| ● ᠨᠠ᠊ · ᠵᠢᠷᠭᠠᠯ | ᠮᠣᠩᠭᠤᠯᠴᠣᠳ ᠮᠠᠨᠢ ᠦᠨᠢ ᠣᠳᠠᠭᠠᠨ ᠳᠡᠣᠬᠡᠨ ᠠᠶᠠᠨ ᠳᠤ ᠡᠯᠪᠡᠭ ᠪᠠᠶᠠᠯᠢᠭ ᠠᠭᠤᠯᠭ᠎ᠠ ᠪᠦᠬᠦᠢ ᠰᠣᠶᠣᠯ | ᠤᠨ ᠦᠪ ᠢ ᠡᠬᠦᠳᠦᠨ ᠪᠦᠲᠦᠭᠡᠭᠰᠡᠨ ᠢ ᠶᠢᠷᠳᠢᠨᠴᠦ ᠪᠠᠷ ᠢᠶᠠᠨ ᠮᠠᠳᠠᠷᠡᠵᠦ ᠪᠠᠶᠢᠳᠠᠭ᠃ ᠮᠣᠩᠭᠤᠯᠴᠣᠳ ᠴᠦ ᠪᠣᠰᠣᠳ | ᠦᠨᠳᠦᠰᠦᠳᠡᠨ ᠲᠠᠢ ᠠᠳᠠᠯᠢ ᠪᠠᠷ ᠦᠪᠡᠷ ᠤᠨ ᠬᠢᠨ ᠦᠪᠡᠷᠮᠢᠴᠡ ᠣᠨᠴᠠᠯᠢᠭ ᠪᠦᠬᠦᠢ ᠪᠠᠶᠠᠷ ᠳᠣᠷᠠᠰᠬᠠᠯ ᠤᠨ ᠡᠳᠦᠷ | ᠪᠣᠢ᠃ ᠣᠯᠠᠨ ᠵᠠᠭᠤᠨ ᠵᠢᠯ ᠤᠨ ᠳᠣᠷᠰᠢᠳᠠ ᠣᠯᠠᠮᠵᠢᠯᠠᠯᠳᠦ ᠵᠠᠩ ᠵᠠᠩᠰᠢᠯ ᠢᠶᠠᠨ ᠪᠠᠷᠢᠮᠳᠠᠯᠠᠵᠦ ᠢᠷᠡᠭᠰᠡᠨ ᠪᠦᠭᠡᠳ | ᠦᠶ᠎ᠡ ᠵᠠᠯᠭᠠᠨ ᠣᠯᠠᠮᠵᠢᠯᠠᠵᠦ ᠢᠷᠡᠵᠡᠢ᠃ ᠣᠯᠣᠰ ᠤᠨ ᠬᠠᠣᠯᠢ ᠳᠦᠷᠢᠮ ᠳᠤ ᠴᠦ ︽ᠦᠨᠳᠦᠰᠦᠳᠡᠨ ᠤ ᠭᠠᠵᠠᠷ | ᠣᠷᠣᠨ ᠨᠢ ᠦᠪᠡᠷ ᠤᠨ ᠣᠨᠴᠠᠯᠢᠭ ᠢᠶᠠᠨ ᠦᠨᠳᠦᠰᠦᠯᠡᠨ ᠦᠪᠡᠷ ᠤᠨ ᠪᠠᠶᠠᠷ ᠳᠣᠷᠠᠰᠬᠠᠯ ᠤᠨ ᠡᠳᠦᠷ ᠢᠶᠠᠨ | ᠳᠣᠭᠳᠠᠭᠠᠵᠦ ᠪᠣᠯᠣᠨ᠎ᠠ︾ ᠭᠡᠵᠤ ᠲᠤᠳᠣᠷᠬᠠᠢ ᠲᠤᠷᠠᠳᠴᠠᠢ᠃ ᠠᠳᠡ ᠮᠤᠩᠭᠤᠯᠴᠣᠳ ᠤᠨ ᠪᠠᠶᠢᠩᠭᠤ ᠡᠷᠬᠢᠮᠯᠡᠳᠡᠭ | ᠦᠪᠡᠷᠮᠢᠴᠡ ᠪᠠᠶᠠᠷ ᠳᠣᠷᠠᠰᠬᠠᠯ ᠤᠨ ᠡᠳᠦᠷ ᠢ ᠡᠮᠬᠢᠯᠡᠨ ᠳᠢᠭᠯᠡᠭᠰᠡᠨ ᠢᠶᠠᠨ ᠶᠠᠷᠢᠶ᠎ᠠ᠄ | ᠴᠠᠭᠠᠨ ᠰᠠᠷ᠎ᠠ ᠶᠢᠨ ᠠᠷᠪᠠᠨ ᠵᠢᠷᠭᠤᠭᠠᠨ | ᠴᠠᠭᠠᠨ ᠰᠠᠷ᠎ᠠ ᠶᠢᠨ ᠠᠷᠪᠠᠨ ᠵᠢᠷᠭᠤᠭᠠᠨ ᠪᠣᠯ ᠮᠣᠩᠭᠤᠯᠴᠣᠳ ᠤᠨ ᠦᠪᠡᠷᠮᠢᠴᠡ ᠨᠢᠭᠡᠨ ᠡᠳᠦᠷ ᠪᠣᠯᠣᠨ᠎ᠠ᠃ | ᠴᠠᠭᠠᠨ ᠰᠠᠷ᠎ᠠ ᠶᠢᠨ ᠵᠣᠯᠭᠠᠯᠳᠠ ᠪᠠᠷ ᠳᠣᠭᠤᠷᠢᠭᠰᠠᠳ ᠡᠨᠡ ᠡᠳᠦᠷ ᠪᠣᠯᠪᠠᠯ ᠪᠠᠷᠤᠭ ᠬᠡᠪ ᠤᠨ ᠪᠠᠶᠢᠳᠠᠯ ᠳᠤ | ᠪᠠᠨ ᠣᠷᠣᠬᠤ ᠶᠤᠮ᠃ ᠣᠴᠢᠷ ᠨᠢ ᠠᠶᠢᠯ ᠬᠡᠷ ᠢᠶᠠᠷ ᠢᠶᠠᠨ ᠪᠦᠷᠢᠳᠴᠦ ᠪᠠᠶᠠᠷ ᠨᠠᠶᠢᠷ ᠤᠨ ᠵᠣᠴᠢᠯᠠᠭ᠎ᠠ ᠪᠠᠵᠠᠭᠠᠵᠦ᠂ | ᠨᠠᠰᠣᠳᠠᠨ ᠪᠣᠭᠤᠷᠣᠯᠴᠣᠣᠯ᠂ ᠬᠡᠣᠬᠡᠳ ᠨᠢᠯᠬᠠᠰ ᠲᠠᠢ ᠪᠠᠨ ᠬᠠᠮᠳᠣᠪᠡᠷ ᠵᠢᠯ ᠤᠨ ᠪᠣᠳᠠᠭ᠎ᠠ ᠪᠠᠨ ᠢᠳᠡᠵᠦ ᠪᠠᠶᠠᠷᠯᠠᠨ | ᠨᠠᠷᠬᠢᠨᠠ᠃ ᠡᠨᠡ ᠬᠦ ᠪᠠᠶᠠᠷ ᠤᠨ ᠳᠠᠶᠢᠯᠠᠯᠭ᠎ᠠ ᠪᠠᠨ ᠦᠨᠳᠦᠷᠯᠡᠬᠦᠯᠪᠡᠯ ᠪᠣᠷᠬᠠᠨ ᠢᠶᠠᠨ ᠠᠭᠤᠶᠢᠯᠠᠵᠦ ᠳᠠᠯᠪᠢᠨ᠎ᠠ᠃ ᠡᠨᠡ | ᠨᠢ ᠳᠠᠷᠣᠢ ᠰᠢᠨᠡᠯᠡᠬᠦ ᠠᠴᠠ ᠡᠮᠦᠨ᠎ᠡ ᠬᠦᠩᠭᠠᠷᠪᠠ ᠠᠴᠠ ᠪᠠᠨ ᠭᠠᠷᠭᠠᠨ ᠢᠯᠡ ᠳᠠᠯᠪᠢᠵᠦ ᠬᠦᠵᠢ ᠵᠣᠯᠠ ᠠᠰᠠᠭᠠᠨ | ᠳᠠᠬᠢᠭᠰᠠᠨ ᠪᠣᠷᠬᠠᠨ ᠢᠶᠠᠨ ᠣᠣᠯ ᠬᠡᠪ ᠢᠶᠠᠷ ᠨᠢ ᠣᠷᠣᠨ ᠪᠠᠶᠢᠷᠢ ᠳᠤ ᠨᠢ ᠣᠷᠣᠭᠤᠯᠵᠦ ᠳᠠᠯᠪᠢᠬᠤ ᠶᠢ ᠬᠡᠯᠡᠵᠦ | ᠪᠣᠢ᠃ ᠪᠣᠷᠬᠠᠨ ᠢᠶᠠᠨ ᠠᠭᠤᠶᠢᠯᠠᠪᠠᠯ ᠳᠠᠶᠠᠭᠠᠷ ᠢᠶᠠᠨ ᠠᠯᠢᠪᠠ ᠰᠠᠶᠢᠨ ᠰᠠᠶᠢᠬᠠᠨ ᠢ ᠬᠦᠰᠡᠨ ᠳᠠᠭᠠᠳᠬᠠᠵᠦ ᠬᠤᠪᠢ | ᠬᠤᠪᠢᠨ ᠤ ᠠᠵᠢᠯ ᠠᠯᠪᠠ ᠳᠤ ᠪᠠᠨ ᠶᠠᠭᠠᠷᠠᠵᠦ ᠡᠬᠢᠯᠡᠳᠡᠭ᠃ ᠮᠣᠩᠭᠤᠯ ᠬᠦᠮᠦᠨ ᠬᠠᠮᠢᠭ᠎ᠠ ᠶᠠᠪᠣᠭᠰᠠᠨ ᠴᠦ ᠬᠠᠮᠢᠶ᠎ᠠ | ᠦᠬᠡᠢ᠂ ᠴᠠᠭᠠᠨ ᠰᠠᠷ᠎ᠠ ᠶᠢᠨ ᠠᠷᠪᠠᠨ ᠵᠢᠷᠭᠤᠭᠠᠨ ᠢ ᠶᠡᠷᠦ ᠮᠠᠷᠳᠠᠬᠤ ᠦᠬᠡᠢ᠂ ᠣᠯᠠᠮᠵᠢᠯᠠᠯᠳᠦ ᠵᠣᠷᠰᠢᠯ ᠢᠶᠠᠷ | ᠢᠶᠠᠨ ᠦᠩᠭᠡᠷᠡᠬᠦᠯᠳᠡᠭ᠃ ᠡᠨᠡ ᠡᠳᠦᠷ ᠬᠤᠯᠠ ᠣᠶᠢᠷ᠎ᠠ ᠶᠢᠨ ᠮᠠᠯᠴᠢᠳ ᠵᠦᠭ ᠪᠦᠬᠦᠨ ᠠᠴᠠ ᠳᠣᠭᠳᠠᠭᠰᠠᠨ | ᠭᠠᠵᠠᠷ ᠲᠤ ᠪᠠᠨ ᠴᠣᠭᠯᠠᠷᠠᠨ ᠢᠷᠡᠵᠦ ᠶᠡᠭᠡ ᠬᠡᠪᠴᠢᠶᠡᠨ ᠤ ᠠᠪᠠ ᠳᠠᠯᠪᠢᠳᠠᠭ᠃ ᠠᠪᠠ ᠳᠤ ᠢᠷᠡᠭᠰᠡᠨ ᠪᠦᠬᠦᠨ | ᠠᠬᠠᠮᠠᠳ ᠨᠠᠰᠣᠳᠠᠨ ᠲᠠᠢ ᠪᠠᠨ ᠵᠣᠯᠭᠠᠨ ᠦᠶ᠎ᠡ ᠬᠤᠷᠠᠭ ᠤᠨ ᠬᠢᠨ ᠠᠭᠤᠯᠵᠠᠨ ᠣᠴᠠᠷᠠᠵᠦ ᠵᠢᠯ ᠤᠨ ᠡᠬᠢᠨ ᠤ | ᠬᠡᠢ ᠮᠤᠷᠢ ᠰᠦᠯᠳᠡ ᠶᠢ ᠵᠦᠩᠨᠡᠨ ᠪᠡᠯᠭᠡᠳᠡᠳᠡᠭ᠃ ᠠᠪᠠ ᠳᠤ ᠢᠷᠡᠭᠰᠡᠳ ᠶᠡᠷᠦ ᠨᠢ ᠣᠯᠵᠠ ᠠᠰᠢᠭ ᠢ ᠪᠣᠳᠣᠳᠠᠭ | ᠦᠬᠡᠢ᠂ ᠬᠦᠳᠡᠭᠡ ᠬᠡᠬᠡᠷ᠎ᠡ ᠬᠦᠯᠦᠭ ᠣᠨᠤᠭ᠎ᠠ ᠳᠣᠪᠳᠣᠯᠣᠨ ᠪᠠᠬ᠎ᠠ ᠪᠠᠨ ᠳᠠᠶᠢᠯᠣᠨ ᠪᠠᠶᠠᠷᠯᠠᠨ ᠨᠠᠷᠬᠢᠬᠤ ᠶᠢ ᠳᠡᠬᠡᠵᠢᠯᠡᠨ | ᠡᠷᠬᠢᠮᠯᠡᠳᠡᠭ᠃ | — ᠵᠠ᠂ ᠬᠡᠣᠬᠡᠳ ᠮᠢᠨᠢ ᠬᠦᠯᠦᠭ ᠤᠨ ᠢᠶᠠᠨ ᠴᠢᠳᠠᠯ ᠢᠶᠠᠨ ᠰᠢᠯᠭᠠᠵᠦ ᠦᠵᠡ᠂ ᠡᠪᠦᠯ ᠤᠨ | ᠬᠦᠢᠳᠡᠨ ᠢ ᠦᠩᠭᠡᠷᠡᠬᠦᠯᠦᠭᠰᠡᠨ ᠰᠢᠦ ᠭᠡᠵᠤ ᠨᠠᠰᠣᠳᠠᠨ ᠨᠠᠷ ᠰᠣᠷᠭᠠᠯ ᠬᠠᠶᠢᠷᠠᠯᠠᠨ᠎ᠠ᠃ | — ᠳᠠᠣᠯᠠᠢ ᠵᠡᠬᠡᠷ᠎ᠡ ᠪᠠᠨ ᠠᠩᠨᠠᠵᠦ ᠦᠵᠡ᠂ ᠪᠠᠶᠢᠭᠠᠯᠢ ᠣᠷᠴᠢᠨ ᠳᠤ ᠪᠠᠨ ᠵᠣᠬᠢᠴᠠᠭᠤᠯᠬᠤ ᠶᠤᠮ︕ | ᠭᠡᠵᠤ ᠬᠡᠨ ᠠᠯᠢᠨ ᠳᠤ ᠪᠠᠨ ᠰᠣᠷᠭᠠᠨ ᠶᠠᠷᠢᠵᠦ ᠬᠠᠮᠳᠣᠪᠡᠷ ᠨᠠᠷᠬᠢᠨᠠ᠃ | ᠴᠠᠭᠠᠨ ᠰᠠᠷ᠎ᠠ ᠶᠢᠨ ᠡᠬᠢᠨ ᠳᠤ ᠴᠠᠭᠯᠠᠰᠢ ᠦᠬᠡᠢ ᠪᠠᠶᠠᠰᠣᠨ ᠬᠦᠦᠷᠨᠢᠯᠳᠦᠬᠦ ᠠᠩᠬᠠᠨ ᠤ ᠪᠠᠶᠠᠷ ᠤᠨ | ᠡᠳᠦᠷ ᠢᠩᠬᠢᠵᠦ ᠡᠬᠢᠯᠡᠨ ᠣᠨ ᠤ ᠡᠷᠦᠬᠡ ᠪᠠᠨ ᠰᠡᠬᠦᠳᠡᠭ ᠪᠢᠯᠡ᠃ | ᠪᠢᠯᠢᠭ ᠤᠨ ᠳᠦᠷᠪᠡᠨ ᠰᠠᠷ᠎ᠠ ᠶᠢᠨ ᠰᠢᠨ᠎ᠡ ᠶᠢᠨ ᠳᠠᠪᠣᠨ | ᠪᠢᠯᠢᠭ ᠤᠨ ᠳᠦᠷᠪᠡᠨ ᠰᠠᠷ᠎ᠠ ᠶᠢᠨ ᠰᠢᠨ᠎ᠡ ᠶᠢᠨ ᠳᠠᠪᠣᠨ ᠪᠣᠯ ᠪᠠᠰᠠ ᠨᠢᠬᠡᠨ ᠪᠠᠶᠠᠷ ᠨᠠᠶᠢᠷ ᠤᠨ ᠡᠳᠦᠷ | ᠪᠣᠯᠣᠨ᠎ᠠ᠃ ᠡᠨᠡ ᠦᠶ᠎ᠡ ᠪᠣᠯᠪᠠᠯ ᠳᠦᠯ ᠮᠠᠯ ᠪᠣᠶᠢᠵᠢᠵᠦ᠂ ᠮᠠᠯ ᠰᠦᠷᠦᠭ ᠤᠨ ᠬᠦᠴᠦ ᠳᠠᠮᠢᠷ ᠴᠢᠩᠭᠠᠷᠠᠨ ᠮᠠᠯᠴᠢᠨ | ᠬᠦᠮᠦᠨ ᠤ ᠵᠦᠳᠡᠷᠡᠯ ᠶᠠᠳᠠᠷᠠᠯ ᠳᠠᠶᠢᠯᠣᠭᠳᠠᠨ ᠵᠢᠯ ᠤᠨ ᠦᠩᠭᠡ ᠪᠠᠨ ᠪᠠᠶᠠᠷᠳᠠᠢ ᠣᠭᠳᠣᠭᠰᠠᠨ ᠴᠠᠭ ᠪᠢᠯᠡ᠃ | ᠡᠨᠡ ᠡᠳᠦᠷ ᠠᠷᠣ ᠬᠤᠷᠴᠢᠨ ᠤ ᠮᠣᠩᠭᠤᠯᠴᠣᠳ ᠣᠯᠠᠮᠵᠢᠯᠠᠯ ᠰᠣᠶᠣᠯ ᠤᠨ ᠢᠶᠠᠨ ᠶᠣᠰᠣ ᠪᠠᠷ ᠠᠭᠳᠠ ᠬᠦᠯᠦᠭ | ᠤᠨ ᠢᠶᠠᠨ ᠴᠢᠳᠠᠯ ᠢ ᠰᠢᠯᠭᠠᠨ ᠬᠦᠯᠦᠰᠦ ᠶᠢ ᠨᠢ ᠰᠢᠪᠬᠠᠬᠤ ᠴᠣᠭᠯᠠᠭᠠᠨ ᠪᠣᠯᠳᠠᠭ᠃ ᠬᠦᠮᠦᠰ ᠬᠡᠳᠦᠢ ᠶᠠᠭᠠᠷᠠᠣ ᠴᠦ | ᠬᠠᠮᠢᠶ᠎ᠠ ᠦᠬᠡᠢ᠂ ᠬᠡᠨ ᠢᠶᠠᠷ ᠴᠦ ᠬᠡᠯᠡᠬᠦᠯᠦᠯ ᠦᠬᠡᠢ ᠪᠠᠷ ᠨᠣᠳᠤᠭ ᠭᠤᠣᠯ ᠤᠨ ᠬᠢᠨ ᠲᠠᠢ ᠴᠤᠭ ᠢᠶᠠᠷ | ᠣᠯᠠᠮᠵᠢᠯᠠᠯᠳᠦ ᠠᠭᠤᠯᠠ ᠵᠣ ᠳᠤ ᠪᠠᠨ ᠴᠣᠭᠯᠠᠷᠠᠨ ᠬᠦᠯᠦᠭ ᠣᠨᠤᠭ᠎ᠠ ᠪᠠᠨ ᠣᠷᠣᠯᠳᠣᠨ ᠬᠦᠯᠦᠰᠦᠯᠡᠬᠦ ᠪᠠᠷ | ᠪᠠᠶᠠᠷ ᠬᠦᠷ ᠲᠠᠢ ᠨᠢᠬᠡ ᠡᠳᠦᠷ ᠨᠠᠷᠬᠢᠳᠠᠭ᠃ ᠨᠠᠰᠣᠳᠠᠳ ᠤᠨ ᠬᠡᠯᠡᠬᠦ ᠪᠠᠷ ᠡᠶᠢᠮᠦᠷᠬᠦᠦ ᠪᠠᠶᠠᠷ ᠤᠨ ᠡᠳᠦᠷ ᠨᠢ ᠪᠠᠷᠤᠭ | ᠮᠣᠩᠭᠤᠯ ᠣᠷᠣᠨ ᠪᠦᠬᠦᠨ ᠳᠤ ᠪᠠᠷᠢᠮᠳᠠᠯᠠᠵᠦ ᠣᠯᠠᠮᠵᠢᠯᠠᠭᠰᠠᠨ ᠶᠤᠮ ᠬᠡᠳᠡᠭ᠃ ᠣᠷᠴᠢᠮ ᠤᠨ ᠵᠢᠯ ᠳᠤ ᠡᠨᠡ ᠬᠦ | ᠪᠠᠶᠠᠷ ᠤᠨ ᠡᠳᠦᠷ ᠨᠢ ᠮᠠᠷᠳᠠᠭᠳᠠᠨ ᠣᠷᠬᠢᠭᠳᠠᠵᠦ᠂ ᠵᠠᠯᠠᠭᠤ ᠪᠠᠭᠠᠴᠣᠣᠯ ᠤᠨ ᠣᠯᠠᠩᠬᠢ ᠨᠢ ᠮᠡᠳᠡᠬᠦ ᠦᠬᠡᠢ ᠪᠣᠯᠵᠦ | ᠵᠠᠷᠢᠮ ᠨᠢ ᠭᠠᠶᠢᠬᠠᠰᠢᠷᠠᠨ ᠰᠣᠨᠢᠭᠤᠴᠢᠯᠠᠳᠠᠭ᠃ ᠡᠪᠦᠬᠡᠳ ᠪᠣᠭᠤᠷᠣᠯᠴᠣᠣᠯ ᠨᠠᠷ ᠡᠨᠡ ᠬᠦ ᠪᠠᠶᠠᠷ ᠨᠠᠶᠢᠷ ᠤᠨ | ᠡᠳᠦᠷ ᠢᠶᠠᠨ ᠴᠡᠬᠡᠵᠢᠯᠡᠨ ᠪᠠᠷᠢᠮᠳᠠᠯᠠᠵᠦ ᠵᠢᠯ ᠪᠦᠷᠢ ᠬᠡᠳᠦᠬᠦᠯᠡ ᠪᠠᠨ ᠴᠣᠭᠯᠠᠷᠠᠨ ᠬᠦᠯᠦᠭ ᠣᠨᠤᠭ᠎ᠠ | ᠣᠷᠣᠯᠳᠣᠨ ᠬᠦᠯᠦᠰᠦᠯᠡᠬᠦ ᠦᠬᠡᠢ ᠴᠦ ᠣᠷᠢᠳᠦ ᠶᠢᠨ ᠳᠣᠮᠤᠭ ᠢ ᠡᠷᠬᠢᠴᠡᠬᠦᠯᠦᠨ ᠤᠵᠠᠭᠤᠷ ᠰᠣᠶᠣᠯ ᠢᠶᠠᠨ ᠪᠠᠭ᠋ᠠᠳᠣᠨ | ᠬᠦᠦᠷᠨᠢᠯᠳᠦᠳᠡᠭ᠃ ᠶᠠᠭ ᠡᠶᠢᠮᠦ ᠠᠴᠠ ᠵᠠᠷᠢᠮ ᠨᠢ᠄ | ᠬᠦᠯᠦᠭ ᠮᠣᠷᠢ ᠪᠠᠨ ᠡᠮᠡᠬᠡᠯᠯᠡᠵᠦ | ᠬᠤᠯᠪᠣᠭ᠎ᠠ ᠵᠣ ᠳᠤ ᠪᠠᠨ ᠬᠦᠷᠦᠶ᠎ᠡ | ᠬᠤᠷᠳᠣᠨ ᠬᠦᠯᠦᠭ ᠢᠶᠠᠨ ᠰᠢᠯᠭᠠᠯᠴᠠᠨ | ᠬᠦᠳᠡᠭᠡ ᠳᠠᠯ᠎ᠠ ᠪᠠᠨ ᠪᠠᠶᠠᠰᠬᠠᠶ᠎ᠠ | ᠪᠠᠷᠰᠳᠦ ᠶᠢᠨ ᠵᠣ ᠳᠤ ᠴᠣᠭᠯᠠᠷᠠᠨ | ᠪᠠᠶᠠᠷᠯᠠᠵᠦ ᠨᠠᠷᠬᠢᠨ ᠳᠣᠪᠳᠣᠯᠣᠶᠠ | ᠪᠠᠶᠠᠨ ᠳᠠᠩᠰᠤᠭ ᠨᠣᠳᠤᠭ ᠢᠶᠠᠨ | ᠪᠠᠭ᠋ᠠᠳᠣᠨ ᠰᠣᠨᠢᠷᠬᠠᠵᠦ ᠣᠷᠣᠯᠳᠣᠶ᠎ᠠ ᠭᠡᠵᠤ ᠬᠤᠯᠪᠣᠭ᠎ᠠ ᠰᠢᠯᠦᠭ ᠲᠠᠢ ᠬᠡᠯᠡᠵᠦ ᠣᠷᠢᠳᠦ ᠶᠢᠨ ᠳᠣᠮᠤᠭ ᠢ | ᠶᠠᠷᠢᠳᠠᠭ᠃ ᠬᠠᠶᠠ ᠪᠠᠰᠠ ᠡᠳᠡᠭᠡᠷ ᠪᠠᠶᠠᠷ ᠨᠠᠶᠢᠷ ᠤᠨ ᠣᠳᠬ᠎ᠠ ᠠᠭᠤᠯᠭ᠎ᠠ ᠶᠢᠨ ᠳᠣᠬᠠᠢ ᠬᠡᠣᠬᠡᠳ ᠵᠠᠯᠠᠭᠤᠰ ᠲᠤ | ᠣᠯᠠᠮᠵᠢᠯᠠᠨ ᠶᠠᠷᠢᠵᠦ ᠭᠠᠵᠠᠷ ᠣᠰᠣ ᠪᠠᠨ ᠮᠡᠳᠡᠬᠦᠯᠳᠡᠭ ᠪᠢᠯᠡ᠃ | ᠮᠣᠩᠭᠤᠯ ᠣᠷᠣᠨ ᠤ ᠡᠶᠢᠮᠦᠷᠬᠦᠦ ᠨᠠᠶᠢᠷ ᠪᠠᠶᠠᠷ ᠤᠨ ᠡᠳᠦᠷ ᠨᠢ ᠦᠪᠡᠷᠮᠢᠴᠡ ᠣᠨᠴᠠᠯᠢᠭ ᠲᠠᠢ ᠶᠤᠮ᠃ | ᠠᠶᠢᠯ ᠰᠣᠮᠣᠨ ᠤ ᠠᠪᠠ ᠶᠢᠨ ᠨᠠᠶᠢᠷ ᠨᠢ ᠳᠣᠭᠳᠠᠭᠰᠠᠨ ᠬᠡᠪᠴᠢᠶᠠᠨ ᠳᠤ ᠶᠠᠪᠣᠭᠳᠠᠨ᠂ ᠬᠤᠰᠢᠭᠤ ᠬᠡᠪᠴᠢᠶ᠎ᠠ | ᠶᠢᠨ ᠬᠢᠨ ᠣᠯᠠᠮᠵᠢᠯᠠᠵᠦ ᠳᠠᠳᠬᠠᠯᠵᠢᠭᠰᠠᠨ ᠨᠢᠬᠡᠨ ᠭᠠᠵᠠᠷ ᠲᠤ ᠪᠠᠨ ᠶᠠᠪᠣᠭᠳᠠᠨ᠎ᠠ᠃ ᠵᠢᠱᠢᠶᠡᠯᠡᠬᠦ ᠳᠤ ᠬᠤᠨᠳᠦ | ᠨᠣᠳᠤᠭ ᠤᠨ ᠠᠪᠠ ᠶᠢᠨ ᠨᠠᠶᠢᠷ ᠨᠢ ᠳ᠋ᠦᠩᠰᠡᠬᠡᠷ᠂ ᠳᠦᠷᠪᠠᠨᠬᠤᠸᠠ ᠵᠡᠷᠬᠡ ᠪᠠᠷ ᠶᠠᠪᠣᠭᠳᠠᠵᠦ᠂ ᠪᠠᠰᠠ ᠵᠠᠷᠢᠮ ᠳᠤ | ᠪᠠᠨ ᠣᠯᠠᠨ ᠬᠤᠸᠠ ᠶᠢᠨ ᠠᠪᠠ ᠶᠢᠨ ᠨᠠᠶᠢᠷ ᠲᠤ ᠬᠦᠷᠦᠯᠴᠡᠨ ᠣᠴᠢᠳᠠᠭ᠃ ᠬᠡᠳᠡᠯ᠎ᠡ ᠬᠤᠰᠢᠭᠤ ᠬᠡᠪᠴᠢᠶᠠᠨ ᠤ | ᠠᠪᠠ ᠶᠢᠨ ᠨᠠᠶᠢᠷ ᠨᠢ ᠬᠤᠯᠪᠣᠭ᠎ᠠ ᠶᠢᠨ ᠵᠣ᠂ ᠠᠯᠳᠠᠢ ᠶᠢᠨ ᠮᠠᠩᠬᠠᠨ ᠳᠤ ᠶᠠᠪᠣᠭᠳᠠᠵᠦ᠂ ᠬᠤᠯᠠ ᠣᠶᠢᠷ᠎ᠠ ᠶᠢᠨ | ᠮᠠᠯᠴᠢᠳ ᠬᠤᠨᠣᠵᠦ ᠦᠨᠵᠢᠨ ᠬᠦᠳᠦᠯᠦᠬᠡ ᠮᠣᠷᠢ ᠪᠠᠷ ᠢᠷᠡᠬᠦ ᠨᠢ ᠴᠦᠬᠡᠨ ᠪᠣᠰᠣ ᠶᠤᠮ᠃ ᠠᠪᠠ ᠶᠢᠨ ᠨᠠᠶᠢᠷ | ᠨᠢ ᠳᠠᠭᠠᠭᠠᠮᠠᠯ ᠲᠠᠢ ᠪᠦᠭᠡᠳ ᠨᠣᠳᠤᠭ ᠣᠰᠣᠨ ᠤ ᠬᠡᠷᠰᠡᠣ ᠳᠣᠮᠣᠭᠤᠳᠠᠳ ᠳᠠᠭᠠᠭᠤᠯᠣᠨ ᠣᠯᠠᠮᠵᠢᠯᠠᠯᠳᠦ | ᠵᠠᠩ ᠵᠢᠷᠦᠮ ᠢᠶᠠᠷ ᠢᠶᠠᠨ ᠣᠯᠠᠨ ᠲᠠᠢ ᠪᠠᠨ ᠡᠶ᠎ᠡ ᠨᠠᠶᠢᠷ ᠲᠠᠢ᠂ ᠪᠠᠶᠠᠷ ᠬᠦᠷ ᠲᠠᠢ ᠨᠠᠷᠬᠢᠯᠳᠣᠨ ᠬᠦᠤᠷᠨᠢᠯᠳᠦᠳᠡᠭ᠃ | ᠬᠦᠮᠦᠰ ᠭᠠᠵᠠᠷ ᠣᠰᠣ᠂ ᠬᠤᠯᠠ ᠣᠶᠢᠷ᠎ᠠ ᠶᠢᠨ ᠢᠯᠭᠠᠯ ᠦᠬᠡᠢ ᠪᠠᠷ ᠠᠪᠠ ᠶᠢᠨ ᠨᠠᠶᠢᠷ ᠲᠤ ᠣᠷᠣᠯᠴᠠᠨ ᠮᠣᠷᠢᠨ ᠤ | ᠬᠦᠶᠦᠳᠡᠯ᠂ ᠦᠪᠡᠷ ᠤᠨ ᠡᠷᠳᠡᠮ ᠴᠢᠳᠠᠯ ᠢᠶᠠᠨ ᠭᠠᠶᠢᠬᠠᠭᠤᠯᠳᠠᠭ ᠪᠢᠯᠡ᠃ | ᠦᠩᠬᠦᠯᠵᠡᠭ ᠤᠨ ᠪᠣᠳᠠᠭ᠎ᠠ ᠶᠢᠨ ᠨᠠᠶᠢᠷ | ᠵᠢᠯ ᠪᠦᠷᠢ ᠶᠢᠨ ᠴᠠᠭᠠᠨ ᠰᠠᠷ᠎ᠠ ᠶᠢᠨ ᠠᠷᠪᠠᠳ ᠢᠶᠠᠷ ᠣᠯᠠᠩᠬᠢ ᠭᠠᠵᠠᠷ ᠤᠨ ᠬᠢᠨ ︽ᠦᠩᠬᠦᠯᠵᠡᠭ ᠤᠨ | ᠪᠣᠳᠠᠭ᠎ᠠ ᠶᠢᠨ ᠨᠠᠶᠢᠷ︾ ᠭᠡᠵᠤ ᠬᠢᠳᠡᠭ᠃ ᠡᠬᠦᠨ ᠢ ᠭᠤᠣᠯᠳᠠᠭᠤ ᠬᠡᠣᠬᠡᠳ ᠰᠢᠣᠬᠠᠳ ᠦᠬᠡᠢ ᠬᠦᠮᠦᠨ ᠠᠶᠢᠯ | ᠣᠰᠣᠨ ᠤ ᠬᠡᠣᠬᠡᠳ ᠢᠶᠠᠨ ᠴᠣᠭᠯᠠᠭᠤᠯᠣᠨ ᠪᠠᠶᠠᠷᠯᠠᠭᠤᠯᠬᠤ ᠶᠢ ᠬᠡᠯᠡᠳᠡᠭ᠃ | ᠦᠩᠬᠦᠯᠵᠡᠭ ᠤᠨ ᠪᠣᠳᠠᠭ᠎ᠠ ᠬᠢᠳᠡᠭ ᠨᠢ ᠬᠤᠨᠢ ᠢᠮᠠᠭᠠᠨ ᠤ ᠵᠢᠷᠦᠬᠡ ᠶᠢ ᠴᠣᠭᠯᠠᠭᠤᠯᠣᠨ ᠪᠣᠳᠠᠭ᠎ᠠ | ᠲᠠᠢ ᠴᠢᠨᠠᠵᠦ ᠬᠡᠣᠬᠡᠳ ᠲᠤ ᠢᠳᠡᠬᠦᠯᠳᠡᠭ᠃ ᠠᠶᠢᠯ ᠬᠤᠳᠠᠨ ᠤ ᠠᠯᠢ ᠨᠢᠬᠡ ᠬᠡᠣᠬᠡᠳ ᠦᠬᠡᠢ ᠬᠦᠮᠦᠨ ᠨᠢ | ᠦᠩᠬᠦᠯᠵᠡᠭ ᠤᠨ ᠪᠣᠳᠠᠭ᠎ᠠ ᠴᠢᠨᠠᠵᠦ ᠬᠠᠵᠠᠭᠤ ᠬᠠᠪᠢ ᠶᠢᠨ ᠠᠶᠢᠯ ᠣᠰᠣᠨ ᠤ ᠬᠡᠣᠬᠡᠳ ᠢᠶᠠᠨ ᠳᠣᠭᠳᠠᠭᠰᠠᠨ ᠡᠳᠦᠷ | ᠲᠤ ᠴᠣᠭᠯᠠᠭᠤᠯᠣᠨ ᠪᠣᠳᠠᠭᠠᠯᠠᠨ ᠵᠣᠴᠢᠯᠠᠵᠦ ᠪᠤᠪᠤ ᠪᠣᠭᠤᠷᠰᠤᠭ᠂ ᠴᠠᠭᠠᠨ ᠢᠳᠡᠬᠡᠨ ᠳᠦᠬᠡᠬᠡᠨ ᠪᠠᠶᠠᠷ ᠬᠦᠷ ᠲᠠᠢ | ᠨᠠᠭᠠᠳᠣᠭᠤᠯᠳᠠᠭ᠃ ᠦᠩᠬᠦᠯᠵᠡᠭ ᠤᠨ ᠪᠣᠳᠠᠭ᠎ᠠ ᠶᠢᠨ ᠨᠠᠶᠢᠷ ᠨᠢ ᠳᠡᠷᠡ ᠨᠢᠬᠡ ᠠᠶᠢᠯ ᠡᠷᠦᠬᠡ ᠶᠢᠨ ᠬᠢᠨ ᠤ | ᠬᠡᠣᠬᠡᠳ ᠰᠢᠣᠬᠠᠳ ᠬᠦᠰᠡᠬᠦ᠂ ᠦᠶ᠎ᠡ ᠣᠭᠰᠠᠭ᠎ᠠ ᠵᠠᠯᠭᠠᠮᠵᠢᠯᠠᠬᠤ ᠶᠢ ᠳᠠᠭᠠᠳᠬᠠᠨ ᠬᠦᠰᠡᠭᠰᠡᠨ ᠪᠣᠶᠠᠨᠰᠠᠭ ᠦᠢᠯᠡ | ᠪᠣᠯᠬᠤ ᠶᠤᠮ᠃ ᠳᠠᠷᠣᠢ ᠮᠠᠨ ᠤ ᠠᠶᠢᠯ ᠬᠡᠷ ᠤᠨ ᠬᠡᠣᠬᠡᠳ ᠰᠢᠣᠬᠠᠳ ᠴᠦ ᠴᠣᠭᠯᠠᠷᠠᠭᠰᠠᠨ ᠬᠡᠣᠬᠡᠳ ᠰᠢᠭ᠋ | ᠣᠯᠠᠨ ᠪᠣᠯᠬᠤ ᠶᠢ ᠵᠦᠩᠨᠡᠨ ᠪᠡᠯᠭᠡᠳᠡᠭᠰᠡᠨ ᠰᠠᠨᠠᠭ᠎ᠠ ᠶᠢ ᠬᠠᠷᠠᠭᠤᠯᠳᠠᠭ᠃ | ᠠᠶᠢᠯ ᠣᠰᠣᠨ ᠤ ᠬᠦᠮᠦᠰ ᠴᠦ ᠦᠩᠬᠦᠯᠵᠡᠭ ᠤᠨ ᠪᠣᠳᠠᠭ᠎ᠠ ᠶᠢᠨ ᠨᠠᠶᠢᠷ ᠢ ᠮᠠᠰᠢ ᠡᠷᠬᠢᠮᠯᠡᠨ | ᠬᠦᠨᠳᠦᠳᠬᠡᠳᠡᠭ᠃ ᠬᠡᠨ ᠨᠢᠬᠡ ᠨᠢ ᠬᠡᠣᠬᠡᠳ ᠤᠨ ᠪᠣᠳᠠᠭ᠎ᠠ ᠶᠢᠨ ᠨᠠᠶᠢᠷ ᠬᠢᠬᠦ ᠣᠷᠢᠯᠭ᠎ᠠ ᠳᠠᠯᠪᠢᠪᠠᠯ ᠰᠣᠨᠣᠰᠣᠭᠰᠠᠨ | ᠪᠦᠬᠦᠨ ᠬᠡᠣᠬᠡᠳ ᠰᠢᠣᠬᠠᠳ ᠢᠶᠠᠨ ᠴᠠᠭᠠᠨ ᠰᠠᠷ᠎ᠠ ᠶᠢᠨ ᠶᠣᠰᠣ ᠪᠠᠷ ᠬᠤᠪᠴᠠᠯᠠᠨ ᠵᠠᠰᠠᠵᠦ᠂ ᠨᠢᠭᠤᠷ ᠭᠠᠷ ᠢ ᠨᠢ | ᠣᠬᠢᠶᠠᠨ ᠴᠡᠪᠡᠷ ᠳᠡᠭᠰᠢᠬᠡᠨ ᠣᠴᠢᠭᠤᠯᠳᠠᠭ᠃ ᠣᠷᠢᠯᠭ᠎ᠠ ᠳᠠᠯᠪᠢᠭᠰᠠᠨ ᠬᠡᠷ ᠤᠨ ᠡᠵᠡᠨ ᠴᠦ ᠬᠡᠣᠬᠡᠳ ᠢ ᠦᠵᠡᠪᠡᠯ | ᠪᠠᠶᠠᠷᠯᠠᠨ ᠣᠭᠳᠣᠵᠦ ᠠᠯᠢ ᠠᠮᠳᠠ ᠰᠢᠮᠳᠠ ᠲᠠᠢ ᠪᠠᠨ ᠳᠡᠮᠳᠡᠷᠢᠨ ᠵᠣᠴᠢᠯᠠᠨ᠎ᠠ᠃ | ᠦᠩᠬᠦᠯᠵᠡᠭ ᠤᠨ ᠪᠣᠳᠠᠭ᠎ᠠ ᠶᠢᠨ ᠨᠠᠶᠢᠷ ᠲᠤ ᠬᠦᠷᠦᠭᠰᠡᠨ ᠬᠡᠣᠬᠡᠳ ᠰᠢᠣᠬᠠᠳ ᠳᠦᠬᠦᠬᠡ ᠳᠣᠮᠤᠭ᠎ᠠ ᠲᠠᠢ | ᠵᠣᠴᠢᠯᠠᠭ᠎ᠠ ᠳᠤ ᠰᠠᠭᠤᠵᠦ᠂ ᠪᠣᠳᠠᠭ᠎ᠠ ᠴᠠᠢ ᠣᠣᠭᠤᠪᠠᠯ ᠱᠠᠭ᠎ᠠ ᠨᠠᠭᠠᠳᠬᠤ ᠪᠣᠶᠣ ᠳᠠᠭᠤᠣ ᠦᠯᠢᠬᠡᠷ ᠶᠠᠷᠢᠵᠦ ᠳᠠᠭᠤᠯᠠᠨ | ᠬᠡᠷ ᠤᠨ ᠡᠵᠡᠨ ᠢ ᠮᠠᠩᠨᠠᠢ ᠲᠡᠨᠢᠢᠳᠡᠯᠡ ᠪᠠᠶᠠᠰᠬᠠᠨ᠂ ᠠᠬ᠎ᠠ ᠳᠡᠬᠦᠦ ᠨᠠᠷ ᠲᠠᠢ ᠪᠠᠨ ᠪᠠᠬ᠎ᠠ ᠪᠠᠨ ᠬᠠᠨᠣᠳᠠᠯ᠎ᠠ | ᠳᠣᠭᠯᠠᠨ ᠨᠠᠭᠠᠳᠴᠦ᠂ ᠣᠷᠣᠢ ᠶᠢᠨ ᠭᠠᠯ ᠪᠣᠯᠵᠦ ᠮᠠᠯ ᠠᠬᠤᠢ ᠪᠠᠨ ᠬᠤᠳᠠᠯᠠᠬᠤ ᠦᠶ᠎ᠡ ᠪᠠᠷ ᠬᠡᠷ ᠬᠡᠷ ᠲᠤ ᠪᠠᠨ | ᠬᠠᠷᠢᠨ᠎ᠠ᠃ | ᠬᠡᠷ ᠤᠨ ᠡᠵᠡᠨ ᠴᠦ ᠠᠶᠢᠯ ᠣᠰᠣᠨ ᠤ ᠬᠡᠣᠬᠡᠳ ᠰᠢᠣᠬᠠᠳ ᠬᠡᠷ ᠲᠤ ᠪᠠᠨ ᠬᠠᠷᠢᠬᠤ ᠳᠤ ᠪᠡᠯᠡᠭ | ᠪᠣᠭᠤᠳᠠᠯ ᠦᠭᠴᠦ᠄ | — ᠢᠷᠡᠬᠦ ᠵᠢᠯ ᠳᠤ ᠪᠠᠨ ᠢᠷᠡᠬᠡᠷᠡᠢ᠂ ᠵᠠᠮ ᠳᠤ ᠪᠠᠨ ᠰᠠᠶᠢᠨ ᠶᠠᠪᠤ᠂ ᠪᠢᠴᠢᠭ ᠰᠣᠶᠣᠯ ᠢᠶᠠᠨ ᠰᠠᠶᠢᠨ | ᠰᠣᠷ︕ ᠭᠡᠵᠤ ᠭᠡᠷ ᠠᠴᠠ ᠪᠠᠨ ᠬᠤᠯᠠ ᠵᠠᠶᠢᠳᠠᠳᠠᠯ᠎ᠠ ᠦᠳᠡᠨ ᠮᠣᠷᠳᠠᠭᠤᠯᠵᠦ ᠪᠠᠷ᠎ᠠ ᠳᠠᠰᠣᠷᠠᠳᠠᠯᠠ ᠰᠠᠷᠠᠪᠴᠢᠯᠠᠨ | ᠵᠣᠭᠰᠣᠳᠠᠭ᠃ | ᠮᠠᠨ ᠤ ᠨᠣᠳᠤᠭ ᠤᠨ ᠨᠠᠶᠠ ᠬᠦᠷᠦᠭᠰᠡᠨ ᠵᠠᠶᠠᠭᠠᠳᠦ ᠨᠠᠰᠣᠳᠠᠨ᠄ | — ᠦᠩᠬᠦᠯᠵᠡᠭ ᠤᠨ ᠪᠣᠳᠠᠭ᠎ᠠ ᠶᠢᠨ ᠨᠠᠶᠢᠷ ᠭᠡᠵᠤ ᠠᠯᠢ ᠬᠡᠳᠦᠶᠢᠨ ᠠᠴᠠ ᠣᠯᠠᠮᠵᠢᠯᠠᠵᠦ ᠢᠷᠡᠭᠰᠡᠨ | ᠶᠤᠮ᠃ ᠳᠡᠷᠡ ᠨᠢ ᠵᠦᠪᠬᠡᠨ ᠬᠡᠣᠬᠡᠳ ᠲᠤ ᠨᠢᠬᠡ ᠴᠠᠭ ᠤᠨ ᠪᠣᠳᠠᠭ᠎ᠠ ᠢᠳᠡᠬᠦᠯᠬᠦ ᠳᠡᠳᠦᠢ ᠪᠢᠰᠢ᠂ ᠬᠠᠷᠢᠨ ᠬᠡᠣᠬᠡᠳ | ᠢ ᠪᠠᠭ᠋ᠠᠷᠬᠠᠨ ᠬᠠᠶᠢᠷᠠᠯᠠᠵᠦ ᠦᠷ᠎ᠡ ᠬᠤᠶᠢᠴᠢᠰ ᠵᠠᠯᠭᠠᠬᠤ ᠶᠢ ᠪᠡᠯᠬᠡᠳᠦᠨ ᠵᠦᠩᠨᠡᠭᠰᠡᠨ ᠣᠳᠬ᠎ᠠ ᠠᠭᠤᠯᠭ᠎ᠠ ᠲᠠᠢ | ᠶᠤᠮ᠃ | ᠨᠦᠬᠦᠬᠡ ᠳᠠᠯ᠎ᠠ ᠪᠠᠷ ᠮᠣᠩᠭᠤᠯᠴᠣᠳ ᠤᠨ ᠠᠰᠪᠣᠷᠢ ᠴᠠᠶᠢᠯᠭᠠᠨ᠂ ᠡᠶ᠎ᠡ ᠨᠠᠶᠢᠷ ᠲᠠᠢ᠂ ᠦᠷ᠎ᠡ | ᠬᠤᠶᠢᠴᠢᠰ ᠢᠶᠠᠨ ᠬᠠᠶᠢᠷᠠᠯᠠᠨ ᠰᠣᠷᠭᠠᠬᠤ ᠶᠣᠰᠣ ᠵᠦᠢ ᠶᠢ ᠬᠠᠷᠠᠭᠤᠯᠵᠦ ᠪᠣᠢ᠃ ᠨᠠᠭᠠᠳᠦ ᠵᠠᠬ᠎ᠠ ᠨᠢ ᠪᠣᠳᠠᠭ᠎ᠠ ᠴᠢᠨᠠᠬᠤ | ᠪᠣᠭ ᠮᠠᠯ ᠤᠨ ᠵᠢᠷᠦᠬᠡ ᠶᠢ ᠴᠣᠭᠯᠠᠭᠤᠯᠣᠨ᠎ᠠ ᠭᠡᠭᠴᠢ ᠵᠠᠭᠠᠭ ᠦᠬᠡᠢ ᠬᠠᠶᠢᠷ᠎ᠠ ᠶᠢ ᠦᠵᠡᠬᠦᠯᠵᠦ ᠪᠣᠢ᠃ ᠬᠠᠮᠤᠭ | ᠴᠦᠬᠡᠨ ᠳᠤ ᠪᠠᠨ ᠳᠠᠪᠤ ᠳᠣᠯᠣᠭᠠᠨ ᠵᠢᠷᠦᠬᠡ ᠯᠡ ᠬᠡᠷᠡᠭᠰᠡᠨ᠎ᠡ᠂ ᠨᠢᠬᠡ ᠠᠶᠢᠯ ᠳᠤ ᠬᠢᠯᠪᠡᠷ ᠪᠣᠰᠣ ᠰᠢᠦ ᠭᠡᠵᠤ | ᠬᠡᠯᠡᠳᠡᠭ ᠶᠤᠮ᠃ | ᠬᠡᠣᠬᠡᠳ ᠤᠨ ᠣᠪᠣᠭ᠎ᠠ ᠶᠢᠨ ᠨᠠᠶᠢᠷ | ᠠᠩᠬ᠎ᠠ ᠤᠷᠢᠳᠤ ᠳᠤ ᠪᠠᠨ ᠮᠣᠩᠭᠤᠯ ᠣᠷᠣᠨ ᠤ ᠬᠢᠨ ᠵᠢᠯ ᠪᠦᠷᠢ ᠬᠡᠣᠬᠡᠳ ᠤᠨ ᠣᠪᠣᠭ᠎ᠠ ᠶᠢᠨ ᠨᠠᠶᠢᠷ | ᠬᠢᠳᠡᠭ᠃ ᠪᠣᠳᠠᠳᠠᠢ ᠳᠣᠭᠳᠠᠭᠰᠠᠨ ᠡᠳᠦᠷ ᠭᠡᠵᠤ ᠦᠬᠡᠢ᠂ ᠬᠡᠪᠡᠴᠦ ᠵᠢᠯ ᠪᠦᠷᠢ ᠬᠡᠣᠬᠡᠳ ᠲᠤ ᠪᠣᠳᠠ ᠳᠠᠷᠢᠵᠦ᠂ ᠠᠷᠪᠠᠨ | ᠨᠠᠢᠮᠠᠨ ᠡᠳᠦᠷ ᠤᠨ ᠳᠠᠷᠠᠭ᠎ᠠ ᠵᠡᠬᠦᠦ ᠳᠠᠷᠢᠭᠰᠠᠨ ᠰᠢᠷᠬ᠎ᠠ ᠨᠢ ᠡᠳᠡᠬᠡᠷᠡᠬᠦ ᠦᠶ᠎ᠡ ᠳᠤ ᠨᠠᠶᠢᠷ ᠬᠢᠳᠡᠭ᠃ | ᠡᠷᠳᠡ ᠦᠶ᠎ᠡ ᠳᠤ ᠰᠦᠮ᠎ᠡ ᠶᠢᠨ ᠡᠮᠴᠢ ᠨᠠᠷ ᠪᠣᠶᠣ ᠠᠶᠢᠯ ᠣᠰᠣᠨ ᠤ ᠳᠠᠷᠢᠭᠠᠴᠢ ᠣᠳᠠᠴᠢ ᠨᠠᠷ ᠬᠠᠪᠣᠷ | ᠤᠨ ᠣᠷᠢᠨ ᠪᠣᠯᠣᠮᠠᠭᠴᠠ ᠠᠶᠢᠯ ᠬᠤᠳᠠ ᠪᠠᠷ ᠢᠶᠠᠨ ᠳᠣᠭᠤᠷᠢᠨ ᠬᠡᠣᠬᠡᠳ ᠲᠤ ᠡᠪᠡᠳᠴᠢᠨ ᠬᠢᠵᠢᠭ ᠢ ᠰᠡᠷᠬᠡᠶᠢᠯᠡᠬᠦ | ᠪᠣᠳᠠ ᠳᠠᠷᠢᠵᠦ ᠶᠠᠪᠣᠳᠠᠭ᠃ ᠡᠨᠡ ᠮᠡᠳᠦ ᠪᠠᠷ ᠡᠨᠡ ᠠᠶᠢᠯ ᠠᠴᠠ ᠳᠡᠷᠡ ᠬᠤᠳᠠ ᠴᠢᠨᠠᠭᠰᠢᠯᠠᠪᠠᠯ ᠬᠦᠷᠰᠢ ᠨᠣᠳᠤᠭ᠂ | ᠬᠦᠨᠳᠡᠯᠡᠨ ᠬᠤᠰᠢᠭᠤᠨ ᠳᠤ ᠬᠦᠷᠴᠦ ᠬᠡᠣᠬᠡᠳ ᠲᠤ ᠪᠣᠳᠠ ᠳᠠᠷᠢᠳᠠᠭ ᠠᠴᠠ ᠭᠠᠵᠠᠷ ᠭᠠᠵᠠᠷ ᠤᠨ ᠬᠢᠨ | ᠳᠣᠭᠳᠠᠭᠰᠠᠨ ᠡᠳᠦᠷ ᠭᠡᠵᠤ ᠦᠬᠡᠢ᠃ ᠳᠠᠷᠢᠭᠠᠴᠢ ᠣᠳᠠᠴᠢ ᠢᠷᠡᠵᠦ ᠳᠠᠷᠢᠯᠭ᠎ᠠ ᠳᠠᠷᠢᠭᠰᠠᠨ ᠴᠡᠬᠡᠷ ᠬᠤᠭᠤᠴᠠᠭ᠎ᠠ | ᠨᠢ ᠬᠦᠢᠴᠡᠪᠡᠯ ᠬᠡᠣᠬᠡᠳ ᠢᠶᠠᠨ ᠴᠣᠭᠯᠠᠭᠤᠯᠣᠨ ᠨᠠᠶᠢᠷ ᠬᠢᠳᠡᠭ᠃ | ᠨᠠᠶᠢᠷ ᠬᠢᠬᠦ ᠶᠢᠨ ᠡᠳᠦᠷ ᠬᠡᠷ ᠤᠨ ᠠᠬᠠᠮᠠᠳ ᠨᠠᠷ ᠳᠠᠷᠢᠯᠭ᠎ᠠ ᠬᠢᠯᠭᠡᠭᠰᠡᠨ ᠬᠡᠣᠬᠡᠳ ᠢᠶᠠᠨ ᠳᠠᠭᠠᠭᠤᠯᠣᠨ | ᠬᠡᠣᠬᠡᠳ ᠤᠨ ᠣᠪᠣᠭ᠎ᠠ ᠳᠤ ᠬᠦᠷᠴᠦ ᠨᠢᠬᠡ ᠡᠳᠦᠷ ᠪᠠᠶᠠᠷᠯᠠᠨ ᠳᠣᠭᠯᠠᠭᠤᠯᠳᠠᠭ᠃ ᠭᠡᠷ ᠤᠨ ᠠᠬᠠᠮᠠᠳ ᠨᠠᠷ ᠪᠣᠤᠪᠤ | ᠪᠣᠭᠤᠷᠰᠤᠭ ᠴᠠᠭᠠᠨ ᠢᠳᠡᠬᠡᠨ ᠮᠡᠳᠦ ᠶᠢᠨ ᠬᠡᠣᠬᠡᠳ ᠤᠨ ᠳᠣᠷ᠎ᠠ ᠰᠣᠨᠢᠷᠬᠠᠯ ᠲᠠᠢ ᠢᠳᠡᠬᠡᠨ ᠣᠮᠳᠠᠭᠠᠨ᠂ ᠨᠠᠭᠠᠳᠣᠮ | ᠤᠨ ᠵᠦᠢᠯᠡᠰ ᠢᠶᠠᠨ ᠠᠪᠴᠦ ᠣᠯᠠᠨ ᠢᠶᠠᠷ ᠢᠶᠠᠨ ᠬᠤᠪᠢ ᠨᠡᠶᠢᠯᠡᠬᠦᠯᠦᠨ ᠬᠡᠣᠬᠡᠳ ᠲᠤ ᠱᠠᠩᠨᠠᠨ᠎ᠠ᠃ ᠨᠠᠶᠢᠷ ᠬᠢᠬᠦ ᠳᠤ | ᠪᠠᠨ ᠬᠡᠣᠬᠡᠳ ᠢᠶᠠᠨ ᠴᠣᠭᠯᠠᠭᠤᠯᠣᠨ ᠳᠣᠭᠳᠠᠭᠰᠠᠨ ᠭᠠᠵᠠᠷ ᠠᠴᠠ ᠪᠠᠨ ᠣᠪᠣᠭ᠎ᠠ ᠵᠦᠭ ᠢᠶᠠᠨ ᠣᠷᠣᠯᠳᠣᠭᠤᠯᠣᠨ | ᠬᠦᠶᠦᠯᠬᠡᠵᠦ ᠱᠠᠩ ᠦᠭᠳᠡᠭ᠃ ᠨᠠᠰᠣᠳᠠᠳ ᠤᠨ ᠬᠡᠯᠡᠬᠦ ᠪᠠᠷ ᠬᠡᠣᠬᠡᠳ ᠤᠨ ᠣᠪᠣᠭ᠎ᠠ ᠶᠢᠨ ᠨᠠᠶᠢᠷ ᠬᠢᠬᠦ ᠨᠢ | ᠬᠡᠣᠬᠡᠳ ᠤᠨ ᠰᠢᠷᠬ᠎ᠠ ᠰᠣᠷᠪᠢ ᠨᠢ ᠳᠦᠷᠬᠡᠨ ᠡᠳᠡᠬᠡᠷᠡᠬᠦ ᠶᠢ ᠪᠡᠯᠬᠡᠳᠡᠵᠦ ᠣᠶᠣᠨ ᠰᠠᠨᠠᠭᠠᠨ ᠤ ᠵᠣᠷᠢᠭᠵᠢᠭᠤᠯᠣᠯ | ᠪᠣᠯᠭᠠᠳᠠᠭ᠃ ᠬᠡᠣᠬᠡᠳ ᠤᠳ ᠣᠪᠣᠭ᠎ᠠ ᠶᠢᠨ ᠨᠠᠶᠢᠷ ᠲᠤ ᠣᠴᠢᠪᠠᠯ ᠣᠯᠠᠨ ᠲᠠᠢ ᠴᠤᠭ ᠢᠶᠠᠷ ᠳᠣᠭᠯᠠᠨ | ᠬᠦᠶᠦᠯᠳᠦᠵᠦ᠂ ᠡᠪᠡᠳᠴᠦ ᠵᠣᠪᠠᠵᠦ ᠶᠠᠪᠣᠭᠰᠠᠨ ᠢᠶᠠᠨ ᠮᠠᠷᠳᠠᠴᠢᠬᠠᠳᠠᠭ᠃ | ᠬᠡᠣᠬᠡᠳ ᠤᠨ ᠣᠪᠣᠭ᠎ᠠ ᠶᠢᠨ ᠨᠠᠶᠢᠷ ᠬᠢᠬᠦ ᠪᠠᠨ ᠪᠣᠯᠢᠵᠦ᠂ ᠡᠪᠦᠭᠡᠳ ᠨᠠᠰᠣᠳᠠᠳ ᠳᠠᠷᠢᠭᠠᠴᠢ | ᠣᠳᠠᠴᠢ ᠴᠦᠬᠡᠨ ᠪᠣᠯᠣᠭᠰᠠᠨ ᠢᠶᠠᠷ ᠬᠦᠮᠦᠰ ᠳᠡᠮᠡᠢ ᠠᠩᠬᠠᠷᠬᠤ ᠦᠬᠡᠢ ᠪᠣᠯᠪᠠ᠃ ᠬᠡᠪᠡᠴᠦ ᠣᠯᠠᠩᠬᠢ ᠭᠠᠵᠠᠷ ᠤᠨ | ᠬᠡᠣᠬᠡᠳ ᠤᠨ ᠣᠪᠣᠭ᠎ᠠ ᠨᠢ ᠪᠠᠶᠢᠭᠰᠠᠭᠠᠷ ᠪᠦᠭᠡᠳ ᠬᠠᠶᠠ ᠵᠠᠷᠢᠮ ᠠᠶᠢᠯ ᠡᠷᠦᠬᠡ ᠨᠢ ᠵᠢᠯ ᠪᠣᠯᠭᠠᠨ ᠬᠡᠣᠬᠡᠳ ᠤᠨ | ᠣᠪᠣᠭ᠎ᠠ ᠳᠤ ᠬᠦᠷᠴᠦ ᠶᠣᠰᠣ ᠶᠢ ᠨᠢ ᠬᠦᠨᠳᠦᠳᠬᠡᠨ ᠬᠦᠢᠴᠡᠳᠬᠡᠵᠦ ᠪᠣᠢ᠃ | ᠠᠷᠣ ᠬᠤᠷᠴᠢᠨ ᠬᠤᠰᠢᠭᠤᠨ ᠤ ᠬᠤᠨᠳᠦ ᠪᠠᠯᠭᠠᠰᠦ ᠶᠢᠨ ᠣᠩᠭᠤᠨ ᠮᠣᠳᠦ ᠭᠠᠴᠠᠭᠠᠨ ᠤ ᠪᠠᠷᠠᠭᠤᠨ | ᠡᠮᠦᠨ᠎ᠡ ᠪᠠᠶᠢᠭ᠎ᠠ ︽ᠬᠡᠣᠬᠡᠳ ᠤᠨ ᠣᠪᠣᠭ᠎ᠠ︾ ᠪᠣᠯ ᠳᠠᠷᠣᠢ ᠣᠷᠳᠦ ᠣᠳᠠᠭᠠᠨ ᠳᠡᠣᠬᠡ ᠲᠠᠢ ᠶᠤᠮ᠃ ᠠᠯᠢ ᠤᠵᠠᠭᠤᠷ | ᠠᠴᠠ ᠨᠡᠬᠦᠳᠡᠯᠯᠡᠨ ᠮᠠᠯᠵᠢᠵᠦ ᠶᠠᠪᠣᠭᠰᠠᠨ ᠮᠠᠯᠴᠢᠳ ᠬᠠᠪᠣᠷ ᠤᠨ ᠣᠷᠢᠨ ᠣᠷᠣᠮᠠᠭᠴᠠ ᠮᠠᠯ ᠠᠬᠤᠢ ᠨᠢ ᠳᠡᠩᠭᠡᠷᠡᠨ | ᠰᠦ ᠰᠠᠭᠠᠯᠢ ᠪᠠᠭᠤᠬᠤ ᠦᠶ᠎ᠡ ᠪᠠᠷ ᠬᠡᠣᠬᠡᠳ ᠤᠨ ᠣᠪᠣᠭ᠎ᠠ ᠶᠢᠨ ᠨᠠᠶᠢᠷ ᠬᠢᠵᠦ ᠣᠶᠢᠷᠠᠮ ᠳᠣᠭᠤᠷᠢᠮ ᠤᠨ ᠠᠶᠢᠯ | ᠣᠰᠣᠨ ᠤ ᠬᠡᠣᠬᠡᠳ ᠢᠶᠠᠨ ᠴᠣᠭᠯᠠᠭᠤᠯᠣᠨ ᠪᠦᠬᠡᠮ ᠪᠠᠶᠠᠷ ᠪᠣᠯᠵᠦ ᠡᠳᠦᠷ ᠳᠣᠵᠢ ᠨᠠᠶᠢᠷᠯᠠᠨ ᠳᠣᠭᠯᠠᠭᠤᠯᠳᠠᠭ᠃ | ᠳᠡᠷᠡ ᠦᠶ᠎ᠡ ᠳᠤ ᠠᠶᠢᠯ ᠣᠰᠣ ᠪᠠᠷ ᠵᠢᠯ ᠪᠦᠷᠢ ᠬᠡᠣᠬᠡᠳ ᠤᠨ ᠳᠠᠷᠢᠯᠭ᠎ᠠ ᠬᠢᠳᠡᠭ ︽ᠰᠠᠩᠵᠠᠢ ᠳᠠᠷᠢᠭᠠᠴᠢ︾ ᠭᠡᠵᠤ | ᠪᠠᠶᠢᠭᠰᠠᠨ ᠬᠡᠨ᠎ᠡ᠃ ᠳᠠᠷᠢᠭᠠᠴᠢ ᠠᠪᠤ ᠢᠷᠡᠵᠦ ᠬᠡᠣᠬᠡᠳ ᠲᠤ ᠳᠠᠷᠢᠯᠭ᠎ᠠ ᠬᠢᠵᠦ ᠬᠡᠳᠦᠨ ᠡᠳᠦᠷ ᠪᠣᠯᠪᠠᠯ ᠪᠣᠰᠣᠳ | ᠭᠠᠵᠠᠷ ᠤᠨ ᠬᠡᠣᠬᠡᠳ ᠲᠤ ᠪᠣᠳᠠ ᠳᠠᠷᠢᠬᠤ ᠪᠠᠷ ᠶᠠᠪᠣᠨ᠎ᠠ᠃ ᠠᠷᠪᠠᠭᠠᠳ ᠡᠳᠦᠷ ᠪᠣᠯᠪᠠᠯ ᠳᠠᠬᠢᠨ ᠢᠷᠡᠵᠦ ᠬᠡᠣᠬᠡᠳ ᠤᠨ | ᠰᠢᠷᠬ᠎ᠠ ᠰᠣᠷᠪᠢ ᠶᠢ ᠪᠠᠶᠢᠴᠠᠭᠠᠨ ᠬᠡᠣᠬᠡᠳ ᠤᠨ ᠣᠪᠣᠭ᠎ᠠ ᠶᠢᠨ ᠨᠠᠶᠢᠷ ᠢ ᠰᠣᠨᠢᠷᠬᠠᠨ᠎ᠠ᠃ ᠬᠡᠣᠬᠡᠳ ᠢ ᠵᠠᠭᠤ | ᠠᠯᠬᠤᠮ ᠤᠨ ᠴᠠᠭᠠᠨ᠎ᠠ ᠠᠴᠠ ᠠᠭᠤᠯᠠ ᠮᠠᠴᠣᠭᠤᠯᠣᠨ ᠭᠦᠶᠦᠯᠬᠡᠵᠦ ᠬᠤᠪᠢ ᠬᠤᠪᠢᠨ ᠳᠤ ᠨᠢ ᠪᠣᠤᠪᠤ ᠪᠣᠭᠤᠷᠰᠤᠭ᠂ | ᠬᠤᠷᠣᠳ ᠳᠦᠬᠡᠬᠡᠨ ︽ᠡᠷᠡᠬᠦᠯ ᠮᠡᠨᠳᠦ ᠳᠣᠷᠨᠢᠬᠤ︾ ᠶᠢ ᠪᠡᠯᠭᠡᠳᠡᠳᠡᠭ ᠭᠡᠳᠡᠭ᠃ | ᠠᠷᠪᠠᠨ ᠰᠠᠷ᠎ᠠ ᠶᠢᠨ ᠬᠤᠷᠢᠨ ᠳᠠᠪᠣᠨ | ᠮᠣᠩᠭᠤᠯᠴᠣᠳ ᠪᠢᠯᠢᠭ ᠤᠨ ᠣᠯᠠᠷᠢᠯ ᠤᠨ ᠠᠷᠪᠠᠨ ᠰᠠᠷ᠎ᠠ ᠶᠢᠨ ᠬᠤᠷᠢᠨ ᠳᠠᠪᠣᠨ ᠢ ᠮᠠᠰᠢ | ᠡᠷᠬᠢᠮᠯᠡᠨ ᠬᠦᠨᠳᠦᠳᠭᠡᠳᠡᠭ᠃ ᠣᠯᠠᠮᠵᠢᠯᠠᠯ ᠢᠶᠠᠷ ᠪᠣᠯ ᠡᠨᠡ ᠡᠳᠦᠷ ᠨᠢ ᠽᠤᠩᠺᠠᠪᠠ ᠪᠣᠷᠬᠠᠨ ᠤ ᠮᠡᠨᠳᠦᠯᠡᠭᠰᠡᠨ ᠪᠠ | ᠳᠠᠭᠠᠯᠠᠯ ᠪᠣᠯᠣᠭᠰᠠᠨ ᠡᠳᠦᠷ ᠬᠡᠳᠡᠭ᠃ ᠳᠡᠷᠡ ᠪᠠᠷ ᠳᠦᠪᠡᠳ ᠨᠣᠮ ᠳᠤ ᠨᠡᠪᠳᠡᠷᠡᠨ ︽ᠮᠠᠶᠢᠳᠠᠷᠢ ᠶᠢᠨ ᠳᠠᠪᠣᠨ | ᠠᠶᠢᠮᠠᠭ︾᠂ ︽ᠳᠠᠪᠣᠨ ᠣᠬᠠᠭᠠᠨ︾ ᠨᠤᠭᠤᠳ ᠲᠤ ᠬᠦᠨᠵᠡᠬᠡᠢ ᠨᠡᠪᠳᠡᠷᠡᠵᠦ ᠴᠣᠶᠢᠷᠸ᠎ᠠ ᠨᠣᠮ ᠬᠠᠶᠠᠯᠴᠠᠨ ᠶᠡᠬᠡᠳᠡ | ᠠᠯᠳᠠᠷ ᠨᠡᠷ᠎ᠡ ᠠᠯᠳᠠᠷᠰᠢᠪᠠ ᠬᠡᠨ᠎ᠡ᠃ | ᠬᠦᠮᠦᠰ ᠠᠷᠪᠠᠨ ᠰᠠᠷ᠎ᠠ ᠶᠢᠨ ᠬᠤᠷᠢᠨ ᠳᠠᠪᠣᠨ ᠳᠤ ᠬᠦᠵᠢ ᠵᠣᠯᠠ ᠠᠰᠠᠭᠠᠨ ᠰᠦᠰᠦᠭᠯᠡᠨ ᠨᠠᠮᠠᠨᠴᠢᠯᠠᠳᠠᠭ᠃ | ᠵᠠᠷᠢᠮ ᠨᠢ ᠪᠠᠰᠠ ᠰᠦᠮ᠎ᠡ ᠬᠡᠶᠢᠳ ᠲᠤ ᠬᠦᠷᠴᠦ ᠳᠠᠬᠢᠯ ᠡᠷᠬᠦᠨ ᠨᠣᠮ ᠣᠩᠰᠢᠭᠤᠯᠣᠨ ᠰᠦᠵᠢᠭ ᠢᠶᠠᠨ | ᠬᠦᠢᠴᠡᠳᠭᠡᠨ᠎ᠡ᠃ ᠪᠠᠰᠠ ᠵᠠᠷᠢᠮ ᠨᠢ ᠰᠦᠮ᠎ᠡ ᠳᠤ ᠴᠠᠪᠠ ᠪᠠᠵᠠᠭᠠᠨ ᠪᠣᠶᠠᠨᠰᠠᠭ ᠰᠡᠳᠬᠢᠯ ᠢᠶᠠᠨ ᠢᠯᠡᠳᠬᠡᠨ ᠬᠦᠮᠦᠨ | ᠬᠠᠷ᠎ᠠ ᠳᠣᠯᠣᠭᠠᠶᠢᠳᠠᠨ ᠳᠤ ᠳᠣᠰᠠ ᠪᠣᠶᠠᠨ ᠦᠢᠯᠡᠳᠦᠳᠡᠭ᠃ ᠮᠣᠩᠭᠤᠯᠴᠣᠳ ᠡᠨᠡ ᠡᠳᠦᠷ ᠢ ᠬᠡᠵᠢᠶᠡᠳᠡ ᠪᠠᠨ | ᠮᠠᠷᠳᠠᠬᠤ ᠦᠬᠡᠢ᠃ ᠬᠠᠭᠤᠷᠣᠭᠰᠠᠨ ᠠᠮᠣ ᠪᠠᠨ ᠨᠠᠷᠬᠠᠳᠠᠨ ᠬᠡᠮᠬᠡᠯᠡᠵᠦ ᠰᠢᠷ᠎ᠠ ᠳᠣᠰᠣ ᠲᠠᠢ ᠵᠢᠭᠤᠷᠠᠵᠦ ᠪᠣᠳᠠᠭ᠎ᠠ | ᠴᠠᠷᠴᠠᠭᠠᠳᠠᠭ᠃ ᠦᠷᠯᠦᠬᠡ ᠡᠷᠳᠡ ᠳᠤ ᠪᠠᠨ ᠬᠦᠬᠡᠷᠦᠬᠦᠯᠦᠭᠰᠡᠨ ᠦᠷᠦᠮ᠎ᠡ᠂ ᠰᠦ ᠲᠠᠢ ᠴᠠᠢ ᠣᠣᠭᠤᠵᠦ ᠣᠯᠠᠨ ᠢᠶᠠᠷ | ᠢᠶᠠᠨ ᠴᠠᠷᠴᠠᠭᠠᠭᠰᠠᠨ ᠪᠣᠳᠠᠭ᠎ᠠ ᠢᠳᠡᠵᠦ᠂ ᠪᠣᠷᠬᠠᠨ ᠰᠢᠳᠦᠬᠡᠨ ᠳᠤ ᠪᠠᠨ ᠮᠦᠷᠬᠦᠨ ᠰᠠᠶᠢᠨ ᠰᠠᠶᠢᠬᠠᠨ ᠪᠦᠬᠦᠨ ᠢ | ᠬᠦᠰᠡᠨ ᠳᠠᠭᠠᠳᠬᠠᠨ᠎ᠠ᠃ ᠭᠠᠳᠠᠭᠰᠢ ᠭᠠᠷᠣᠭᠰᠠᠨ ᠬᠦᠮᠦᠰ ᠴᠦ ᠬᠤᠷᠠᠨ ᠴᠣᠭᠯᠠᠷᠠᠵᠦ ᠨᠢᠬᠡ ᠡᠳᠦᠷ ᠨᠠᠷᠬᠢᠨ | ᠬᠦᠬᠡᠷᠦᠯᠳᠦᠬᠦ ᠶᠢ ᠴᠡᠬᠡᠷᠯᠡᠳᠡᠭ᠃ ᠰᠦᠨᠢ ᠳᠤ ᠪᠠᠨ ᠬᠡᠷ ᠡᠷᠦᠬᠡ ᠪᠦᠬᠦᠨ ᠳᠤ ᠪᠠᠨ ᠳ᠋ᠧᠩ ᠠᠰᠠᠭᠠᠨ ᠬᠤᠨᠣᠨ᠎ᠠ᠂ | ᠳᠡᠬᠦᠨ ᠤ ᠳᠠᠭᠠᠣ ᠬᠡᠷ ᠪᠦᠯᠢ ᠪᠠᠷ ᠢᠶᠠᠨ ᠬᠤᠷᠢᠨ ᠳᠠᠪᠣᠨ ᠤ ᠪᠣᠳᠠᠭ᠎ᠠ ᠢᠳᠡᠳᠡᠭ᠃ ᠪᠠᠰᠠ ᠣᠶᠢᠷ᠎ᠠ ᠰᠠᠳᠣᠨ᠂ | ᠨᠠᠰᠣᠳᠠᠨ ᠳᠣᠮᠣᠴᠣᠣᠯ ᠳᠤ ᠪᠠᠨ ᠢᠳᠡᠬᠡᠨ ᠤ ᠳᠡᠬᠡᠵᠢ ᠪᠠᠨ ᠬᠦᠷᠬᠡᠨ᠂ ᠬᠠᠪᠢ ᠳᠦᠬᠦᠮ ᠤᠨ ᠠᠶᠢᠯ ᠡᠷᠦᠬᠡ ᠳᠤ | ᠪᠠᠨ ᠬᠤᠪᠢ ᠳᠦᠬᠡᠳᠡᠭ᠃ ᠳᠠᠷᠠᠭ᠎ᠠ ᠦᠷᠯᠦᠬᠡ ᠪᠣᠯᠬᠤ ᠳᠤ ᠬᠡᠷ ᠪᠦᠬᠦᠨ ᠤ ᠳ᠋ᠧᠩ ᠬᠡᠷᠡᠯᠳᠦᠵᠦ ᠪᠠᠶᠢᠪᠠᠯ ᠢᠷᠡᠬᠦ | ᠵᠢᠯ ᠤᠨ ᠠᠯᠢᠪᠠ ᠪᠦᠬᠦᠨ ᠦᠬᠡᠳᠡ ᠡᠰᠡᠷᠡᠭ ᠬᠡᠮᠡᠨ ᠦᠵᠡᠳᠡᠭ᠃ ᠠᠷᠪᠠᠨ ᠰᠠᠷ᠎ᠠ ᠶᠢᠨ ᠬᠤᠷᠢᠨ ᠳᠠᠪᠣᠨ ᠢ | ᠦᠩᠭᠡᠷᠡᠬᠦᠯᠬᠦ ᠵᠠᠩᠰᠢᠯ ᠬᠠᠮᠢᠭ᠎ᠠ ᠴᠦ ᠬᠡᠰᠡᠨ ᠣᠯᠠᠮᠵᠢᠯᠠᠭᠳᠠᠨ ᠶᠠᠪᠣᠭᠳᠠᠵᠦ᠂ ᠵᠢᠯ ᠪᠦᠷᠢ ᠠᠶᠢᠯ ᠡᠷᠦᠬᠡ | ᠪᠦᠬᠦᠨ ᠳᠣᠷᠠᠰᠬᠠᠨ᠂ ᠣᠯᠠᠮᠵᠢᠯᠠᠯ ᠶᠣᠰᠤ ᠪᠠᠷ ᠢᠶᠠᠨ ᠦᠩᠭᠡᠷᠡᠬᠦᠯᠵᠦ᠂ ᠬᠡᠣᠬᠡᠳ ᠰᠢᠣᠬᠠᠳ ᠲᠤ ᠣᠴᠢᠷ ᠶᠣᠰᠣ | ᠶᠢ ᠨᠢ ᠶᠠᠷᠢᠵᠦ᠂ ᠬᠤᠵᠢᠮ ᠬᠤᠶᠢᠰᠢᠳᠠ ᠵᠠᠯᠭᠠᠮᠵᠢᠯᠠᠨ ᠡᠷᠬᠢᠮᠯᠡᠬᠦ ᠶᠢ ᠰᠠᠨᠠᠭᠤᠯᠣᠨ ᠰᠣᠷᠭᠠᠵᠦ ᠦᠪᠡᠷᠮᠢᠴᠡ | ᠳᠣᠷᠠᠰᠬᠠᠯ ᠤᠨ ᠡᠳᠦᠷ ᠢᠶᠠᠨ ᠪᠠᠷᠢᠮᠳᠠᠯᠠᠭᠰᠠᠭᠠᠷ ᠪᠣᠢ᠃ | ᠠᠷᠪᠠᠨ ᠰᠠᠷ᠎ᠠ ᠶᠢᠨ ᠬᠤᠷᠢᠨ ᠳᠠᠪᠣᠨ ᠢ ᠮᠣᠩᠭᠤᠯᠴᠣᠳ ᠶᠡᠭᠡ ᠪᠠᠷ ᠡᠷᠬᠢᠮᠯᠡᠨ ᠬᠦᠨᠳᠦᠳᠬᠡᠵᠦ᠂ ᠨᠢᠬᠡ | ᠡᠳᠦᠷ ᠤᠨ ᠠᠯᠢᠪᠠ ᠦᠢᠯᠡ ᠠᠵᠢᠯ ᠢᠶᠠᠨ ᠡᠮᠬᠢ ᠴᠡᠭᠴᠡᠳᠡᠢ ᠬᠦᠢᠴᠡᠳᠬᠡᠨ᠎ᠠ᠃ ᠵᠠᠷᠢᠮ ᠨᠢ ᠢᠷᠡᠵᠦ ᠵᠠᠪᠳᠣᠬᠤ | ᠦᠬᠡᠢ ᠪᠣᠯ ᠬᠡᠷ ᠪᠦᠯᠢ ᠶᠢᠨ ᠬᠦᠮᠦᠰ ᠨᠢ ᠪᠠᠶᠠᠷ ᠤᠨ ᠡᠳᠦᠷ ᠲᠠᠢ ᠠᠳᠠᠯᠢᠬᠠᠨ ᠬᠤᠪᠢ ᠳᠦᠬᠡᠬᠡᠨ ᠬᠤᠶᠢᠨ᠎ᠠ ᠠᠴᠠ | ᠨᠢ ᠢᠯᠡᠭᠡᠳᠡᠭ᠃ ᠬᠠᠵᠠᠭᠤ ᠬᠤᠪᠢ ᠶᠢᠨ ᠠᠶᠢᠯ ᠣᠰᠣᠨ ᠤ ᠨᠠᠰᠣᠳᠠᠨ ᠪᠣᠭᠤᠷᠣᠯᠴᠣᠣᠯ᠂ ᠰᠠᠳᠣᠨ ᠳᠦᠷᠦᠯ ᠳᠤ | ᠪᠠᠨ ᠴᠠᠷᠴᠠᠭᠠᠭᠰᠠᠨ ᠪᠣᠳᠠᠭ᠎ᠠ ᠬᠦᠷᠬᠡᠨ᠎ᠡ᠃ ᠡᠬᠦᠨ ᠢ ᠬᠠᠮᠤᠭ ᠤᠨ ᠡᠷᠬᠢᠮ ᠪᠡᠯᠡᠭ ᠢᠶᠠᠷ ᠬᠦᠯᠢᠶᠡᠨ ᠠᠪᠳᠠᠭ᠃ | ᠵᠢᠮᠪᠠ ᠨᠠᠰᠣᠳᠠᠨ ᠨᠠᠳᠠᠳᠦ᠄ | — ᠡᠳᠡᠬᠡᠷ ᠴᠢᠨᠢ ᠵᠠᠩ ᠦᠢᠯᠡ ᠲᠠᠢ ᠬᠤᠯᠪᠣᠭᠳᠠᠬᠤ ᠰᠣᠶᠣᠯ ᠤᠨ ᠠᠵᠢᠯᠯᠠᠭ᠎ᠠ ᠰᠢᠦ᠂ ᠵᠠᠷᠢᠮ ᠬᠦᠮᠦᠨ | ᠶᠠᠭᠤ ᠶᠢ ᠴᠦ ᠪᠦᠷ ᠱᠠᠰᠢᠨ ᠤ ᠨᠦᠯᠦᠬᠡ ᠭᠡᠵᠤ ᠦᠵᠡᠳᠡᠭ᠃ ᠡᠨᠡ ᠨᠢ ᠨᠢᠬᠡ ᠭᠠᠵᠠᠷ ᠣᠷᠣᠨ ᠤ ᠰᠣᠶᠣᠯ ᠤᠨ | ᠣᠯᠠᠮᠵᠢᠯᠠᠯ᠂ ᠡᠶ᠎ᠡ ᠨᠠᠶᠢᠷ ᠲᠠᠢ ᠶᠠᠪᠣᠯᠴᠠᠬᠤ ᠶᠢ ᠬᠠᠷᠠᠭᠤᠯᠵᠦ ᠪᠠᠶᠢᠳᠠᠭ᠃ ᠮᠣᠩᠭᠤᠯᠴᠣᠳ ᠠᠯᠢ ᠤᠵᠠᠭᠤᠷ ᠠᠴᠠ | ᠰᠣᠶᠣᠯ ᠢᠶᠠᠨ ᠬᠦᠨᠳᠦᠳᠬᠡᠨ ᠵᠠᠩ ᠰᠣᠷᠳᠠᠯ ᠢᠶᠠᠨ ᠣᠯᠠᠮᠵᠢᠯᠠᠨ ᠵᠠᠯᠭᠠᠮᠵᠢᠯᠠᠵᠦ ᠢᠷᠡᠭᠰᠡᠨ ᠭᠡᠵᠤ ᠣᠴᠢᠷᠳᠠᠶᠢᠬᠠᠨ | ᠬᠡᠯᠡᠭᠰᠡᠨ ᠶᠤᠮ᠃ | ᠲᠤᠭᠤᠭ᠎ᠠ ᠨᠡᠷᠡᠬᠦ ᠪᠠᠶᠠᠷ | ᠮᠠᠯᠵᠢᠬᠤ ᠣᠷᠣᠨ ᠳᠤ ᠪᠠᠰᠠ ᠴᠠᠭᠠᠨ ᠢᠳᠡᠬᠡᠨ ᠤ ᠨᠠᠶᠢᠷ᠂ ᠳᠣᠭᠤᠭ᠎ᠠ ᠨᠡᠷᠡᠬᠦ ᠨᠠᠶᠢᠷ ᠭᠡᠵᠤ | ᠪᠣᠢ᠃ ᠵᠢᠯ ᠪᠦᠷᠢ ᠶᠢᠨ ᠵᠣᠨ ᠤ ᠣᠯᠠᠷᠢᠯ ᠪᠣᠯᠣᠮᠠᠭᠴᠠ ᠮᠠᠯᠴᠢᠳ ᠵᠣᠰᠠᠭᠠᠯ ᠢᠶᠠᠷ ᠭᠠᠷᠴᠦ ᠰᠦ ᠰᠠᠭᠠᠯᠢ ᠪᠠᠨ | ᠬᠤᠷᠢᠶᠠᠨ ᠴᠠᠭᠠᠨ ᠢᠳᠡᠭᠡᠨ ᠭᠠᠷᠭᠠᠵᠦ᠂ ᠰᠢᠨ᠎ᠡ ᠳᠣᠭᠤᠭ᠎ᠠ ᠨᠡᠷᠡᠳᠡᠭ᠃ ᠲᠤᠭᠤᠭ᠎ᠠ ᠨᠡᠷᠡᠬᠦ ᠭᠡᠳᠡᠭ ᠨᠢ ᠰᠠᠭᠠᠯᠢ ᠶᠢᠨ | ᠠᠷᠢᠬᠢ ᠨᠡᠷᠡᠬᠦ ᠶᠢ ᠬᠡᠯᠡᠳᠡᠭ᠂ ᠪᠠᠰᠠ ᠵᠠᠷᠢᠮ ᠨᠢ ᠮᠠᠯ ᠤᠨ ᠠᠷᠢᠬᠢ ᠭᠡᠳᠡᠭ ᠴᠦ ᠪᠤᠢ᠃ ᠪᠡᠯᠴᠢᠬᠡᠷ ᠣᠰᠣ | ᠵᠣᠬᠢᠴᠠᠨ ᠪᠠᠶᠢᠭᠠᠯᠢ ᠳᠡᠯᠡᠬᠡᠢ ᠨᠣᠮᠢᠨ ᠦᠩᠬᠡ ᠪᠠᠷ ᠴᠢᠮᠡᠭᠳᠡᠨ ᠮᠠᠯ ᠰᠦᠷᠦᠭ ᠴᠠᠶᠢᠷᠠᠵᠦ᠂ ᠮᠠᠯᠴᠢᠨ ᠠᠷᠠᠳ ᠤᠨ | ᠶᠠᠳᠠᠷᠠᠯ ᠵᠦᠳᠡᠷᠡᠯ ᠳᠠᠶᠢᠯᠣᠭᠳᠠᠨ ᠰᠡᠳᠬᠢᠯ ᠲᠡᠨᠢᠢᠨ ᠪᠠᠶᠠᠰᠣᠭᠰᠠᠨ ᠴᠠᠭ ᠲᠤ ᠠᠶᠢᠯ ᠣᠯᠠᠨ ᠢᠶᠠᠷ ᠢᠶᠠᠨ ᠴᠣᠭᠯᠠᠷᠠᠨ | ᠴᠠᠭᠠᠨ ᠢᠳᠡᠬᠡᠨ᠂ ᠳᠣᠭᠤᠭ᠎ᠠ ᠨᠡᠷᠡᠬᠦ ᠨᠠᠶᠢᠷ ᠬᠢᠵᠦ᠂ ᠰᠠᠭᠠᠯᠢ ᠶᠢᠨ ᠳᠡᠬᠡᠵᠢ ᠪᠠᠨ ᠠᠮᠰᠠᠨ᠂ ᠨᠣᠳᠤᠭ ᠣᠰᠣ ᠪᠠᠨ | ᠪᠠᠶᠠᠰᠬᠠᠵᠦ᠂ ᠠᠶᠢᠯ ᠬᠤᠳᠠ ᠪᠠᠷ ᠢᠶᠠᠨ ᠪᠠᠶᠠᠷᠯᠠᠯᠳᠣᠨ ᠠᠳᠣᠭᠤ ᠮᠠᠯ ᠤᠨ ᠦᠨᠢᠷ ᠦᠰᠦᠯᠳᠡ ᠪᠠᠨ ᠪᠡᠯᠭᠡᠳᠡᠨ᠂ ᠢᠷᠡᠬᠦ | ᠣᠨ ᠤ ᠦᠬᠡᠳᠡ ᠡᠰᠡᠷᠡᠭ ᠢ ᠪᠠᠨ ᠵᠦᠩᠨᠡᠨ ᠳᠠᠭᠠᠳᠬᠠᠳᠠᠭ᠃ | ᠡᠶᠢᠮᠦᠷᠬᠦᠦ ᠨᠠᠶᠢᠷ ᠳᠦᠷᠦᠬᠦᠦ ᠵᠠᠭᠤᠨ ᠤ ᠳᠠᠯᠠᠭᠠᠳ ᠣᠨ ᠤ ᠰᠡᠬᠦᠯᠴᠢ ᠪᠣᠯᠳᠠᠯ᠎ᠠ ᠶᠠᠪᠣᠭᠳᠠᠨ ᠰᠡᠬᠦᠯ | ᠳᠤ ᠨᠢ ᠣᠯᠠᠨ ᠳᠠᠯ᠎ᠠ ᠶᠢᠨ ᠰᠢᠯᠳᠠᠭᠠᠨ ᠢᠶᠠᠷ ᠬᠦᠮᠦᠰ ᠤᠨ ᠰᠠᠨᠠᠭ᠎ᠠ ᠪᠣᠳᠣᠯ ᠳᠤ ᠣᠷᠣᠬᠤ ᠪᠠᠨ ᠪᠣᠯᠢᠵᠦ | ᠵᠠᠯᠠᠭᠤ ᠪᠠᠭᠠᠴᠣᠳ ᠮᠡᠳᠡᠬᠦ ᠨᠢ ᠴᠦᠬᠡᠷᠡᠵᠦ᠂ ᠪᠠᠰᠠ ᠨᠢᠬᠡᠨ ᠣᠯᠠᠮᠵᠢᠯᠠᠯᠳᠦ ᠰᠣᠶᠣᠯ ᠤᠨ ᠴᠢᠬᠤᠯᠠ ᠨᠢᠭᠡᠨ ᠬᠡᠰᠡᠭ | ᠪᠠᠯᠠᠷᠠᠵᠦ ᠪᠣᠢ᠃ | ᠪᠠᠶᠠᠷ ᠨᠠᠶᠢᠷ ᠤᠨ ᠳᠣᠬᠠᠢ ᠬᠦᠮᠦᠰ ᠤᠨ ᠬᠦᠰᠡᠯ ᠪᠣᠳᠣᠯ | ᠮᠣᠩᠭᠤᠯ ᠣᠷᠣᠨ ᠤ ᠪᠠᠶᠠᠷ ᠨᠠᠶᠢᠷ ᠨᠢ ᠣᠷᠣᠨ ᠨᠣᠳᠤᠭ ᠤᠨ ᠣᠨᠴᠠᠯᠢᠭ᠂ ᠪᠠᠶᠢᠭᠠᠯᠢ ᠠᠬᠤᠢ | ᠶᠢᠨ ᠰᠢᠨᠵᠢ ᠴᠢᠨᠠᠷ᠂ ᠦᠨᠳᠦᠰᠦᠳᠡᠨ ᠤ ᠵᠠᠩ ᠠᠷᠠᠨᠰᠢᠨ ᠠᠴᠠ ᠳᠣᠭᠳᠠᠭᠠᠭᠳᠠᠭᠰᠠᠨ ᠦᠨᠢ ᠣᠳᠠᠭᠠᠨ ᠳᠡᠣᠬᠡ ᠲᠠᠢ | ᠪᠦᠭᠡᠳ ᠠᠷᠠᠳ ᠤᠨ ᠳᠣᠮᠳᠠ ᠦᠶ᠎ᠡ ᠣᠯᠠᠮᠵᠢᠯᠠᠭᠳᠠᠵᠦ ᠢᠷᠡᠭᠰᠡᠨ ᠦᠪᠡᠷᠮᠢᠴᠡ ᠰᠣᠶᠣᠯ ᠤᠨ ᠪᠦᠷᠢᠯᠳᠦᠬᠦᠨ | ᠬᠡᠰᠡᠭ ᠪᠣᠯᠣᠨ᠎ᠠ᠃ ᠡᠳᠡᠬᠡᠷ ᠪᠠᠶᠠᠷ ᠨᠠᠶᠢᠷ ᠤᠨ ᠠᠵᠢᠯᠯᠠᠭ᠎ᠠ ᠶᠢ ᠰᠠᠶᠢᠳᠣᠷ ᠵᠣᠬᠢᠶᠠᠨ ᠪᠠᠶᠢᠭᠤᠯᠬᠤ ᠨᠢ ᠰᠣᠶᠣᠯ ᠤᠨ | ᠠᠵᠢᠯᠯᠠᠭ᠎ᠠ ᠶᠢ ᠬᠦᠭᠵᠢᠬᠡᠨ ᠲᠠᠢ ᠪᠣᠯᠭᠠᠬᠤ᠂ ᠡᠶ᠎ᠡ ᠨᠠᠶᠢᠷ ᠲᠠᠢ ᠣᠷᠣᠰᠢᠨ ᠠᠮᠢᠳᠣᠷᠠᠬᠤ ᠶᠢ ᠠᠬᠢᠭᠤᠯᠬᠤ᠂ ᠪᠠᠶᠢᠭᠠᠯᠢ | ᠣᠷᠴᠢᠨ ᠢᠶᠠᠨ ᠬᠠᠶᠢᠷᠠᠯᠠᠨ ᠬᠠᠮᠠᠭᠠᠯᠠᠬᠤ ᠳᠤ ᠵᠣᠬᠢᠬᠤ ᠨᠦᠯᠦᠬᠡ ᠦᠵᠡᠬᠦᠯᠬᠦ ᠪᠦᠭᠡᠳ ᠰᠣᠶᠣᠯ ᠢᠶᠠᠨ ᠣᠯᠠᠮᠵᠢᠯᠠᠬᠤ | ᠶᠢ ᠪᠦᠳᠦᠮᠵᠢᠳᠡᠢ ᠠᠬᠢᠭᠤᠯᠵᠦ ᠴᠢᠳᠠᠨ᠎ᠠ᠃ | ᠮᠠᠯᠴᠢᠳ ᠤᠨ ᠣᠯᠠᠮᠵᠢᠯᠠᠯᠳᠦ ᠰᠣᠶᠣᠯ ᠢᠶᠠᠨ ᠵᠠᠯᠭᠠᠮᠵᠢᠯᠠᠨ ᠦᠷᠨᠢᠬᠦᠯᠬᠦ ᠶᠢ ᠢᠳᠡᠪᠬᠢᠳᠡᠢ ᠵᠢᠭᠠᠨ | ᠵᠢᠯᠣᠭᠤᠳᠴᠦ᠂ ᠳᠡᠬᠦᠨ ᠤ ᠠᠴᠢ ᠬᠤᠯᠪᠣᠭᠳᠠᠯ᠂ ᠨᠦᠯᠦᠬᠡ ᠦᠢᠯᠡᠳᠦᠯ ᠢ ᠵᠦᠪ ᠢᠶᠠᠷ ᠣᠶᠢᠯᠠᠭᠠᠨ ᠳᠠᠨᠢᠵᠦ᠂ ᠪᠠᠯᠠᠷᠠᠨ | ᠬᠠᠶᠢᠯᠣᠭᠳᠠᠵᠦ ᠪᠠᠶᠢᠭ᠎ᠠ ᠰᠣᠶᠣᠯ ᠵᠠᠩᠰᠢᠯ ᠢᠶᠠᠨ ᠠᠪᠣᠷᠠᠨ ᠬᠠᠮᠠᠭᠠᠯᠠᠵᠦ ᠦᠷ᠎ᠡ ᠬᠤᠶᠢᠴᠢᠰ ᠲᠤ ᠪᠠᠨ ᠦᠪ | ᠪᠣᠯᠭᠠᠨ ᠰᠣᠷᠭᠠᠬᠤ ᠶᠢ ᠠᠩᠬᠠᠷᠣᠨ ᠴᠢᠬᠤᠯᠠᠴᠢᠯᠠᠪᠠᠯ ᠵᠣᠬᠢᠨ᠎ᠠ᠃ ᠳᠡᠳᠡᠬᠡᠷ ᠰᠣᠶᠣᠯ ᠨᠠᠶᠢᠷ ᠤᠨ ᠠᠵᠢᠯᠯᠠᠭ᠎ᠠ ᠶᠢ | ᠶᠠᠮᠠᠷ ᠨᠢᠬᠡᠨ ᠬᠦᠮᠦᠨ ᠦᠪᠡᠷ ᠤᠨ ᠰᠠᠨᠠᠭ᠎ᠠ ᠪᠣᠳᠣᠯ ᠢᠶᠠᠷ ᠢᠶᠠᠨ ᠵᠣᠬᠢᠶᠠᠨ ᠳᠣᠭᠳᠠᠭᠠᠭᠰᠠᠨ ᠪᠢᠰᠢ᠂ ᠣᠷᠳᠦ | ᠬᠤᠭᠤᠴᠠᠭᠠᠨ ᠤ ᠨᠡᠶᠢᠬᠡᠮ ᠤᠨ ᠬᠦᠭᠵᠢᠯᠳᠡ ᠶᠢᠨ ᠶᠠᠪᠣᠴᠠ ᠳᠤ ᠪᠦᠷᠢᠯᠳᠦᠨ ᠣᠯᠠᠮᠵᠢᠯᠠᠭᠳᠠᠭᠰᠠᠨ ᠰᠣᠶᠣᠯ | ᠤᠨ ᠪᠦᠲᠦᠬᠡᠯ ᠪᠣᠯᠬᠤᠷ ᠡᠴᠢᠨ᠎ᠠ ᠳᠠᠯᠳᠠ ᠣᠳᠬ᠎ᠠ ᠠᠭᠤᠯᠭ᠎ᠠ ᠶᠢ ᠨᠢ ᠵᠦᠪ ᠬᠦᠨᠵᠡᠬᠡᠢ ᠣᠶᠢᠯᠠᠭᠠᠵᠦ᠂ ᠨᠡᠶᠢᠬᠡᠮ ᠤᠨ | ᠠᠵᠢᠯᠯᠠᠭ᠎ᠠ ᠶᠢᠨ ᠨᠢᠬᠡᠨ ᠠᠭᠤᠯᠭ᠎ᠠ ᠪᠣᠯᠭᠠᠬᠤ ᠴᠢᠬᠤᠯᠠᠳᠠᠢ᠃ ᠡᠬᠦᠨ ᠤ ᠬᠠᠮᠳᠦ ᠶᠠᠮᠠᠷ ᠨᠢᠬᠡᠨ ᠬᠦᠮᠦᠨ ᠤ ᠶᠠᠮᠠᠷ | ᠨᠢᠬᠡᠨ ᠵᠣᠷᠢᠯᠭ᠎ᠠ ᠪᠠᠷ ᠢᠵᠠᠭᠤᠷ ᠰᠣᠶᠣᠯ ᠢ ᠠᠰᠢᠭᠯᠠᠨ ᠪᠣᠬᠢᠷᠳᠣᠯ ᠳᠦᠢᠪᠡᠬᠡᠯᠬᠡ ᠬᠢᠬᠦ ᠶᠢ ᠡᠷᠡᠰ ᠳᠠᠪᠴᠢᠵᠦ᠂ | ᠠᠷᠢᠭᠤᠨ ᠴᠡᠪᠡᠷ ᠴᠢᠨᠠᠷ᠂ ᠦᠪᠡᠷᠮᠢᠴᠡ ᠴᠢᠨᠠᠷ ᠢ ᠪᠠᠳᠣᠯᠠᠬᠤ ᠬᠡᠷᠡᠭᠳᠡᠢ᠃ ᠮᠠᠯᠴᠢᠳ ᠴᠦ ᠰᠣᠶᠣᠯ ᠤᠨ ᠢᠶᠠᠨ | ᠳᠣᠬᠠᠢ ᠵᠦᠪ ᠳᠠᠨᠢᠯᠳᠠ ᠲᠠᠢ ᠪᠠᠶᠢᠵᠦ᠂ ᠶᠠᠮᠠᠷ ᠨᠢᠬᠡᠨ ᠪᠣᠷᠣᠭᠤ ᠰᠠᠨᠠᠭᠠᠳᠠᠨ ᠳᠤ ᠠᠰᠢᠭᠯᠠᠭᠳᠠᠨ ᠰᠣᠶᠣᠯ ᠢᠶᠠᠨ | ᠰᠦᠢᠳᠬᠡᠨ᠂ ᠰᠣᠷᠳᠠᠯ ᠢᠶᠠᠨ ᠪᠣᠵᠠᠷᠳᠠᠭᠤᠯᠬᠤ ᠶᠢ ᠰᠡᠷᠬᠡᠶᠢᠯᠡᠪᠡᠯ ᠵᠣᠬᠢᠨ᠎ᠠ᠃ | ᠮᠠᠯᠵᠢᠬᠤ ᠣᠷᠣᠨ ᠤ ᠪᠠᠶᠠᠷ ᠨᠠᠶᠢᠷ ᠤᠨ ᠡᠳᠦᠷ ᠤᠨ ᠳᠣᠬᠠᠢ ᠨᠠᠷᠢᠨ ᠨᠢᠭᠳᠠ ᠪᠠᠶᠢᠴᠠᠭᠠᠨ | ᠰᠣᠳᠣᠯᠣᠯᠳᠠ ᠬᠢᠵᠦ᠂ ᠭᠠᠵᠠᠷ ᠭᠠᠵᠠᠷ ᠤᠨ ᠣᠨᠴᠠᠯᠢᠭ ᠬᠢᠭᠡᠳ ᠡᠳᠦᠷ ᠬᠤᠭᠤᠴᠠᠭ᠎ᠠ ᠶᠢ ᠣᠶᠢᠯᠠᠭᠠᠨ ᠬᠠᠷᠢᠯᠴᠠᠨ | ᠬᠠᠷᠢᠴᠠᠭᠤᠯᠵᠦ᠂ ᠬᠠᠮᠢᠶ᠎ᠠ ᠪᠦᠬᠦᠢ ᠬᠠᠣᠯᠢ ᠳᠦᠷᠢᠮ ᠤᠨ ᠶᠤᠰᠤ ᠪᠠᠷ ᠪᠠᠶᠠᠷ ᠤᠨ ᠡᠳᠦᠷ ᠪᠣᠶᠣ ᠠᠮᠠᠷᠠᠯᠳᠠ ᠶᠢᠨ | ᠡᠳᠦᠷ ᠢ ᠪᠠᠳᠣᠯᠠᠨ ᠳᠣᠭᠳᠠᠭᠠᠵᠦ᠂ ᠮᠠᠯᠴᠢᠳ ᠤᠨ ᠣᠯᠠᠮᠵᠢᠯᠠᠯᠳᠦ ᠰᠣᠶᠣᠯ ᠤᠨ ᠠᠵᠢᠯᠯᠠᠭ᠎ᠠ ᠶᠢ ᠵᠣᠬᠢᠶᠠᠨ | ᠪᠠᠶᠢᠭᠤᠯᠬᠤ ᠶᠢ ᠪᠠᠳᠣᠯᠠᠵᠦ᠂ ᠳᠡᠣᠬᠡᠨ ᠠᠴᠠ ᠣᠯᠠᠮᠵᠢᠯᠠᠭᠳᠠᠵᠦ ᠢᠷᠡᠭᠰᠡᠨ ᠵᠠᠩ ᠳᠠᠳᠬᠠᠯ ᠢ ᠰᠡᠷᠬᠦᠬᠡᠨ᠂ | ᠬᠠᠶᠢᠯᠣᠭᠳᠠᠨ ᠪᠠᠯᠠᠷᠠᠵᠦ ᠪᠠᠶᠢᠭ᠎ᠠ ᠦᠪᠡᠷᠮᠢᠴᠡ ᠰᠣᠶᠣᠯ ᠤᠨ ᠠᠵᠢᠯᠯᠠᠭ᠎ᠠ ᠶᠢ ᠳᠦᠬᠡᠮᠡᠯᠵᠢᠬᠦᠯᠦᠨ ᠳᠡᠯᠬᠡᠷᠡᠬᠦᠯᠬᠦ ᠶᠢ | ᠠᠩᠬᠠᠷᠣᠨ ᠴᠢᠬᠤᠯᠠᠴᠢᠯᠠᠬᠤ ᠶᠢ ᠳᠡᠮᠵᠢᠪᠡᠯ ᠵᠣᠬᠢᠨ᠎ᠠ᠃ ᠮᠠᠯᠴᠢᠳ ᠴᠦ ᠣᠣᠷ ᠰᠣᠶᠣᠯ ᠢᠶᠠᠨ ᠬᠦᠨᠳᠦᠳᠬᠡᠨ | ᠨᠠᠰᠣᠳᠠᠨ ᠪᠣᠭᠤᠷᠣᠯᠴᠣᠣᠯ ᠤᠨ ᠰᠣᠷᠭᠠᠯ ᠢᠶᠠᠷ ᠵᠣᠬᠢᠬᠤ ᠴᠠᠭ ᠲᠤ ᠨᠢ ᠳᠣᠬᠢᠳᠠᠢ ᠠᠵᠢᠯᠯᠠᠭ᠎ᠠ ᠪᠠᠨ ᠪᠠᠭ᠎ᠠ | ᠬᠡᠪᠴᠢᠶᠠᠨ ᠳᠤ ᠬᠡᠰᠡᠨ ᠴᠦ ᠤᠯᠠᠮᠵᠢᠯᠠᠪᠠᠯ ᠬᠡᠣᠬᠡᠳ ᠪᠠᠭᠠᠴᠣᠳ ᠢᠶᠠᠨ ᠰᠣᠷᠭᠠᠨ ᠬᠦᠮᠦᠵᠢᠬᠦᠯᠬᠦ ᠳᠤ ᠠᠰᠢᠭᠳᠠᠢ | ᠪᠢᠯᠡ᠃ ᠪᠣᠰᠣᠳ ᠦᠨᠳᠦᠰᠦᠳᠡᠨ ᠨᠦᠭᠦᠳ ᠦᠪᠡᠷ ᠤᠨ ᠢᠶᠠᠨ ᠪᠠᠶᠠᠷ ᠤᠨ ᠡᠳᠦᠷ᠂ ᠨᠠᠶᠢᠷ ᠤᠨ ᠡᠳᠦᠷ ᠢ ᠬᠠᠣᠯᠢ | ᠳᠦᠷᠢᠮ ᠢᠶᠠᠷ ᠪᠠᠳᠣᠯᠠᠭᠤᠯᠣᠨ ᠠᠰᠢᠭᠯᠠᠵᠦ ᠠᠳᠠᠯ᠎ᠠ ᠮᠠᠯᠵᠢᠬᠤ ᠣᠷᠣᠨ ᠤ ᠦᠪᠡᠷᠮᠢᠴᠡ ᠰᠣᠶᠣᠯ ᠢ ᠣᠯᠠᠮᠵᠢᠯᠠᠨ | ᠪᠠᠷᠢᠮᠳᠠᠯᠠᠬᠤ ᠳᠤ ᠶᠣᠰᠣᠨ ᠠᠴᠠ ᠳᠡᠷᠰᠯᠡᠨ ᠬᠠᠣᠯᠢ ᠶᠢ ᠵᠦᠷᠢᠴᠡᠬᠦ ᠠᠵᠢᠯᠯᠠᠭ᠎ᠠ ᠭᠠᠷᠴᠦ ᠪᠣᠯᠬᠤ ᠦᠬᠡᠢ ᠶᠤᠮ᠃ | ᠮᠠᠨᠣᠰ ᠦᠪᠡᠷᠰᠡᠳ ᠢᠶᠠᠨ ᠰᠠᠨᠠᠭᠠᠴᠢᠯᠠᠭ᠎ᠠ ᠠᠴᠠ ᠪᠠᠨ ᠣᠣᠷ ᠰᠣᠶᠣᠯ ᠢᠶᠠᠨ ᠠᠩᠬᠠᠷᠬᠤ ᠦᠬᠡᠢ ᠨᠢ ᠭᠤᠣᠯ | ᠰᠢᠯᠳᠠᠭᠠᠨ ᠪᠣᠯᠣᠨ᠎ᠠ᠃ ᠬᠠᠰᠢ ᠯᠡ ᠬᠠᠣᠯᠢ ᠭᠡᠳᠡᠭ ᠢ ᠠᠰᠢᠭᠯᠠᠵᠦ ᠴᠢᠳᠠᠬᠤ ᠨᠢ ᠠᠯᠢᠪᠠ ᠪᠠᠶᠠᠷ ᠨᠠᠶᠢᠷ ᠤᠨ ᠡᠳᠦᠷ | ᠢᠶᠠᠨ ᠪᠡᠯᠭᠡᠯᠡᠵᠦ ᠣᠯᠠᠮᠵᠢᠯᠠᠬᠤ ᠶᠢᠨ ᠵᠠᠩᠬᠢᠯᠠᠭ᠎ᠠ ᠪᠢᠯᠡ᠃ ᠮᠠᠯᠵᠢᠬᠤ ᠣᠷᠣᠨ ᠤ ᠣᠯᠠᠮᠵᠢᠠᠯᠳᠦ ᠰᠣᠶᠣᠯ | ᠤᠨ ᠳᠣᠬᠠᠢ ᠣᠯᠠᠨ ᠬᠡᠯᠪᠡᠷᠢ ᠶᠢᠨ ᠨᠡᠶᠢᠬᠡᠮᠴᠢ ᠠᠵᠢᠯᠯᠠᠭ᠎ᠠ ᠶᠢ ᠢᠳᠡᠪᠬᠢᠳᠡᠢ ᠦᠷᠨᠢᠬᠦᠯᠵᠦ ᠢᠳᠡᠭ ᠢᠳᠡᠭ | ᠢᠶᠠᠷ ᠵᠣᠬᠢᠶᠠᠨ ᠪᠠᠶᠢᠭᠤᠯᠣᠯᠳᠠ ᠲᠠᠢ ᠪᠠᠷ ᠠᠳᠬᠤᠵᠦ᠂ ᠣᠯᠠᠨ ᠶᠠᠩᠵᠦ ᠶᠢᠨ ᠨᠡᠶᠢᠬᠡᠮᠯᠢᠭ ᠵᠡᠷᠬᠡ ᠶᠢ | ᠪᠠᠶᠢᠭᠤᠯᠣᠨ ᠰᠡᠳᠦᠪ ᠮᠠᠲ᠋ᠧᠷᠢᠶᠠᠯ ᠴᠣᠭᠯᠠᠭᠤᠯᠣᠨ ᠳᠣᠷᠰᠢᠯᠭ᠎ᠠ ᠬᠤᠷᠠᠮᠳᠣᠭᠤᠯᠵᠦ᠂ ᠪᠠᠶᠠᠷ ᠨᠠᠶᠢᠷ ᠤᠨ ᠡᠳᠦᠷ ᠢᠶᠠᠨ | ᠰᠠᠶᠢᠳᠣᠷ ᠠᠰᠢᠭᠯᠠᠵᠦ᠂ ᠶᠣᠰᠣ ᠵᠢᠷᠣᠮ ᠢ ᠨᠢ ᠦᠨᠡᠨᠴᠢ ᠪᠠᠷ ᠵᠢᠷᠣᠮᠯᠠᠵᠦ᠂ ᠣᠯᠠᠨ ᠳᠦᠮᠡᠨ ᠤ ᠴᠢᠬᠤᠯᠠ ᠨᠢᠬᠡᠨ ᠪᠠᠶᠠᠷ | ᠤᠨ ᠡᠳᠦᠷ᠂ ᠠᠮᠠᠷᠠᠯᠳᠠ ᠶᠢᠨ ᠡᠳᠦᠷ ᠪᠣᠯᠭᠠᠵᠦ ᠨᠡᠶᠢᠬᠡᠮ ᠤᠨ ᠳᠠᠪᠠᠭᠤᠯᠢᠭ ᠢ ᠬᠦᠷᠳᠡᠨ ᠰᠣᠶᠣᠯ ᠢᠶᠠᠨ ᠳᠡᠯᠬᠡᠷᠡᠬᠦᠯᠪᠡᠯ | ᠵᠣᠬᠢᠨ᠎ᠠ᠃ | ︵ᠡᠬᠡ ᠪᠢᠴᠢᠭ ᠢ ᠠᠷᠤ ᠬᠤᠷᠴᠢᠨ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ | ᠬᠠᠩᠭᠠᠪᠠ︶ | |