪᠠ ᠵᠡᠭᠦᠨ ᠢᠶᠠᠷ ᠭᠦᠷᠢᠶᠡᠯᠡᠨ ᠲᠤᠭᠤᠶᠢᠯᠠᠵᠤ ᠤᠷᠤᠰᠤᠭ᠎ᠠ ᠨᠢᠭᠡᠨ ᠭᠤᠤᠯ ᠤᠨ ᠨᠡᠷ᠎ᠡ᠂ ᠱᠠᠩᠳᠤ ᠬᠤᠳᠠ ᠨᠢ ᠭᠤᠤᠯ ᠠᠴᠠ ᠤᠶᠢᠷ᠎ᠠ ᠤᠴᠢᠷ ᠠᠩᠬ᠎ᠠ ︽ᠬᠡᠶᠢᠪᠤᠡᠭ ᠤᠷᠳᠤᠨ︾ ᠭᠡᠮᠡᠨ ᠨᠡᠷᠡᠯᠡᠭᠰᠡᠨ ᠪᠠᠶᠢᠵᠠᠢ᠃ ᠡᠨᠡ ᠨᠢ ᠲᠤᠬᠠᠢ ᠶᠢᠨ ᠦᠶ᠎ᠡ ᠳᠤ ᠤᠳᠤᠬᠢ ᠡᠾᠧᠨᠠᠨ ᠤ ᠺᠠᠢ ᠫᠢᠡᠭ ᠬᠤᠳᠠ ᠲᠠᠢ ᠶᠠᠮᠠᠷ ᠴᠦ ᠲᠡᠤᠭᠡᠨ ᠬᠤᠯᠪᠤᠭᠳᠠᠯ ᠦᠭᠡᠢ ᠪᠢᠯᠡ᠃ ᠲᠡᠶᠢᠮᠤ ᠲᠡᠮᠳᠡᠭᠯᠡᠯ ᠴᠦ ᠬᠠᠷᠠᠭᠳᠠᠭ᠎ᠠ ᠦᠭᠡᠢ᠃ ᠭᠦᠷᠳᠤ ᠨᠢ ᠭᠦᠷᠢᠶ᠎ᠡ ᠶᠢᠨ ᠡᠷᠳᠡᠨ ᠤ ᠪᠢᠴᠢᠯᠭᠡ᠂ ᠭᠡᠷ ᠭᠦᠷᠢᠶ᠎ᠡ ᠶᠢᠨ ᠭᠦᠷᠢᠶ᠎ᠡ᠂ ᠭᠦᠷᠢᠶᠡᠯᠡᠵᠤ ᠪᠦᠰᠡᠯᠡᠭᠦ ᠶᠢᠨ ᠭᠦᠷᠢᠶ᠎ᠡ ᠪᠤᠶᠤ᠃ ᠲᠡᠭᠡᠳᠤ ᠨᠡᠶᠢᠰᠯᠡᠯ ᠱᠠᠩᠳᠤ ᠬᠤᠳᠠ ᠨᠢ ᠭᠠᠳᠠᠷ ᠬᠤᠳᠠ᠂ ᠲᠤᠳᠤᠷ ᠬᠤᠳᠠ᠂ ᠤᠷᠳᠤᠨ ᠬᠤᠳᠠ ᠭᠡᠵᠥ ᠭᠤᠷᠪᠠᠨ ᠲᠠᠪᠬᠤᠷ ᠭᠦᠷᠢᠶ᠎ᠡ ᠬᠤᠳᠠ ᠪᠠᠷ ᠪᠦᠷᠢᠯᠳᠦᠭᠰᠡᠨ ᠬᠠᠭᠠᠨ ᠤᠷᠳᠤᠨ ᠶᠤᠮ᠃ ᠡᠨᠡ ᠪᠤᠯ ᠮᠤᠩᠭᠤᠯᠴᠤᠤᠨ ᠤᠨ ᠡᠷᠳᠡ ᠲᠡᠭᠡᠳᠤᠰ ᠠᠴᠠ ᠤᠯᠠᠮᠵᠢᠯᠠᠨ ᠭᠡᠷᠡᠭᠯᠡᠵᠤ ᠢᠷᠡᠭᠰᠡᠨ ᠭᠦᠷᠢᠶ᠎ᠡ ᠨᠡᠭᠦᠳᠡᠯ᠂ ᠭᠦᠷᠢᠶ᠎ᠡ ᠪᠠᠭᠤᠳᠠᠯ ᠤᠨ ᠤᠯᠠᠮᠵᠢᠯᠠᠯᠳᠤ ᠭᠡᠪ ᠵᠠᠩᠰᠢᠯ ᠢ ᠰᠠᠭᠤᠷᠢᠰᠢᠯ ᠪᠠᠷᠢᠯᠭ᠎ᠠ ᠲᠡᠭᠡᠷ᠎ᠡ ᠲᠦᠪᠯᠡᠷᠡᠭᠦᠯᠤᠨ ᠲᠤᠰᠬᠠᠭᠰᠠᠨ ᠭᠡᠯᠪᠡᠷᠢ ᠪᠤᠯᠤᠨ᠎ᠠ᠃    ︽ᠮᠤᠩᠭᠤᠯ ᠤᠨ ᠨᠢᠭᠤᠴᠠ ᠲᠤᠪᠴᠢᠶᠠᠨ︾ ᠳᠤ ᠤᠯᠠᠨᠳᠠ ᠲᠡᠮᠳᠡᠭᠯᠡᠭᠰᠡᠨ ᠮᠤᠩᠭᠤᠯ ᠤᠪᠤᠭ ᠠᠶᠢᠮᠠᠭ ᠤᠨ ᠭᠦᠷᠢᠶ᠎ᠡ ᠨᠡᠭᠦᠳᠡᠯ᠂ ᠭᠦᠷᠢᠶ᠎ᠡ ᠪᠠᠭᠤᠳᠠᠯ ᠤᠨ ᠲᠡᠤᠭᠡᠨ ᠤᠯᠪᠠᠭ᠎ᠠ ᠶᠢ ᠱᠠᠩᠳᠤ ᠬᠤᠳᠠ ᠶᠢᠨ ᠪᠠᠭᠤᠷᠢ ᠠᠴᠠ ᠲᠤᠪ ᠲᠤᠳᠤ ᠤᠯᠵᠤ ᠬᠠᠷᠠᠨ᠎ᠠ᠃ ᠮᠤᠩᠭᠤᠯᠴᠤᠤᠨ ᠤᠨ ᠭᠦᠷᠢᠶᠡᠯᠡᠵᠤ ᠨᠡᠭᠦᠳᠡᠯᠯᠡᠵᠤ᠂ ᠭᠦᠷᠢᠶᠡᠯᠡᠵᠤ ᠪᠠᠭᠤᠳᠠᠯᠯᠠᠵᠤ᠂ ᠭᠦᠷᠢᠶᠡᠯᠡᠵᠤ ᠠᠪᠠᠯᠠᠵᠤ ᠪᠠᠶᠢᠭᠰᠠᠨ ᠪᠤᠳᠠᠳᠤ ᠠᠮᠢᠳᠤᠷᠠᠯ ᠦᠢᠯᠡᠳᠪᠤᠷᠢᠯᠡᠯ ᠤᠨ ᠠᠬᠤᠢ ᠤᠯᠠ ᠮᠦᠷ ᠢ ᠭᠡᠶᠢᠪᠤᠡᠭ ᠭᠦᠷᠳᠤ ᠪᠠᠯᠭᠠᠰᠤ ᠶᠢᠨ ᠬᠠᠭᠤᠴᠢ ᠪᠠᠭᠤᠷᠢ ᠠᠴᠠ ᠠᠮᠢᠳᠤ ᠲᠦᠷᠰᠦᠯᠢᠭ ᠤᠯᠵᠤ ᠦᠵᠡᠵᠦ ᠲᠡᠶᠢᠯᠬᠦ ᠪᠦᠭᠡᠳ ᠮᠤᠩᠭᠤᠯᠴᠤᠤᠨ ᠤᠨ ᠡᠭᠡ ᠪᠠᠶᠢᠭᠠᠯᠢ ᠲᠠᠢ ᠪᠠᠨ ᠵᠤᠬᠢᠴᠠᠭᠰᠠᠨ ᠤᠯᠠᠮᠵᠢᠯᠠᠯᠳᠤ ᠭᠦᠷᠢᠶ᠎ᠡ ᠰᠤᠶᠤᠯ ᠤᠨ ᠤᠤᠯ ᠲᠦᠷᠭᠦ᠂ ᠨᠢᠳᠤᠨ ᠡᠮᠤᠨ᠎ᠡ ᠴᠢᠨᠢ ᠲᠡᠯᠭᠡᠭᠳᠡᠭᠦ ᠶᠤᠮ᠃ ᠲᠡᠯᠡᠭᠡᠢ ᠲᠡᠭᠡᠷ᠎ᠡ ᠮᠤᠩᠭᠤᠯᠴᠤᠤᠨ ᠠᠴᠠ ᠦᠭᠡᠷ᠎ᠡ ᠦᠨᠳᠤᠰᠤᠳᠡᠨ ᠶᠠᠰᠤᠳᠠᠨ ᠳᠤ ᠡᠶᠢᠮᠤᠷᠭᠦ ᠭᠦᠷᠢᠶ᠎ᠡ ᠰᠤᠶᠤᠯ ᠤᠨ ᠤᠯᠠᠮᠵᠢᠯᠠᠯ ᠳᠡᠭᠡᠳᠤ ᠨᠡᠶᠢᠰᠯᠡᠯ ᠤᠨ ᠰᠢᠬ ᠬᠠᠭᠤᠴᠢ ᠪᠠᠭᠤᠷᠢ ᠶᠢᠨ ᠭᠡᠯᠪᠡᠷᠢ ᠪᠠᠷ ᠦᠯᠡᠳᠡᠵᠤ ᠪᠠᠶᠢᠭ᠎ᠠ ᠦᠭᠡᠢ ᠪᠢᠯᠡ᠃ ᠱᠠᠩᠳᠤ ᠬᠤᠳᠠ ᠶᠢᠨ ᠪᠦᠭᠦ᠋ᠢᠯᠡ ᠪᠠᠷᠢᠯᠭ᠎ᠠ ᠶᠢᠨ ᠪᠠᠶᠢᠷᠢᠰᠢᠯ ᠨᠢ ᠮᠤᠩᠭᠤᠯᠴᠤᠤᠨ ᠤᠨ ᠤᠯᠠᠮᠵᠢᠯᠠᠯᠳᠤ ᠲᠦᠷᠪᠡᠨ ᠤᠯᠠᠷᠢᠯ ᠤᠨ ᠨᠡᠭᠦᠳᠡᠯ ᠪᠠᠭᠤᠳᠠᠯ ᠤᠨ ᠤᠨᠴᠠᠯᠢᠭ ᠰᠢᠨᠵᠢ ᠶᠢ ᠬᠠᠳᠠᠭᠠᠯᠠᠭᠰᠠᠨ ᠢᠶᠠᠷ ᠢᠶᠠᠨ ᠴᠤᠬᠤᠮ ᠭᠦ᠋ ᠲᠠᠯ᠎ᠠ ᠨᠤᠳᠤᠭ ᠤᠨ ᠮᠤᠩᠭᠤᠯ ᠬᠤᠳᠠ ᠶᠢᠨ ᠨᠡᠷ᠎ᠡ ᠨᠢᠳᠡᠷ ᠲᠡᠭᠡᠨ ᠲᠤᠬᠢᠷᠠᠭᠰᠠᠨ ᠶᠤᠮ᠃ ᠱᠠᠩᠳᠤ ᠬᠤᠳᠠ ᠨᠢ ᠮᠤᠩᠭᠤᠯᠴᠤᠤᠨ ᠤᠨ ᠡᠪᠤᠯᠵᠢᠶ᠎ᠠ ᠨᠤᠳᠤᠭ ᠰᠤᠩᠭᠤᠬᠤ ᠤᠯᠠᠮᠵᠢᠯᠠᠯᠳᠤ ᠵᠠᠩᠰᠢᠯ ᠢᠶᠠᠷ ᠠᠭᠤᠯᠠ ᠨᠢᠷᠤᠭᠤ ᠲᠦᠰᠢᠵᠤ ᠤᠰᠤ ᠭᠤᠤᠯ ᠭᠦᠪᠡᠭᠡᠯᠡᠨ ᠠᠭᠤᠳᠠᠮ ᠲᠠᠯ᠎ᠠ ᠶᠢ ᠪᠠᠷᠠᠯᠠᠵᠤ ᠪᠠᠶᠢᠭᠤᠯᠤᠭᠰᠠᠨ ᠶᠤᠮ᠃ ᠮᠤᠩᠭᠤᠯ ᠬᠠᠭᠠᠨᠳᠤ ᠤᠯᠤᠰ ᠤᠨ ᠤᠤᠭᠠᠯ ᠨᠡᠶᠢᠰᠯᠡᠯ ᠬᠠᠷᠠᠬᠤᠷᠤᠮ ᠬᠤᠳᠠ᠂ ᠶᠡᠭᠡ ᠶᠤᠸᠠᠨ ᠤᠯᠤᠰ ᠤᠨ ᠲᠡᠭᠡᠳᠤ ᠨᠡᠶᠢᠰᠯᠡᠯ ᠱᠠᠩᠳᠤ ᠬᠤᠳᠠ᠂ ᠲᠠᠶᠢᠳᠦ ᠪᠡᠭᠡᠵᠢᠩ ᠬᠤᠳᠠ᠂ ᠯᠢᠭᠳᠡᠨ ᠬᠠᠭᠠᠨ ᠤ ᠨᠡᠶᠢᠰᠯᠡᠯ ᠸᠴᠢᠷᠳᠤ ᠴᠠᠭᠠᠨ ᠬᠤᠳᠠ ᠲᠦᠷᠪᠡ ᠶᠢᠨ ᠬᠠᠮᠳᠤ ᠶᠢᠨ ᠤᠨᠴᠠᠯᠢᠭ ᠨᠢ ᠪᠤᠯ ᠠᠷᠤ ᠳᠠᠭᠠᠨ ᠠᠭᠤᠯᠠ ᠨᠢᠷᠤᠭᠤ ᠲᠦᠰᠢᠵᠦ ᠡᠮᠤᠨ᠎ᠡ ᠪᠠᠨ ᠤᠰᠤ ᠭᠤᠤᠯ ᠭᠦᠪᠡᠭᠡᠯᠡᠵᠤ ᠠᠭᠤᠳᠠᠮ ᠲᠠᠯ᠎ᠠ ᠪᠠᠷᠠᠯᠠᠭᠰᠠᠨ ᠬᠠᠮᠳᠤ ᠶᠢᠨ ᠠᠳᠠᠯᠢ ᠲᠠᠯ᠎ᠠ ᠲᠠᠢ ᠶᠤᠮ᠃ ᠡᠨᠡ ᠪᠤᠯ ᠮᠤᠩᠭᠤᠯᠴᠤᠤᠨ ᠤᠨ ᠨᠤᠳᠤᠭ ᠰᠤᠩᠭᠤᠬᠤ ᠤᠯᠠᠮᠵᠢᠯᠠᠯᠳᠤ ᠵᠠᠩᠰᠢᠯ ᠪᠤᠯᠬᠤ ᠶᠤᠮ᠃ ᠠᠯᠢ ᠨᠢᠭᠡᠨ ᠮᠡᠷᠭᠡᠨ ᠲᠦᠯᠭᠡᠴᠢ ᠶᠢᠨ ᠦᠵᠡᠭᠰᠡᠨ ᠤᠴᠢᠷ ᠪᠢᠰᠢ ᠡ︕
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ ᠤ ᠰᠢᠨ᠎ᠠ ᠮᠠᠯᠴᠢᠳ ᠤᠨ ᠰᠤᠨᠢᠨ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号