ᠰᠢᠯᠤᠭᠤᠨ ᠬᠥᠬᠡ ᠬᠤᠰᠢᠭᠤᠨ ᠤ ᠱᠠᠩᠳᠤ ᠵᠢᠭᠤᠯᠴᠢᠯᠠᠯ ᠤᠨ ᠦᠵᠡᠮᠵᠢ ᠶᠢᠨ ᠣᠷᠣᠨ ᠤ ᠬᠠᠮᠢᠶᠠᠷᠤᠯᠲᠠ ᠶᠢᠨ | ᠺᠣᠮᠫᠠᠨᠢ ᠶᠢᠨ ᠶᠡᠷᠦᠩᠬᠡᠶ ᠳᠠᠭᠠᠭᠠᠮᠠᠯ ᠢᠦᠢ ᠵᠢᠶᠠᠨ ᠵᠥᠩ ᠪᠣᠯ ᠰᠢᠯᠤᠭᠤᠨ ᠬᠥᠬᠡ ᠬᠤᠰᠢᠭᠤᠨ ᠤ ᠠᠷᠪᠠᠨ ᠨᠢᠭᠡᠳᠦᠭᠡᠷ | ᠬᠤᠭᠤᠴᠠᠭᠠᠨ ᠤ ᠤᠯᠤᠰ ᠲᠥᠷᠥ ᠶᠢᠨ ᠵᠥᠪᠯᠡᠯᠭᠡᠨ ᠤ ᠭᠡᠰᠢᠭᠦᠨ ᠪᠤᠯᠬᠤ ᠶᠤᠮ᠃ ᠲᠡᠷᠡ ᠱᠠᠩᠳᠤ ᠺᠢᠨᠣ᠋ ᠲᠧᠯᠸᠢᠰ | ᠤᠨ ᠬᠤᠲᠠ ᠶᠢᠨ ᠲᠦᠷᠦᠯ ᠵᠦᠢᠯ ᠢ ᠨᠠᠶᠢᠳᠠᠪᠤᠷᠢᠵᠢᠭᠤᠯᠤᠨ ᠥᠭᠡᠷᠡᠴᠢᠯᠡᠬᠦ ᠠᠵᠢᠯ ᠢ ᠢᠳᠡᠪᠬᠢᠲᠡᠢ ᠠᠬᠢᠭᠤᠯᠵᠤ᠂ | ᠰᠣᠶᠣᠯ ᠵᠢᠭᠤᠯᠴᠢᠯᠠᠯ ᠤᠨ ᠠᠵᠤ ᠦᠢᠯᠡᠰ ᠢ ᠬᠦᠭᠵᠢᠬᠦᠯᠦᠨ᠂ ᠣᠷᠣᠨ ᠨᠤᠲᠤᠭ ᠤᠨ ᠠᠵᠤ ᠠᠬᠤᠢ ᠳᠤ ᠰᠢᠨ᠎ᠡ | ᠠᠮᠢᠵᠢᠷᠠᠯ ᠤᠨ ᠬᠦᠴᠦᠨ ᠨᠡᠮᠡᠷᠢᠯᠡᠭᠰᠡᠨ ᠢᠶᠠᠷ ᠪᠠᠷᠠᠬᠤ ᠦᠭᠡᠢ ᠠᠷᠠᠳ ᠤᠨ ᠠᠮᠢᠳᠤᠷᠠᠯ ᠳᠤ ᠢᠮᠠᠬᠳᠠ ᠠᠩᠬᠠᠷᠤᠯ | ᠳᠠᠯᠪᠢᠵᠦ᠂ ᠮᠠᠯᠴᠢᠨ ᠲᠠᠷᠢᠶᠠᠴᠢᠨ ᠢ ᠳᠠᠭᠠᠭᠤᠯᠤᠨ ᠤᠷᠤᠯᠭ᠎ᠠ ᠶᠢ ᠨᠢ ᠨᠡᠮᠡᠭᠳᠡᠭᠦᠯᠬᠦ ᠪᠠᠷ ᠴᠢᠷᠮᠠᠶᠢᠨ᠂ ᠤᠯᠤᠰ ᠲᠦᠷᠦ | ᠶᠢᠨ ᠵᠥᠪᠯᠡᠯᠭᠡᠨ ᠤ ᠬᠡᠰᠢᠬᠦᠨ ᠤ ᠡᠭᠦᠷᠭᠡ ᠬᠠᠷᠢᠭᠤᠴᠠᠯᠭ᠎ᠠ ᠪᠠᠨ ᠦᠨᠡᠨᠬᠦ ᠬᠦᠢᠴᠡᠳᠭᠡᠵᠦ ᠪᠤᠢ᠃ | ᠰᠤᠷᠪᠤᠯᠵᠢᠯᠠᠭᠴᠢ ᠶᠢ ᠲᠡᠭᠦᠨ ᠲᠠᠢ ᠠᠭᠤᠯᠵᠠᠬᠤ ᠳᠤ᠂ ᠲᠡᠷᠡ ᠶᠠᠭ ᠠᠵᠢᠯᠴᠢᠳ ᠲᠠᠢ ᠪᠠᠨ ᠬᠠᠮᠳᠤ ᠱᠠᠩᠳᠤ | ᠺᠢᠨᠣ᠋ ᠲᠧᠯᠸᠢᠰ ᠤᠨ ᠬᠤᠲᠠ ᠶᠢᠨ ᠥᠭᠡᠷᠡᠴᠢᠯᠡᠯᠲᠡ ᠪᠦᠲᠦᠭᠡᠨ ᠪᠠᠶᠢᠭᠤᠯᠤᠯᠳᠠ ᠶᠢᠨ ᠲᠤᠬᠠᠢ ᠰᠤᠳᠤᠯᠤᠨ ᠶᠠᠷᠢᠯᠴᠠᠵᠤ | ᠪᠠᠶᠢᠯ᠎ᠠ᠃ | ᠨᠢᠭᠡᠨ ᠠᠵᠤ ᠠᠬᠤᠶᠢᠯᠠᠯᠲᠠᠨ ᠪᠣᠯᠤᠭᠰᠠᠨ ᠤ ᠬᠤᠪᠢ ᠳᠤ᠂ ᠢᠦᠢ ᠵᠢᠶᠠᠨ ᠵᠦᠩ ᠥᠪᠡᠷ ᠤᠨ ᠳᠠᠪᠠᠭᠤᠯᠢᠭ ᠢᠶᠠᠨ | ᠭᠦᠢᠴᠡᠳ ᠠᠰᠢᠭᠯᠠᠨ᠂ ᠰᠢᠯᠢᠳᠡᠭ ᠪᠡᠯᠡ ᠣᠷᠣᠭᠤᠯᠤᠯᠲᠠ ᠶᠢᠨ ᠠᠵᠤ ᠠᠬᠤᠶᠢᠯᠠᠯ ᠢ ᠣᠷᠣᠭᠤᠯᠤᠨ ᠠᠪᠴᠢᠷᠠᠵᠤ᠂ | ᠱᠠᠩᠳᠤ ᠺᠢᠨᠣ᠋ ᠲᠧᠯᠸᠢᠰ ᠤᠨ ᠬᠤᠲᠠ ᠶᠢᠨ ᠦᠵᠡᠮᠵᠢ ᠶᠢᠨ ᠣᠷᠣᠨ ᠢ ᠥᠭᠡᠷᠡᠴᠢᠯᠡᠨ ᠪᠠᠶᠢᠭᠤᠯᠬᠤ ᠪᠠ ᠦᠷᠭᠡᠳᠭᠡᠭᠦ | ᠲᠦᠷᠦᠯ ᠵᠦᠢᠯ ᠳᠤ ᠬᠦᠴᠦᠨ ᠨᠡᠮᠡᠷᠢᠯᠡᠭᠰᠡᠨ ᠪᠠᠶᠢᠨ᠎ᠠ᠃ ᠡᠨᠡᠬᠦ ᠲᠥᠷᠥᠯ ᠵᠦᠶᠯ ᠨᠢ ᠲᠠᠯ᠎ᠠ ᠨᠤᠲᠤᠭ ᠤᠨ ᠪᠠᠶᠢᠭᠠᠯᠢ | ᠶᠢᠨ ᠦᠵᠡᠮᠵᠢ ᠪᠠ ᠰᠣᠶᠣᠯ ᠤᠨ ᠠᠭᠤᠯᠤᠭᠳᠠᠬᠤᠨ ᠢ ᠭᠦᠶᠴᠡᠳ ᠠᠰᠢᠭᠯᠠᠵᠤ᠂ ᠺᠢᠨᠣ᠋ ᠲᠧᠯᠸᠢᠰ ᠰᠡᠭᠦᠳᠡᠷᠯᠡᠬᠦ᠂ | ᠵᠤᠭᠠᠴᠠᠨ ᠲᠣᠭᠤᠷᠢᠬᠤ᠂ ᠰᠣᠶᠣᠯ ᠢ ᠪᠡᠶᠡᠴᠢᠯᠡᠨ ᠣᠶᠢᠯᠠᠭᠠᠬᠤ ᠶᠢ ᠨᠢᠭᠡ ᠴᠤᠭᠴᠠᠵᠢᠭᠤᠯᠤᠭᠰᠠᠨ ᠣᠳᠣᠬᠢᠴᠢᠯᠠᠭᠰᠠᠨ | ᠶᠡᠷᠦᠩᠬᠡᠶᠢᠯᠡᠭᠰᠡᠨ ᠴᠢᠨᠠᠷᠲᠠᠶ ᠠᠮᠠᠷᠠᠯᠲᠠ ᠶᠢᠨ ᠣᠷᠣᠨ ᠢ ᠪᠠᠶᠢᠭᠤᠯᠬᠤ ᠪᠠᠷ ᠲᠥᠯᠥᠪᠯᠡᠵᠦ ᠪᠣᠶ᠃ ᠡᠨᠡ ᠨᠢ ᠦᠵᠡᠮᠵᠢ | ᠶᠢᠨ ᠣᠷᠣᠨ ᠳᠤ ᠴᠣ ᠰᠢᠨ᠎ᠡ ᠬᠥᠭᠵᠢᠯᠲᠡ ᠶᠢᠨ ᠠᠵᠠ ᠲᠣᠬᠢᠶᠠᠯ ᠢ ᠠᠪᠴᠢᠷᠠᠵᠤ ᠥᠭᠭᠦᠭᠰᠡᠨ ᠢᠶᠠᠷ ᠪᠠᠷᠠᠬᠤ ᠥᠬᠡᠶ | ᠲᠤᠬᠠᠶ ᠶᠢᠨ ᠭᠠᠵᠠᠷ ᠤᠨ ᠠᠵᠢᠯ ᠤᠯᠭᠤᠯᠳᠠ ᠶᠢ ᠠᠬᠢᠭᠤᠯᠵᠤ᠂ ᠡᠷᠬᠢᠨ ᠲᠣᠭᠤᠷᠢᠨ ᠤ ᠢᠳᠡᠭᠡᠨ ᠤᠮᠳᠠᠭᠠᠨ᠂ | ᠬᠤᠨᠤᠭ ᠪᠠᠭᠤᠳᠠᠯ ᠵᠡᠷᠭᠡ ᠬᠠᠮᠢᠶ᠎ᠠ ᠪᠥᠬᠦᠶ ᠠᠵᠤ ᠦᠶᠯᠡᠰ ᠤᠨ ᠬᠦᠭᠵᠢᠯᠳᠡ ᠶᠢ ᠲᠠᠶᠢᠴᠢᠯᠠᠨ᠂ ᠣᠷᠣᠨ ᠨᠤᠲᠤᠭ ᠤᠨ | ᠠᠵᠤ ᠠᠬᠤᠶ ᠳᠤ ᠰᠢᠨ᠎ᠡ ᠠᠮᠢᠵᠢᠷᠠᠯ ᠤᠨ ᠬᠦᠴᠦᠨ ᠨᠡᠮᠡᠷᠢᠯᠡᠭᠰᠡᠨ ᠪᠠᠶᠢᠨ᠎ᠠ᠃ | ᠢᠦᠢ ᠵᠢᠶᠠᠨ ᠵᠦᠩ ᠬᠡᠯᠡᠬᠦ ᠳᠡᠭᠡᠨ᠄ ︽ᠵᠤᠭᠠᠴᠠᠯ ᠤᠨ ᠦᠢᠯᠡᠰ ᠪᠣᠯ ᠤᠯᠤᠰ ᠤᠨ ᠲᠤᠯᠭᠠᠭᠤᠷᠢ ᠠᠵᠤ | ᠦᠢᠯᠡᠰ ᠮᠥᠨ ᠭᠡᠵᠦ ᠶᠡᠷᠦᠩᠬᠡᠢ ᠱᠦᠵᠢ ᠰᠢ ᠶᠢᠨ ᠫᠢᠩ ᠵᠢᠭᠠᠵᠤ ᠭᠠᠷᠭᠠᠭᠰᠠᠨ ᠶᠤᠮ᠃ ᠤᠯᠤᠰ ᠲᠥᠷᠥ ᠶᠢᠨ | ᠵᠥᠪᠯᠡᠯᠭᠡᠨ ᠤ ᠭᠡᠰᠢᠭᠦᠨ ᠪᠣᠯᠤᠭᠰᠠᠨ ᠤ ᠬᠤᠪᠢ ᠳᠤ ᠪᠢ ᠰᠢᠨ᠎ᠡ ᠶᠢ ᠡᠭᠦᠳᠬᠦ ᠪᠠᠷ ᠭᠤᠤᠯ ᠪᠣᠯᠭᠠᠬᠤ ᠶᠢ | ᠪᠠᠷᠢᠮᠲᠠᠯᠠᠵᠤ᠂ ᠵᠢᠭᠤᠯᠴᠢᠯᠠᠯ ᠤᠨ ᠰᠢᠨ᠎ᠡ ᠦᠶᠯᠡᠳᠬᠦᠨ ᠢ ᠲᠠᠰᠤᠷᠠᠯᠲᠠ ᠥᠬᠡᠶ ᠰᠤᠳᠤᠯᠤᠨ᠂ ᠵᠢᠭᠤᠯᠴᠢᠯᠠᠭᠴᠢᠳ | ᠤᠨ ᠬᠡᠷᠡᠭᠴᠡᠭᠡ ᠱᠠᠭᠠᠷᠳᠠᠯᠭ᠎ᠠ ᠶᠢ ᠬᠠᠩᠭᠠᠬᠤ ᠪᠠᠷ ᠴᠢᠷᠮᠠᠶᠢᠵᠦ ᠪᠠᠶᠢᠨ᠎ᠠ᠃ ᠪᠢᠳᠡ ᠰᠣᠶᠣᠯ ᠵᠢᠭᠤᠯᠴᠢᠯᠠᠯ᠂ ᠠᠮᠢ | ᠠᠬᠤᠶ ᠶᠢᠨ ᠵᠢᠭᠤᠯᠴᠢᠯᠠᠯ᠂ ᠰᠡᠯᠡᠭᠦᠴᠡᠯ ᠠᠮᠠᠷᠠᠯᠲᠠ ᠶᠢᠨ ᠵᠢᠭᠤᠯᠴᠢᠯᠠᠯ ᠵᠡᠷᠭᠡ ᠣᠯᠠᠨ ᠵᠦᠶᠯ ᠤᠨ ᠰᠢᠨ᠎ᠡ ᠬᠡᠯᠪᠡᠷᠢ | ᠶᠢᠨ ᠵᠢᠭᠤᠯᠴᠢᠯᠠᠯ ᠤᠨ ᠦᠶᠯᠡᠳᠬᠦᠨ ᠢ ᠨᠡᠭᠡᠭᠡᠨ ᠬᠥᠭᠵᠢᠭᠦᠯᠬᠦ ᠪᠠᠷ ᠴᠢᠷᠮᠠᠶᠢᠵᠤ ᠪᠠᠶᠢᠭ᠎ᠠ ᠶᠢᠨ ᠵᠣᠷᠢᠯᠭ᠎ᠠ ᠨᠢ | ᠵᠢᠭᠤᠯᠴᠢᠯᠠᠭᠴᠢᠳ ᠲᠤ ᠵᠢᠭᠤᠯᠴᠢᠯᠠᠯ ᠢᠶᠠᠷ ᠳᠠᠮᠵᠢᠭᠤᠯᠤᠨ ᠡᠯᠪᠡᠭ ᠪᠠᠶᠠᠯᠢᠭ ᠰᠣᠶᠣᠯ ᠪᠠ ᠪᠠᠶᠢᠭᠠᠯᠢ ᠶᠢᠨ ᠦᠵᠡᠮᠵᠢ | ᠶᠢ ᠮᠡᠳᠡᠷᠡᠭᠦᠯᠬᠦ ᠶᠢᠨ ᠲᠥᠯᠥᠭᠡ ᠶᠤᠮ᠃ ᠵᠢᠭᠤᠯᠴᠢᠯᠠᠯ ᠤᠨ ᠦᠶᠯᠡᠰ ᠤᠨ ᠴᠢᠨᠠᠷ ᠰᠠᠶᠢᠲᠠᠶ ᠬᠥᠭᠵᠢᠯᠲᠡ ᠶᠢ | ᠠᠬᠢᠭᠤᠯᠪᠠᠯ ᠰᠠᠶ᠋ᠢ ᠮᠠᠨ ᠤ ᠰᠢᠯᠤᠭᠤᠨ ᠬᠥᠬᠡ ᠬᠤᠰᠢᠭᠤᠨ ᠤ ᠠᠵᠤ ᠠᠬᠤᠶ ᠶᠢᠨ ᠴᠡᠴᠡᠭᠯᠡᠯ ᠬᠥᠭᠵᠢᠯ ᠪᠠ ᠨᠡᠶᠢᠭᠡᠮ | ᠤᠨ ᠳᠠᠪᠰᠢᠯᠲᠠ ᠳᠤ ᠨᠠᠩ ᠶᠡᠭᠡ ᠬᠤᠪᠢ ᠨᠡᠮᠡᠷᠢ ᠦᠵᠡᠭᠦᠯᠵᠦ ᠴᠢᠳᠠᠨ᠎ᠠ︾ ᠭᠡᠯᠡ᠃ | ᠤᠯᠤᠰ ᠲᠦᠷᠦ ᠶᠢᠨ ᠵᠥᠪᠯᠡᠯᠭᠡᠨ ᠤ ᠭᠡᠰᠢᠭᠦᠨ ᠪᠣᠯᠤᠭᠰᠠᠨ ᠤ ᠬᠤᠪᠢ ᠳᠤ ᠢᠦᠢ ᠵᠢᠶᠠᠨ ᠵᠦᠩ ᠤᠯᠠᠨ | ᠲᠦᠮᠡᠨ ᠤ ᠠᠰᠢᠭ ᠲᠤᠰᠠ ᠶᠢ ᠴᠠᠭ ᠢᠮᠠᠭᠲᠠ ᠰᠡᠳᠬᠢᠯ ᠳᠡᠭᠡᠨ ᠪᠤᠳᠤᠵᠤ ᠶᠠᠪᠤᠳᠠᠭ᠃ ᠲᠡᠷᠡ ᠰᠢᠯᠤᠭᠤᠨ ᠬᠦᠬᠡ | ᠬᠤᠰᠢᠭᠤᠨ ᠤ ᠬᠤᠶᠠᠳᠤᠭᠠᠷ ᠳᠤᠮᠳᠠᠳᠤ ᠰᠤᠷᠭᠠᠭᠤᠯᠢ ᠳᠤ 30 ᠲᠦᠮᠡᠨ ᠲᠥᠭᠦᠷᠢᠭ ᠬᠠᠨᠳᠢᠪᠯᠠᠵᠤ᠂ ᠰᠤᠷᠭᠠᠭᠤᠯᠢ | ᠶᠢᠨ ᠵᠢᠭᠠᠨ ᠰᠤᠷᠭᠠᠯᠲᠠ ᠶᠢᠨ ᠲᠥᠬᠦᠭᠡᠷᠦᠮᠵᠢ ᠶᠢ ᠰᠠᠶᠢᠵᠢᠷᠠᠭᠤᠯᠬᠤ ᠳᠤ ᠵᠠᠷᠤᠴᠠᠭᠤᠯᠵᠤ᠂ ᠨᠡᠩ ᠠᠭᠤᠵᠢᠮ | ᠰᠠᠷᠠᠭᠤᠯ ᠬᠢᠴᠢᠶᠡᠯ ᠤᠨ ᠭᠡᠷ᠂ ᠲᠡᠷᠢᠭᠦᠨ ᠤ ᠵᠢᠭᠠᠨ ᠰᠤᠷᠭᠠᠯᠲᠠ ᠶᠢᠨ ᠲᠥᠬᠦᠭᠡᠷᠦᠮᠵᠢ ᠲᠠᠢ ᠪᠤᠯᠭᠠᠭᠰᠠᠨ ᠪᠠᠶᠢᠨ᠎ᠠ᠃ | ᠬᠡᠦᠬᠡᠳ ᠤᠳ ᠤᠨ ᠰᠤᠷᠤᠯᠴᠠᠬᠤ ᠣᠷᠴᠢᠨ ᠲᠣᠭᠤᠷᠢᠨ ᠰᠠᠶᠢᠵᠢᠷᠠᠭᠰᠠᠨ ᠢ ᠬᠠᠷᠠᠭᠠᠳ ᠲᠡᠷᠡ᠄ ︽ᠰᠤᠷᠭᠠᠨ | ᠬᠥᠮᠦᠵᠢᠯ ᠪᠣᠯ ᠤᠯᠤᠰ ᠤᠨ ᠦᠨᠳᠦᠰᠦ ᠤᠴᠢᠷ ᠠᠴᠠ ᠬᠡᠦᠬᠡᠳ ᠤᠨ ᠢᠷᠡᠭᠡᠳᠦᠢ ᠳᠤ ᠬᠤᠪᠢ ᠨᠡᠮᠡᠷᠢ ᠦᠵᠡᠭᠦᠯᠬᠦ | ᠪᠣᠯ ᠪᠢᠳᠡᠨ ᠤ ᠵᠠᠶᠢᠯᠠᠭᠤᠯᠵᠤ ᠪᠣᠯᠤᠰᠢ ᠦᠭᠡᠢ ᠬᠠᠷᠢᠭᠤᠴᠠᠯᠭ᠎ᠠ ᠮᠥᠨ︾ ᠭᠡᠵᠦ ᠪᠠᠶᠢᠯ᠎ᠠ᠃ | ᠢᠦᠢ ᠵᠢᠶᠠᠨ ᠵᠦᠩ ᠪᠠᠰᠠ 20 ᠭᠠᠷᠤᠢ ᠶᠠᠳᠠᠭᠤ ᠬᠦᠴᠢᠷᠳᠡᠯᠲᠡᠢ ᠡᠷᠦᠬᠡ ᠶᠢ ᠢᠳᠡᠪᠬᠢᠲᠡᠢ ᠬᠠᠪᠰᠤᠷᠤᠨ | ᠲᠡᠳᠬᠦᠵᠦ᠂ ᠲᠡᠳᠡᠨ ᠳᠤ ᠠᠵᠢᠯ ᠤᠨ ᠪᠠᠶᠢᠷᠢ ᠬᠠᠩᠭᠠᠬᠤ᠂ ᠭᠡᠷᠡᠭᠯᠡᠭᠡᠨ ᠤ ᠮᠡᠷᠭᠡᠵᠢᠯ ᠡᠵᠡᠮᠰᠢᠬᠦᠯᠬᠦ ᠵᠡᠷᠭᠡ ᠬᠡᠯᠪᠡᠷᠢ | ᠪᠠᠷ ᠥᠪᠡᠷ ᠤᠨ ᠬᠦᠴᠦ ᠪᠠᠷ ᠢᠶᠠᠨ ᠳᠡᠭᠵᠢᠷᠡᠬᠦ ᠶᠢ ᠵᠤᠷᠢᠭᠵᠢᠭᠤᠯᠤᠭᠰᠠᠨ ᠪᠠᠶᠢᠨ᠎ᠠ᠃ ᠡᠭᠦᠨ ᠠᠴᠠ ᠭᠠᠳᠠᠨ᠎ᠠ᠂ | ᠲᠡᠷᠡ ᠪᠠᠰᠠ ᠦᠶᠯᠡᠳᠪᠦᠷᠢ ᠬᠤᠳᠠᠯᠳᠤᠭᠠᠨ ᠤ ᠬᠤᠯᠪᠣᠭ᠎ᠠ ᠶᠢᠨ ᠲᠠᠪᠴᠠᠩ ᠢᠶᠠᠷ ᠳᠠᠮᠵᠢᠭᠤᠯᠤᠨ ᠨᠡᠶᠢᠲᠡ 10 ᠲᠦᠮᠡ | ᠭᠠᠷᠤᠶ ᠲᠥᠭᠦᠷᠢᠭ ᠤᠨ ᠵᠣᠭᠤᠰ ᠮᠥᠩᠭᠦ ᠡᠳ᠋ ᠪᠣᠳᠠᠰ ᠬᠠᠨᠳᠢᠪᠯᠠᠵᠤ᠂ ᠤᠶᠤᠲᠠᠳ ᠤᠨ ᠰᠤᠷᠤᠯᠭ᠎ᠠ ᠪᠠᠨ ᠲᠡᠭᠦᠰᠬᠡᠬᠦ | ᠪᠠ ᠨᠠᠰᠤᠲᠠᠶᠢᠴᠤᠳ ᠤᠨ ᠠᠮᠢᠳᠤᠷᠠᠯ ᠢ ᠰᠠᠶᠢᠵᠢᠷᠠᠭᠤᠯᠬᠤ ᠳᠤ ᠵᠤᠷᠢᠭᠤᠯᠵᠠᠢ᠃ | ᠠᠵᠤ ᠠᠬᠤᠶᠢᠯᠠᠯᠲᠠᠨ ᠮᠦᠷᠳᠡᠭᠡᠨ ᠤᠯᠤᠰ ᠲᠦᠷᠦ ᠶᠢᠨ ᠵᠥᠪᠯᠡᠯᠭᠡᠨ ᠤ ᠭᠡᠰᠢᠭᠦᠨ — ᠢᠦᠢ ᠵᠢᠶᠠᠨ ᠵᠦᠩ | ᠡᠨᠡᠬᠦ ᠬᠤᠤᠰ ᠬᠠᠷᠢᠭᠤᠴᠠᠯᠭ᠎ᠠ᠂ ᠬᠦᠨᠳᠦ ᠨᠠᠶᠢᠳᠠᠯᠭ᠎ᠠ ᠶᠢ ᠬᠥᠰᠡᠷᠳᠡᠭᠦᠯᠦᠯ ᠦᠭᠡᠢ ᠪᠠᠷ ᠡᠷᠡᠮᠡᠬᠡᠶᠢᠯᠡᠨ ᠤᠷᠤᠭᠰᠢᠯᠠᠵᠤ | ᠂ ᠠᠵᠤ ᠠᠬᠤᠶᠢᠯᠠᠯ ᠤᠨ ᠰᠢᠨ᠎ᠡ ᠶᠢ ᠡᠭᠦᠳᠬᠦ ᠬᠥᠭᠵᠢᠯᠲᠡ ᠶᠢ ᠪᠦᠬᠦ ᠬᠤᠰᠢᠭᠤᠨ ᠤ ᠶᠡᠭᠡ ᠣᠷᠴᠢᠨ ᠲᠣᠭᠤᠷᠢᠨ ᠳᠤ | ᠠᠭᠤᠰᠤᠯᠴᠠᠭᠤᠯᠵᠦ᠂ ᠪᠣᠳᠠᠲᠤ ᠴᠣᠭᠴᠠ ᠶᠢᠨ ᠠᠵᠤ ᠠᠬᠤᠢ ᠶᠢ ᠬᠦᠴᠦᠷᠬᠡᠭᠵᠢᠭᠦᠯᠦᠨ᠂ ᠨᠡᠩ ᠤᠯᠠᠨ ᠠᠵᠢᠯ ᠤᠨ | ᠪᠠᠶᠢᠷᠢ ᠶᠢ ᠬᠠᠩᠭᠠᠵᠤ᠂ ᠤᠯᠤᠰ ᠲᠦᠷᠦ ᠶᠢᠨ ᠵᠥᠪᠯᠡᠯᠭᠡᠨ ᠤ ᠭᠡᠰᠢᠭᠦᠨ ᠤ ᠡᠭᠦᠷᠭᠡ ᠬᠠᠷᠢᠭᠤᠴᠠᠯᠭ᠎ᠠ ᠪᠠᠨ ᠬᠦᠢᠴᠡᠳ | ᠬᠠᠷᠠᠭᠤᠯᠤᠨ᠂ ᠰᠢᠯᠤᠭᠤᠨ ᠬᠦᠬᠡ ᠬᠤᠰᠢᠭᠤᠨ ᠤ ᠠᠵᠤ ᠠᠬᠤᠢ ᠨᠡᠶᠢᠭᠡᠮ ᠤᠨ ᠬᠥᠭᠵᠢᠯᠲᠡ ᠳᠤ ᠥᠪᠡᠷ ᠤᠨ ᠬᠤᠪᠢ | ᠨᠡᠮᠡᠷᠢ ᠪᠠᠨ ᠦᠵᠡᠬᠦᠯᠬᠦ ᠪᠠᠷ ᠦᠷᠬᠦᠯᠵᠢᠯᠡᠨ ᠴᠢᠷᠮᠠᠶᠢᠵᠦ ᠪᠤᠢ᠃ | |