| | ᠰᠠᠶᠢᠨᠬᠤᠳᠳᠤᠭ ᠰᠣᠮᠣ ᠨᠢ ᠰᠢᠯᠤᠭᠤᠨ ᠬᠦᠬᠡ ᠬᠤᠰᠢᠭᠤᠨ ᠤ ᠵᠡᠭᠦᠨ ᠬᠤᠶᠢᠲᠦ ᠬᠡᠰᠡᠭ ᠳᠤ ᠪᠠᠶᠢᠷᠢᠯᠠᠵᠤ᠂ | ᠵᠠᠭᠦᠨ ᠬᠡᠰᠡᠭ ᠨᠢ ᠤᠯᠠᠭᠠᠨᠬᠠᠳᠠ ᠬᠤᠳᠠ ᠶᠢᠨ ᠬᠡᠰᠢᠭᠳᠡᠨ ᠬᠤᠰᠢᠭᠤ᠂ ᠬᠤᠶᠢᠲᠦ ᠬᠡᠰᠡᠭ ᠨᠢ ᠰᠢᠯᠢ ᠶᠢᠨ ᠬᠤᠳᠠ᠂ | ᠡᠮᠦᠨ᠎ᠡ ᠬᠡᠰᠡᠭ ᠨᠢ ᠰᠠᠩ ᠤᠨ ᠲᠠᠯᠠᠢ ᠪᠠᠯᠭᠠᠰᠦ᠂ ᠪᠠᠷᠠᠭᠤᠨ ᠬᠡᠰᠡᠭ ᠨᠢ ᠨᠠᠷᠡᠲᠦ ᠰᠣᠮᠣ ᠲᠠᠢ ᠵᠠᠬ᠎ᠠ ᠨᠡᠶᠢᠯᠡᠵᠦ᠂ | ᠮᠤᠩᠭᠤᠯ ᠦᠨᠳᠦᠰᠦᠳᠡᠨ ᠢᠶᠠᠷ ᠭᠤᠤᠯ ᠪᠤᠯᠭᠠᠵᠤ᠂ ᠤᠯᠠᠨ ᠦᠨᠳᠦᠰᠦᠳᠡᠨ ᠲᠦᠪᠯᠡᠷᠡᠨ ᠰᠠᠭᠤᠷᠢᠰᠢᠭᠰᠠᠨ ᠰᠣᠮᠣ | ᠪᠤᠯᠤᠨ᠎ᠠ᠃ ᠨᠤᠳᠤᠭ ᠳᠡᠪᠢᠰᠭᠡᠷ ᠤᠨ ᠶᠡᠷᠦᠩᠬᠡᠢ ᠲᠠᠯᠠᠪᠠᠢ 2108 ᠳᠡᠭᠰᠢ ᠲᠦᠷᠪᠡᠯᠵᠢᠨ ᠺᠢᠯᠤᠮᠧᠲᠷ᠂ ᠨᠤᠳᠤᠭ | ᠪᠠᠯᠴᠢᠭᠡᠷ ᠤᠨ ᠶᠡᠷᠦᠩᠭᠡᠢ ᠲᠠᠯᠠᠪᠠᠢ 2974970 ᠮᠤ᠋ ᠂ ᠡᠭᠦᠨ ᠤ ᠳᠣᠳᠣᠷ᠎ᠠ ᠵᠤᠰᠠᠯᠩ ᠤᠨ ᠭᠠᠵᠠᠷ | 944712 ᠮᠤ᠋᠂ ᠡᠪᠦᠯᠵᠢᠶᠡᠨ ᠤ ᠭᠠᠵᠠᠷ 2030258 ᠮᠤ᠋᠂ ᠬᠠᠮᠲᠦ ᠶᠢᠨ ᠭᠠᠵᠠᠷ 34101 ᠮᠤ᠋᠂ ᠤᠶᠢᠲᠦ | ᠭᠠᠵᠠᠷ120.79 ᠮᠣ᠋᠂ ᠦᠨᠳᠦᠷ ᠤᠨᠠᠯᠳᠠᠳᠤ ᠪᠤᠷᠳᠤᠭᠠᠨ ᠰᠠᠭᠤᠷᠢᠨ ᠭᠠᠵᠠᠷ 3070 ᠮᠤ᠋ ᠪᠠᠶᠢᠨ᠎ᠡ ᠃ 3 | ᠰᠤᠮᠤᠨ ᠲᠤᠭᠤᠷᠢᠭ ᠲᠠᠢ᠂ 12 ᠭᠠᠴᠠᠭᠠᠨ ᠤ 181 ᠬᠤᠳᠠ ᠶᠢᠨ ᠶᠡᠷᠦᠩᠬᠡᠢ ᠡᠷᠦᠬᠡ1976 ᠡᠷᠦᠬᠡ | ᠶᠢᠨ5514 ᠬᠦᠮᠦᠨ᠂ ᠡᠭᠦᠨ ᠳᠤ ᠪᠠᠶᠢᠩᠭᠤ ᠰᠠᠭᠤᠭ᠎ᠠ ᠡᠷᠦᠬᠡ1354ᠡᠷᠦᠬᠡ ᠶᠢᠨ4137 ᠬᠦᠮᠦᠨ ᠪᠠᠶᠢᠨ᠎ᠠ ᠂ | ᠲᠤᠤᠷ᠎ᠠ ᠪᠠᠲᠤᠯᠭᠠᠲᠦ ᠡᠷᠦᠬᠡ 274 ᠡᠷᠦᠬᠡ᠂552 ᠬᠦᠮᠦᠨ᠂ ᠲᠠᠪᠤᠨ ᠪᠠᠳᠣᠯᠭᠠᠲᠦ ᠡᠷᠦᠬᠡ17 ᠬᠦᠮᠦᠨ᠂ | ᠵᠠᠮᠳᠡᠭ ᠬᠦᠮᠦᠨ 217 ᠬᠦᠮᠦᠨ ᠪᠤᠢ ᠂ ᠤᠳᠤᠬᠠᠨ ᠳᠤ ︽ᠳᠠᠩᠰᠠ ᠡᠪᠬᠡᠮᠡᠯ ᠪᠠᠶᠢᠭᠤᠯᠤᠭᠰᠠᠨ︾ ᠶᠠᠳᠠᠭᠤ | ᠬᠦᠴᠢᠷᠳᠡᠢ ᠡᠷᠦᠬᠡ 105 ᠡᠷᠦᠬᠡ ᠶᠢᠨ291 ᠬᠦᠮᠦᠨ ᠪᠠᠶᠢᠵᠦ᠂ ᠨᠢᠭᠡᠨᠲᠡ ᠪᠦᠬᠦᠳᠡᠭᠡᠷ ᠶᠠᠳᠠᠭᠤ ᠠᠴᠠ | ᠠᠩᠬᠢᠵᠢᠷᠠᠪᠠ᠃ ᠭᠠᠴᠠᠭᠠᠨ ᠤ ︽ ᠬᠤᠶᠠᠷ ᠵᠦᠪᠯᠡᠯ︾ ᠤᠨ ᠪᠠᠭ ᠤᠨ ᠭᠡᠰᠢᠭᠦᠨ ᠨᠠᠶᠢᠳᠡ 55 ᠬᠦᠮᠦᠨ᠂ | ᠲᠤᠮᠳᠠᠴᠢ ᠨᠠᠰᠦ ᠨᠢ 40.5 ᠪᠠᠶᠢᠵᠦ᠂ ᠳᠡᠭᠡᠲᠦ ᠵᠠᠷᠭᠡ ᠶᠢᠨ ᠲᠤᠰᠬᠠᠢ ᠮᠡᠷᠭᠡᠵᠢᠯ ᠠᠴᠠ ᠳᠡᠭᠡᠭᠰᠢᠬᠢ ᠰᠣᠷᠣᠯᠭ᠎ᠠ | ᠶᠢᠨ ᠨᠠᠮᠳᠠᠷ ᠲᠠᠢ19 ᠬᠦᠮᠦᠨ ᠪᠠᠶᠢᠵᠦ᠂ 6 ᠭᠠᠴᠠᠭᠠᠨ ᠤ ᠨᠠᠮ ᠤᠨ ᠡᠭᠦᠷ ᠤᠨ ᠱᠦᠵᠢ᠂ ᠭᠠᠴᠠᠭᠠᠨ ᠵᠦᠪᠯᠡᠯ ᠤᠨ | ᠡᠷᠬᠢᠯᠡᠭᠴᠢ ᠶᠢᠨ ᠲᠤᠰᠢᠶᠠᠯ ᠢ 1 ᠬᠦᠮᠦᠨ ᠬᠠᠷᠢᠭᠤᠴᠠᠨ᠂ 50% ᠶᠢ ᠡᠵᠡᠯᠡᠨ᠎ᠡ᠃ 340 ᠨᠠᠮ ᠤᠨ ᠬᠡᠰᠢᠭᠦᠨ | ᠲᠠᠢ᠂ ᠡᠭᠦᠨ ᠤ ᠳᠣᠳᠣᠷ᠎ᠠ 285 ᠮᠠᠯᠴᠢᠨ ᠨᠠᠮ ᠤᠨ ᠭᠡᠰᠢᠭᠦᠨ ᠲᠠᠢ᠃ ᠨᠠᠮ ᠤᠨ ᠬᠡᠰᠢᠭᠦᠨ ᠭᠤᠤᠯᠯᠠᠭᠴᠢ | ᠡᠷᠦᠬᠡ19 ︵ ᠡᠭᠦᠨ ᠳᠤ ᠠᠶᠢᠮᠠᠭ ᠤᠨ ᠳᠡᠰ ᠤᠨ ᠨᠠᠮ ᠤᠨ ᠬᠡᠰᠢᠭᠦᠨ ᠭᠤᠤᠯᠯᠠᠭᠴᠢ ᠡᠷᠦᠬᠡ 2︶ ᠪᠠᠶᠢᠨ᠎ᠠ᠃ | ᠠᠵᠤ ᠠᠬᠤᠢ ᠶᠢᠨ ᠪᠦᠳᠦᠭᠡᠨ ᠪᠠᠶᠢᠭᠤᠯᠤᠯᠲᠠ—— ᠬᠦᠳᠡᠭᠡ ᠲᠤᠰᠬᠤᠨ ᠮᠠᠯᠵᠢᠬᠤ ᠤᠷᠤᠨ ᠢ | ᠬᠦᠭᠵᠢᠭᠦᠯᠦᠨ ᠮᠠᠨᠳᠣᠭᠤᠯᠬᠤ ᠪᠠᠶᠢᠯᠳᠣᠬᠤ ᠪᠤᠳᠤᠯᠭ᠎ᠠ ᠶᠢ ᠪᠦᠬᠦ ᠲᠡᠯ᠎ᠡ ᠪᠠᠷ ᠲᠤᠤᠱᠯᠠᠭᠤᠯᠤᠨ ᠨᠠᠶᠢᠳᠠᠪᠤᠷᠢᠵᠢᠭᠤᠯᠬᠤ | ᠶᠢᠨ ᠲᠦᠯᠦᠬᠡ᠂ ᠮᠠᠨ ᠤ ᠰᠣᠮᠣ ᠨᠢ ᠮᠠᠯ ᠠᠵᠤ ᠠᠬᠤᠢ ᠶᠢᠨ ᠤᠨᠴᠠᠯᠢᠭᠲᠦ ᠠᠵᠤ ᠠᠬᠤᠢ ᠶᠢ ᠬᠦᠭᠵᠢᠭᠦᠯᠵᠤ᠂ | ᠬᠠᠮᠲᠦ ᠶᠢᠨ ᠠᠵᠤ ᠦᠢᠯᠡᠰ ᠤᠨ ᠬᠦᠭᠵᠢᠯᠲᠡ ᠶᠢ ᠲᠠᠶᠢᠴᠢᠯᠠᠨ᠂ ᠮᠠᠯᠴᠢᠳ ᠤᠨ ᠣᠷᠣᠯᠭ᠎ᠠ ᠶᠢ ᠨᠡᠮᠡᠭᠳᠡᠭᠦᠯᠵᠦ᠂ | ᠮᠠᠯ ᠠᠵᠤ ᠠᠬᠤᠢ ᠶᠢ ᠶᠡᠬᠡᠪᠡᠷ ᠬᠦᠭᠵᠢᠭᠦᠯᠬᠦ ᠶᠢ ᠪᠠᠷᠢᠮᠳᠠᠯᠠᠭᠰᠠᠭᠠᠷ ᠢᠷᠡᠵᠡᠢ᠃ ︽ᠬᠤᠨᠢ ᠶᠢ ᠴᠦᠭᠡᠳᠭᠡᠵᠦ ᠦᠬᠡᠷ | ᠢ ᠨᠡᠮᠡᠭᠳᠡᠭᠦᠯᠬᠦ︾ ᠪᠠᠶᠢᠯᠳᠣᠬᠤ ᠪᠤᠳᠣᠯᠭ᠎ᠠ ᠶᠢ ᠢᠳᠡᠪᠬᠢᠳᠡᠢ ᠠᠬᠢᠭᠤᠯᠵᠤ᠂ ᠠᠮᠢ ᠠᠬᠤᠢ ᠶᠢ ᠬᠠᠮᠠᠭᠠᠯᠠᠬᠤ ᠪᠠ | ᠪᠦᠳᠦᠭᠡᠨ ᠪᠠᠶᠢᠭᠤᠯᠬᠤ ᠶᠢ ᠴᠢᠬᠤᠯᠴᠢᠯᠠᠨ᠂ ᠮᠠᠯ ᠤᠨ ᠡᠭᠦᠯᠳᠡᠷ ᠢ ᠰᠢᠯᠢᠳᠡᠭᠵᠢᠭᠦᠯᠵᠦ᠂ ᠰᠠᠶᠢᠨ ᠡᠭᠦᠯᠳᠡᠷ ᠤᠨ ᠮᠠᠯ | ᠤᠨ ᠬᠠᠷᠢᠴᠠᠯ ᠢ ᠨᠡᠮᠡᠭᠳᠡᠭᠦᠯᠪᠡ᠃ 2019 ᠤᠨ ᠳᠤ ᠪᠦᠬᠦ ᠰᠤᠮᠤᠨ ᠤ ᠮᠠᠯ ᠤᠨ ᠲᠤᠭ᠎ᠠ ᠲᠤᠯᠤᠭᠠᠢ11.73 | ᠲᠦᠮᠡᠨ ᠲᠤᠯᠤᠭᠠᠢ ︵ ᠡᠭᠦᠨ ᠳᠤ ᠪᠤᠳᠠ ᠮᠠᠯ5.4 ᠲᠦᠮᠡᠨ ᠲᠤᠯᠤᠭᠠᠢ᠂ ᠪᠤᠭ ᠮᠠᠯ 6.27 ᠲᠦᠮᠡᠨ ᠲᠤᠯᠤᠭᠠᠢ︶ | ᠪᠠᠶᠢᠵᠦ᠂ 2019 ᠤᠨ ᠤ ᠳᠤ ᠮᠠᠯᠴᠢᠳ ᠤᠨ ᠬᠦᠮᠦᠨ ᠪᠦᠷᠢ ᠶᠢᠨ ᠲᠤᠮᠳᠠᠴᠢ ᠴᠡᠪᠡᠷ ᠤᠷᠤᠯᠭ᠎ᠠ16240 | ᠲᠦᠭᠦᠷᠢᠭ ᠳᠤ ᠬᠦᠷᠦᠭᠰᠡᠨ ᠪᠠᠶᠢᠨ᠎ᠠ᠃ | ᠰᠠᠭᠤᠷᠢ ᠪᠦᠳᠦᠭᠡᠨ ᠪᠠᠶᠢᠭᠤᠯᠤᠯᠲᠠ ᠶᠢᠨ ᠲᠠᠯ᠎ᠠ ᠪᠠᠷ—— ᠮᠠᠯᠵᠢᠬᠤ ᠤᠷᠤᠨ ᠤ ᠰᠠᠭᠤᠷᠢ ᠪᠦᠳᠦᠭᠡᠨ | ᠪᠠᠶᠢᠭᠤᠯᠤᠯᠲᠠ ᠡᠳᠦᠷ ᠢᠷᠡᠭᠦᠶ᠎ᠡ ᠳᠡᠭᠦᠯᠳᠡᠷᠵᠢᠵᠦ᠂ ᠤᠳᠣ ᠪᠤᠯᠳᠠᠯ᠎ᠠ ᠪᠦᠬᠦ ᠰᠣᠮᠣᠨ ᠳᠤ ᠱᠦᠢᠨᠢ ᠵᠠᠮ136.8 | ᠺᠢᠯᠤᠮᠧᠲᠷ᠂ ᠬᠠᠶᠢᠷ ᠴᠢᠯᠠᠭᠤᠨ ᠵᠠᠮ138.3 ᠺᠢᠯᠤᠮᠧᠲᠷ ᠵᠠᠰᠠᠨ ᠨᠡᠪᠳᠡᠷᠡᠭᠦᠯᠵᠦ᠂ ᠪᠠᠶᠢᠩᠭᠤ ᠶᠢᠨ ᠴᠠᠬᠢᠯᠭᠠᠨ | ᠨᠡᠪᠳᠡᠷᠡᠭᠰᠡᠨ ᠡᠷᠦᠬᠡ 589᠂ ᠫᠧᠩ ᠰᠠᠷᠠᠪᠴᠢ 889 ᠪᠠᠷᠢᠵᠦ᠂ ᠨᠠᠶᠢᠭᠡᠮ ᠤᠨ ᠡᠯ᠎ᠡ ᠲᠦᠷᠦᠯ ᠤᠨ ᠠᠵᠢᠯ | ᠦᠢᠯᠡᠰ ᠴᠦ ᠰᠢᠨ᠎ᠡ ᠠᠮᠢᠵᠢᠷᠠᠯ ᠤᠨ ᠬᠦᠴᠦᠨ ᠲᠠᠢ ᠪᠤᠯᠪᠠ᠃ ᠤᠯᠠᠨ ᠲᠦᠮᠡᠨ ᠤ ᠦᠢᠯᠡᠳᠪᠦᠷᠢᠯᠡᠯ ᠠᠮᠢᠳᠣᠷᠠᠯ ᠳᠤ | ᠨᠡᠩ ᠰᠠᠶᠢᠨ ᠨᠦᠬᠦᠴᠡᠯ ᠬᠠᠩᠭᠠᠭᠰᠠᠨ ᠮᠦᠷᠳᠡᠭᠡᠨ ᠤᠯᠠᠨ ᠲᠦᠮᠡᠨ ᠤ ᠤᠶᠤᠨ ᠤ ᠠᠮᠢᠳᠣᠷᠠᠯ ᠢ ᠶᠡᠬᠡᠪᠡᠷ | ᠪᠠᠶᠠᠯᠢᠭᠵᠢᠭᠤᠯᠵᠦ᠂ ᠰᠢᠨ᠎ᠡ ᠮᠠᠯᠵᠢᠬᠤ ᠤᠷᠤᠨ ᠤ ᠪᠦᠳᠦᠭᠡᠨ ᠪᠠᠶᠢᠭᠤᠯᠤᠯᠲᠠ ᠳᠤ ᠪᠠᠲᠦ ᠪᠠᠬᠢ ᠰᠠᠭᠤᠷᠢ ᠲᠠᠯᠪᠢᠵᠠᠢ᠃ | | ᠬᠦᠭᠵᠢᠯᠲᠡ ᠶᠢᠨ ᠲᠦᠯᠦᠪᠯᠡᠭᠡ—— ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠣᠯᠬᠤ ᠲᠠᠶᠢᠨ ᠢ | ᠰᠠᠶᠢᠳᠣᠷ ᠬᠢᠵᠦ᠂ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠠᠶᠢᠭᠤᠯᠬᠤ ᠠᠵᠢᠯ ᠤᠨ ᠭᠤᠤᠯᠳᠠᠯᠠᠭ᠎ᠠ ᠶᠢ ᠪᠠᠷᠢᠮᠳᠠᠯᠵᠤ | ᠂ ᠰᠢᠨ᠎ᠡ ᠮᠠᠯᠵᠢᠬᠤ ᠤᠷᠤᠨ ᠢ ᠪᠦᠬᠦ ᠲᠠᠯ᠎ᠠ ᠪᠠᠷ ᠪᠠᠶᠢᠭᠤᠯᠬᠤ ᠬᠠᠷᠠᠯᠲᠠ ᠪᠤᠯᠭᠠᠨ᠂ ᠠᠵᠤ ᠠᠬᠤᠢ ᠶᠢᠨ ᠠᠯᠬᠤᠴᠠ | ᠪᠠᠨ ᠲᠦᠷᠭᠡᠳᠭᠡᠨ᠂ ᠨᠠᠶᠢᠭᠡᠮ ᠤᠨ ᠪᠦᠬᠦ ᠲᠠᠯ᠎ᠠ ᠲᠤᠭᠳᠠᠭᠤᠨ᠂ ᠠᠵᠤ ᠠᠬᠤᠢ ᠬᠦᠭᠵᠢᠭᠰᠡᠨ᠂ ᠡᠶ᠎ᠡ ᠵᠤᠬᠢᠴᠠᠯ ᠲᠠᠢ | ᠂ ᠪᠤᠯᠪᠠᠰᠣᠨ ᠳᠠᠪᠰᠢᠯᠲᠠ ᠲᠠᠢ ᠰᠢᠨ᠎ᠡ ᠪᠠᠶᠢᠳᠠᠯ ᠢ ᠴᠢᠷᠮᠠᠶᠢᠨ ᠪᠤᠢ ᠪᠤᠯᠭᠠᠨ᠎ᠠ᠃ ᠰᠠᠶᠢᠨᠬᠤᠳᠳᠤᠭ ᠰᠣᠮᠣ ᠨᠢ ᠬᠤᠯᠠᠨ | ᠰᠢᠷᠭ᠎ᠠ ᠲᠠᠭ᠎ᠠ ᠶᠢᠨ ᠡᠯᠡᠰᠤᠨ ᠤ ᠦᠷᠦᠴᠡᠨ ᠳᠤ ᠪᠠᠶᠢᠷᠢᠯᠠᠵᠦ᠂ ᠵᠠᠮ ᠬᠠᠷᠢᠯᠴᠠᠭ᠎ᠠ ᠲᠦᠭᠦᠮ᠂ ᠪᠡᠬᠡᠵᠢᠩ | ᠲᠢᠶᠠᠨᠵᠢᠨ ᠠᠴᠠ ᠬᠠᠮᠤᠭ ᠤᠨ ᠤᠶᠢᠷ᠎ᠠ ᠪᠠᠶᠢᠭ᠎ᠠ ᠨᠡᠶᠢᠳᠡᠯᠢᠭ ᠲᠠᠯ᠎ᠠ ᠨᠤᠳᠤᠭ ᠪᠤᠯᠤᠨ᠎ᠠ ᠂ ᠡᠨᠡᠬᠦ ᠪᠠᠶᠢᠭᠠᠯᠢ ᠶᠢᠨ | ᠦᠵᠡᠮᠵᠢ ᠪᠠᠨ ᠠᠰᠢᠭᠯᠠᠨ᠂ ᠮᠠᠯ ᠠᠵᠤ ᠠᠬᠤᠢ᠂ ᠴᠠᠭᠠᠨ ᠢᠳᠡᠭᠡ ᠵᠡᠷᠭᠡ ᠤᠨᠴᠠ ᠭᠠᠷᠤᠯᠳᠠ ᠲᠠᠢ ᠤᠶᠠᠯᠳᠤᠭᠤᠯᠵᠤ | ᠂ ᠵᠢᠭᠤᠯᠴᠢᠯᠠᠯ ᠤᠨ ᠦᠢᠯᠡᠰ ᠤᠨ ᠬᠦᠭᠵᠢᠯᠲᠠ ᠶᠢ ᠲᠦᠷᠭᠡᠳᠭᠡᠬᠦ ᠪᠠᠷ ᠴᠢᠷᠮᠠᠶᠢᠵᠦ ᠪᠠᠶᠢᠨ᠎ᠠ᠃ | | |