| ᠮᠠᠡᠳᠤᠯᠠᠬᠦ ᠭᠡᠳᠡᠭ ᠨᠢ ᠪᠡᠯᠭᠡ ᠲᠡᠮᠪᠡᠷᠢᠯ ᠲᠠᠢ ᠦᠭᠡ ᠪᠡ ᠵᠤᠬᠢᠬᠤ ᠬᠦᠳᠡᠯᠥᠯ ᠪᠠᠷᠢᠯ ᠢᠶᠠᠷ ᠪᠡᠶ᠎ᠡ | ᠪᠡᠶ᠎ᠡ ᠶᠢᠨ ᠢᠶᠠᠨ ᠠᠮᠤᠷ ᠮᠡᠨᠳᠦ ᠶᠢ ᠠᠰᠠᠭᠤᠬᠤ ᠵᠠᠩᠰᠢᠯ᠃ ︽ᠠᠮᠠᠨ ᠪᠡᠯᠭᠡ ᠬᠠᠮᠢᠭᠠᠰᠢ ᠪᠠᠨ ᠪᠤᠯ ᠠᠰᠢᠳᠠ ᠶᠢᠨ ᠪᠡᠯᠭᠡ | ᠲᠡᠰᠢ ᠪᠠᠨ︾ ᠭᠡᠰᠡᠨ ᠰᠡᠴᠡᠨ ᠦᠭᠡ ᠪᠠᠶᠢᠳᠠᠭ᠃ ᠮᠤᠩᠭᠤᠯᠴᠣᠳ ᠬᠠᠮᠢᠭ᠎ᠠ᠂ ᠬᠡᠵᠢᠶ᠎ᠡ ᠠᠭᠤᠯᠵᠠᠭᠰᠠᠨ ᠴᠦ ᠲᠠᠨᠢᠬᠤ᠂ | ᠲᠠᠨᠢᠬᠤ ᠦᠭᠡᠢ ᠬᠦᠮᠦᠨ ᠢ ᠢᠯᠭᠠᠬᠤ ᠦᠭᠡᠢ ᠪᠦᠷ ᠪᠡᠯᠭᠡ ᠲᠡᠮᠪᠡᠷᠢᠯ ᠲᠠᠢ ᠦᠭᠡ ᠪᠡ ᠵᠤᠬᠢᠬᠤ ᠬᠦᠳᠡᠯᠦᠯ ᠪᠠᠷᠢᠯ ᠢ | ᠬᠠᠪᠰᠣᠷᠭᠠᠵᠦ ᠪᠡᠶ᠎ᠡ ᠪᠡᠶ᠎ᠡ ᠶᠢᠨ ᠢᠶᠠᠨ ᠠᠮᠦᠷ ᠮᠡᠨᠳᠦ ᠶᠢ ᠠᠰᠠᠭᠤᠨ ᠮᠡᠨᠳᠣᠴᠢᠯᠡᠳᠡᠭ᠃ ᠡᠭᠦᠨ ᠢ ᠠᠮᠦᠷ ᠠᠰᠠᠭᠤᠬᠤ᠂ ᠠᠮᠤᠷ | ᠠᠶᠢᠯᠠᠳᠬᠠᠬᠤ᠂ ᠠᠮᠤᠷ ᠡᠷᠢᠬᠦ᠂ ᠮᠡᠨᠳᠦ ᠮᠡᠳᠡᠬᠦ᠂ ᠮᠡᠨᠳᠦ ᠲᠡᠪᠰᠢᠭᠦᠯᠬᠦ ᠭᠡᠬᠦᠴᠢᠯᠡᠨ ᠠᠳᠠᠯᠢ ᠪᠤᠰᠣ ᠪᠠᠷ ᠨᠠᠷᠡᠯᠡᠵᠦ ᠪᠠᠶᠢᠳᠠᠭ᠃ | | ᠮᠡᠨᠳᠣᠯᠡᠬᠦ ᠶᠣᠰᠣᠨ ᠪᠤᠯ ᠮᠤᠩᠭᠤᠯᠴᠣᠳ ᠤᠨ ᠬᠠᠷᠢᠯᠴᠠᠨ ᠬᠠᠯᠠᠮᠵᠢᠯᠠᠬᠤ ᠬᠠᠷᠢᠯᠴᠠᠨ ᠬᠦᠨᠳᠣᠳᠬᠡᠬᠦ ᠰᠠᠶᠢᠬᠠᠨ | ᠰᠣᠷᠳᠠᠯ ᠪᠦᠭᠡᠳ ᠨᠦᠬᠦᠷᠰᠡᠭ ᠲᠣᠳᠣᠨᠣ ᠬᠠᠷᠢᠴᠠᠭᠠᠨ ᠤ ᠬᠢᠨᠢ ᠪᠤᠳᠠᠳᠣ ᠢᠯᠡᠷᠡᠯ ᠮᠦᠨ᠃ ᠡᠶᠢᠮᠤ ᠠᠴᠠ ᠮᠡᠨᠳᠣᠯᠡᠬᠦ ᠶᠣᠰᠣᠨ | ᠪᠤᠯ ᠮᠤᠩᠭᠤᠯᠴᠣᠳ ᠤᠨ ᠪᠤᠯᠪᠠᠰᠣᠨ ᠶᠣᠰᠣᠷᠬᠠᠭ ᠵᠠᠩ ᠰᠣᠷᠳᠠᠯ ᠤᠨ ᠬᠢᠨᠢ ᠴᠢᠬᠤᠯᠠ ᠠᠭᠤᠯᠭ᠎ᠠ ᠪᠤᠯᠬᠤ ᠶᠢᠨ ᠬᠠᠮᠳᠣ | ᠣᠶᠣᠨ ᠤ ᠰᠣᠶᠣᠯ ᠤᠨ ᠴᠢᠬᠤᠯᠠ ᠪᠦᠷᠢᠯᠳᠣᠭᠦᠨ ᠭᠡᠰᠡᠭ ᠨᠢ ᠪᠤᠯᠤᠨ᠎ᠠ᠃ ᠮᠡᠨᠳᠣᠯᠡᠬᠦ ᠳᠡᠭᠡᠨ ᠶᠠᠮᠡᠷ ᠪᠠᠶᠢᠳᠠᠯ ᠳᠤ ᠴᠦ | ᠦᠶ᠎ᠡ ᠪᠠᠷ ᠲᠣᠣᠷ᠎ᠠ ᠪᠤᠶᠤ ᠨᠠᠰᠣ ᠪᠠᠷ ᠲᠡᠭᠦᠦ ᠬᠦᠮᠦᠨ ᠣᠷᠢᠳᠠ ᠪᠠᠷ ᠮᠡᠨᠳᠦ ᠮᠡᠳᠡᠳᠡᠭ ᠪᠦᠭᠡᠳ ᠮᠡᠨᠳᠣᠯᠡᠵᠦ ᠪᠠᠶᠢᠭ᠎ᠠ | ᠬᠦᠮᠦᠨ ᠤ ᠪᠠᠨ ᠦᠬᠡᠳᠡ ᠠᠴᠠ ᠲᠦᠪᠯᠡᠭᠦᠨ ᠬᠠᠷᠠᠵᠦ ᠨᠠᠮᠵᠢᠭᠤᠨ ᠲᠠᠭᠤᠨ ᠢᠶᠠᠷ ᠮᠡᠨᠳᠦ ᠠᠰᠠᠭᠤᠳᠠᠭ᠃ ᠮᠡᠨᠳᠦ ᠮᠡᠳᠡᠬᠦ ᠳᠤ | ᠵᠠᠪᠠᠯ ᠪᠦᠳᠦᠨ ᠦᠭᠦᠯᠡᠪᠦᠷᠢ ᠪᠠᠷ ᠬᠡᠯᠡᠳᠡᠭ ᠪᠦᠭᠡᠳ ᠮᠡᠨᠳᠦ ᠠᠰᠠᠭᠤᠭᠰᠠᠨ ᠦᠶ᠎ᠡ ᠳᠤ ᠮᠡᠨᠳᠦ ᠬᠦᠯᠢᠶᠡᠭᠰᠡᠨ ᠬᠦᠮᠦᠨ | ᠡᠷᠬᠡᠪᠰᠢ ᠬᠠᠷᠢᠭᠤ ᠮᠡᠨᠳᠣᠴᠢᠯᠡᠵᠦ ᠮᠦᠨ ᠪᠦᠳᠦᠨ ᠦᠭᠦᠯᠡᠪᠦᠷᠢ ᠪᠠᠷ ᠬᠠᠷᠢᠭᠤᠯᠳᠠᠭ ᠶᠣᠰᠣ ᠲᠠᠢ᠃ ᠲᠤᠬᠠᠶᠢᠯᠠᠪᠠᠯ ︽ᠲᠠ | ᠠᠮᠤᠷᠬᠠᠨ ᠰᠠᠶᠢᠨ ᠪᠠᠶᠢᠨ᠎ᠠ ᠤᠤ︖︾ ᠭᠡᠬᠦ ᠮᠡᠳᠦ ᠪᠠᠷ ᠮᠡᠨᠳᠣᠯᠡᠬᠦ ᠳᠤ ᠬᠠᠷᠢᠭᠤ ᠳᠤᠨᠢ ︽ᠰᠠᠶᠢᠨ᠂ ᠰᠠᠶᠢᠨ᠂ ᠲᠠ ᠰᠠᠶᠢᠨ | ᠤᠤ︖︾᠂ ︽ᠰᠠᠶᠢᠨ᠂ ᠲᠠ ᠠᠮᠦᠷ ᠰᠠᠶᠢᠨ ᠪᠠᠶᠢᠨ᠎ᠠ ᠤᠤ︖︾ ᠭᠡᠳᠡᠭ᠃ ᠴᠦᠭᠡᠨ ᠬᠦᠮᠦᠨ ᠲᠠᠢ ᠪᠤᠯ ᠲᠣᠰ | ᠲᠣᠰ ᠲᠤᠨᠢ ᠮᠡᠨᠳᠣᠯᠡᠳᠡᠭ᠃ ᠨᠠᠶᠢᠷᠠᠯᠠᠵᠦ ᠬᠤᠷᠢᠮᠯᠠᠵᠦ ᠪᠠᠶᠢᠬᠤ ᠵᠡᠷᠭᠡ ᠣᠯᠠᠨ ᠬᠦᠮᠦᠨ ᠪᠠᠶᠢᠬᠤ ᠪᠠᠶᠢᠳᠠᠯ ᠳᠤ ᠪᠤᠯ ᠨᠡᠶᠢᠲᠡ | ᠲᠣᠮᠳᠠ ᠨᠢ ᠮᠡᠨᠳᠣᠯᠡᠳᠡᠭ᠃ ᠡᠳᠣᠷ ᠲᠤ ᠨᠢᠭᠡ ᠬᠦᠮᠦᠨ ᠲᠠᠢ ᠬᠡᠳᠣ ᠣᠳᠠᠭ᠎ᠠ ᠠᠭᠤᠯᠵᠠᠭᠰᠠᠨ ᠴᠦ ᠮᠡᠨᠳᠦ ᠮᠡᠳᠡᠬᠦ | ᠵᠠᠩᠰᠢᠯ ᠲᠠᠢ᠃ ᠨᠠᠶᠢᠳᠠ ᠶᠢᠨ ᠲᠠᠯᠠᠪᠠᠢ᠂ ᠬᠤᠷᠠᠯ ᠴᠤᠭᠯᠠᠭᠠᠨ ᠳᠤ ᠵᠠᠶᠢᠳᠠᠭᠤ ᠪᠠᠶᠢᠭ᠎ᠠ ᠲᠠᠨᠢᠬᠤ ᠬᠦᠮᠦᠨ ᠲᠠᠢ ᠪᠠᠨ | ᠲᠣᠯᠣᠭᠠᠢ ᠲᠣᠬᠢᠵᠦ ᠮᠡᠨᠳᠣᠯᠡᠳᠡᠭ᠃ ᠮᠡᠨᠳᠣᠯᠡᠬᠦ ᠳᠡᠭᠡᠨ ᠡᠩᠭᠡᠷ ᠵᠠᠭᠠᠮ᠎ᠠ ᠪᠠᠨ ᠰᠣᠯᠠ ᠲᠠᠯᠪᠢᠬᠤ᠂ ᠬᠠᠨᠴᠣᠢ ᠪᠠᠨ ᠰᠢᠮᠠᠯᠠᠬᠤ᠂ | ᠬᠤᠷᠮᠤᠢ ᠪᠠᠨ ᠰᠢᠭᠤᠬᠤ᠂ ᠲᠠᠮᠠᠬᠢ ᠵᠠᠭᠤᠬᠤ ᠵᠡᠷᠭᠡ ᠶᠢ ᠴᠡᠭᠡᠷᠯᠡᠵᠦ ᠲᠦᠪ ᠬᠢᠴᠢᠶᠡᠩᠭᠦᠢ ᠪᠠᠶᠢᠬᠤ ᠶᠢ ᠬᠢᠴᠢᠶᠡᠳᠡᠭ᠃ | ᠣᠨᠤᠭ᠎ᠠ ᠬᠦᠰᠭᠡ ᠲᠠᠢ ᠶᠠᠪᠤᠵᠦ ᠪᠠᠶᠢᠭᠠᠳ ᠮᠡᠨᠳᠣᠯᠡᠬᠦ ᠳᠡᠭᠡᠨ ᠠᠬᠠᠮᠠᠳ ᠨᠠᠰᠣᠲᠠᠨ ᠲᠠᠢ ᠠᠭᠤᠯᠵᠠᠪᠠᠯ ᠲᠡᠭᠦᠮᠡᠳ ᠨᠢ | ᠣᠨᠤᠭ᠎ᠠ ᠬᠦᠰᠭᠡ ᠠᠴᠠ ᠪᠠᠨ ᠪᠠᠭᠤᠵᠦ ᠲᠡᠪᠡᠯ ᠮᠠᠯᠠᠭᠠᠢ ᠪᠠᠨ ᠲᠡᠭᠰᠢᠯᠡᠨ ᠣᠷᠢᠳᠠ ᠪᠠᠷ ᠮᠡᠨᠳᠦ ᠠᠰᠠᠭᠤᠳᠠᠭ᠃ ᠠᠬᠠᠮᠠᠳ ᠨᠢ | ᠣᠨᠣᠭᠠᠨ ᠠᠴᠠ ᠪᠠᠨ ᠪᠠᠭᠤᠬᠤ ᠦᠭᠡᠢ ᠪᠠᠷ ᠵᠢᠯᠤᠭᠤ ᠪᠠᠨ ᠬᠤᠷᠢᠶᠠᠰᠬᠢᠵᠦ᠂ ᠵᠦᠪ ᠲᠠᠯ᠎ᠠ ᠶᠢᠨ ᠲᠦᠷᠦᠭᠡ ᠪᠠᠨ ᠮᠤᠯᠳᠣᠯᠣᠨ | ᠬᠠᠷᠢᠭᠤ ᠮᠡᠨᠳᠣᠯᠡᠳᠡᠭ᠃ ᠨᠠᠰᠣ ᠬᠤᠷᠠᠭ᠂ ᠲᠠᠨᠢᠯ ᠲᠠᠰᠣᠯ ᠬᠦᠮᠦᠨ ᠪᠤᠯ ᠣᠨᠣᠭᠠᠨ ᠲᠡᠭᠡᠷ᠎ᠡ ᠪᠠᠨ ᠪᠡᠶ᠎ᠡ ᠮᠡᠬᠦ᠋ᠢᠰᠭᠢᠨ᠂ ᠵᠦᠪ | ᠲᠠᠯ᠎ᠠ ᠶᠢᠨ ᠲᠦᠷᠦᠭᠡ ᠪᠠᠨ ᠮᠤᠯᠳᠣᠯᠣᠨ ᠮᠡᠨᠳᠣᠴᠢᠯᠡᠳᠡᠭ᠃ ᠭᠡᠣᠬᠡᠳ ᠪᠠᠭᠠᠴᠣᠳ᠂ ᠠᠬᠠᠰ ᠵᠠᠬᠠᠰ ᠬᠦᠮᠦᠨ ᠲᠠᠢ | ᠮᠡᠨᠳᠣᠯᠡᠬᠦ ᠳᠡᠭᠡᠨ ︽ᠠᠪᠤ ᠶᠢᠨ ᠲᠡᠩᠬᠡᠬᠡ ᠰᠠᠶᠢᠨ ᠤᠤ︖︾᠂ ︽ᠡᠵᠢ ᠠᠮᠤᠷᠬᠠᠨ ᠰᠠᠶᠢᠨ ᠪᠠᠶᠢᠨ᠎ᠠ ᠤᠤ︖︾᠂ ︽ | ᠠᠬ᠎ᠠ ᠶᠢᠨ ᠪᠡᠶ᠎ᠡ ᠰᠠᠶᠢᠨ ᠤᠤ︖︾᠂ ︽ᠡᠭᠡᠴᠢ ᠰᠠᠶᠢᠨ ᠰᠠᠭᠤᠵᠦ ᠪᠠᠶᠢᠨ᠎ᠠ ᠤᠤ︖︾ ᠭᠡᠬᠦ ᠮᠡᠳᠦ ᠪᠠᠷ ᠮᠡᠨᠳᠦ | ᠲᠡᠪᠰᠢᠭᠦᠯᠳᠡᠭ᠃ ᠠᠶᠢᠯ ᠳᠤ ᠣᠴᠢᠭᠰᠠᠨ ᠵᠤᠴᠢᠨ ᠨᠢ ᠲᠡᠷᠡ ᠠᠶᠢᠯ ᠤᠨ ᠡᠵᠡᠨ ᠠᠴᠠ ᠨᠠᠰᠦ ᠪᠠᠷ ᠠᠬ᠎ᠠ ᠪᠤᠶᠦ ᠦᠶ᠎ᠡ ᠪᠠᠷ | ᠲᠡᠭᠡᠷ᠎ᠡ ᠪᠤᠯ ᠭᠡᠷ ᠤᠨ ᠡᠵᠡᠨ ᠣᠷᠢᠳᠠ ᠪᠠᠷ ᠮᠡᠨᠳᠦ ᠠᠰᠠᠭᠤᠳᠠᠭ᠃ ᠵᠤᠴᠢᠨ ᠣᠭᠳᠣᠭᠰᠠᠳ ᠲᠠᠢ ᠮᠡᠨᠳᠣᠯᠡᠬᠦ᠂ ᠠᠶᠢᠯ | ᠬᠤᠳᠠ᠂ ᠵᠠᠮ ᠵᠠᠭᠤᠷ᠎ᠠ ᠣᠯᠠᠨ ᠬᠦᠮᠦᠨ ᠲᠠᠢ ᠠᠭᠤᠯᠵᠠᠭᠠᠳ ᠮᠡᠨᠳᠦᠯᠡᠬᠦ ᠪᠡ ᠭᠡᠷ ᠲᠤ ᠤᠷᠣᠭᠠᠳ ᠮᠡᠨᠳᠣᠯᠡᠬᠦ ᠳᠡᠭᠡᠨ | ᠡᠷᠬᠡᠪᠰᠢ ᠠᠬᠠᠮᠠᠳ ᠨᠠᠰᠣᠳᠠᠨ ᠠᠴᠠ ᠨᠢ ᠡᠬᠢᠯᠡᠵᠦ ᠦᠶ᠎ᠡ ᠨᠠᠰᠣ ᠪᠠᠷ ᠨᠢ ᠢᠯᠭᠠᠨ ᠲᠠᠰ ᠲᠠᠷᠠᠭᠠᠯᠠᠨ ᠮᠡᠨᠳᠣᠯᠡᠳᠡᠭ | ᠵᠠᠩᠰᠢᠯ ᠲᠠᠢ᠃ | ᠮᠡᠨᠳᠣᠯᠡᠬᠦ ᠶᠣᠰᠣᠨ ᠳᠤ ᠲᠡᠭᠡᠷ᠎ᠡ ᠲᠣᠷᠠᠳᠣᠭᠰᠠᠨ ᠮᠡᠳᠦ ᠲᠣᠭᠳᠠᠭᠰᠠᠨ ᠲᠦᠷᠢᠮ ᠭᠤᠷᠢᠮ ᠪᠠᠶᠢᠳᠠᠭ ᠪᠦᠭᠡᠳ | ᠠᠳᠠᠯᠢ ᠪᠤᠰᠣ ᠪᠠᠶᠢᠳᠠᠯ ᠳᠤ ᠦᠪᠡᠷᠮᠢᠴᠡ ᠬᠡᠯᠪᠡᠷᠢ ᠪᠠ ᠠᠭᠤᠯᠭ᠎ᠠ ᠲᠠᠢ ᠪᠠᠷ ᠮᠡᠨᠳᠣᠴᠢᠯᠡᠳᠡᠭ᠃ ᠨᠡᠶᠢᠲᠡ ᠮᠤᠩᠭᠤᠯ ᠤᠨ | ᠮᠡᠨᠳᠣᠯᠡᠬᠦ ᠶᠣᠰᠣᠨ ᠳᠤ ᠬᠡᠯᠪᠡᠷᠢ ᠶᠢ ᠶᠡᠭᠡ ᠲᠦᠯᠦᠪ ᠲᠤᠨᠢ ᠶᠡᠷᠢᠶᠠᠳᠣ ᠮᠡᠨᠳᠣᠴᠢᠯᠡᠯ ᠪᠡ ᠬᠦᠳᠡᠯᠭᠡᠭᠡᠨᠳᠣ ᠮᠡᠨᠳᠣᠴᠢᠯᠡᠯ ᠭᠡᠵᠦ | ᠠᠩᠭᠢᠯᠠᠵᠦ ᠪᠤᠯᠬᠤ ᠪᠦᠭᠡᠳ ᠲᠠᠳᠡᠭᠡᠷ ᠨᠢ ᠰᠦᠬᠦᠷᠡᠵᠦ ᠮᠡᠨᠳᠣᠯᠡᠬᠦ᠂ ᠬᠦᠬᠦᠷ ᠰᠣᠯᠢᠯᠴᠠᠵᠦ ᠮᠡᠨᠳᠣᠯᠡᠬᠦ᠂ ᠶᠣᠰᠣᠯᠠᠵᠦ | ᠮᠡᠨᠳᠣᠯᠡᠬᠦ᠂ ᠮᠦᠷᠭᠦᠵᠦ ᠮᠡᠨᠳᠣᠯᠡᠬᠦ᠂ ᠬᠠᠳᠠᠭ ᠢᠶᠠᠷ ᠮᠡᠨᠳᠣᠯᠡᠬᠦ᠂ ᠭᠠᠷ ᠠᠳᠬᠤᠵᠦ ᠮᠡᠨᠳᠣᠯᠡᠬᠦ ᠭᠡᠬᠦ ᠮᠡᠳᠦ ᠦᠪᠡᠷᠮᠢᠴᠡ | ᠤᠠᠴᠠᠯᠢᠭ ᠪᠦᠬᠦᠢ ᠠᠳᠠᠯᠢ ᠪᠤᠰᠣ ᠬᠡᠯᠪᠡᠷᠢ ᠮᠠᠶ᠋ᠢᠭ ᠢᠶᠠᠷ ᠬᠦᠭᠵᠢᠵᠦ ᠬᠤᠪᠢᠷᠠᠭᠰᠠᠨ ᠲᠡᠣᠬᠡᠨ ᠶᠠᠪᠤᠴᠠ ᠲᠠᠢ ᠪᠠᠶᠢᠳᠠᠭ᠃ | ᠮᠡᠨᠳᠣᠯᠡᠬᠦ ᠶᠣᠰᠣᠨ ᠤ ᠠᠭᠤᠯᠭ᠎ᠠ ᠨᠢ ᠮᠡᠨᠳᠣᠯᠡᠯᠴᠡᠬᠦ ᠡᠳᠡᠬᠡᠳ ᠤᠨ ᠣᠷᠴᠢᠨ ᠲᠣᠭᠤᠷᠢᠨ᠂ ᠲᠣᠬᠠᠢ ᠶᠢᠨ ᠪᠠᠶᠢᠳᠠᠯ ᠳᠠᠭᠠᠨ | ᠴᠢᠭᠯᠡᠭᠳᠡᠭᠰᠡᠨ ᠦᠪᠡᠷᠮᠢᠴᠡ ᠤᠠᠴᠠᠯᠢᠭ ᠠᠴᠠ ᠪᠠᠨ ᠪᠤᠯᠵᠦ ᠡᠳᠣᠷ ᠲᠣᠳᠣᠮ ᠤᠨ ᠮᠡᠨᠳᠦ᠂ ᠬᠤᠨᠤᠭ ᠤᠨ ᠮᠡᠨᠳᠦ᠂ | ᠦᠳᠡᠰᠢ ᠶᠢᠨ ᠮᠡᠨᠳᠦ᠂ ᠣᠯᠠᠷᠢᠯ ᠤᠨ ᠮᠡᠨᠳᠦ᠂ ᠠᠵᠢᠯ ᠤᠨ ᠮᠡᠨᠳᠦ ᠭᠡᠬᠦ ᠮᠡᠳᠦ ᠪᠠᠷ ᠢᠯᠭᠠᠭᠳᠠᠳᠠᠭ ᠪᠠᠶᠢᠨ᠎ᠠ᠃ | ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠡ ᠠᠴᠠ ᠰᠡᠶᠢᠷᠠᠭᠦᠯᠪᠡ |