| ᠵᠠᠮᠴᠢᠯᠠᠭᠴᠢ᠄ ᠷᠢ᠊ · ᠰᠡᠴᠡᠨᠴᠤᠭᠳᠦ | ᠭᠠᠵᠠᠷ᠄ ᠶᠤᠸᠠᠨ ᠤ ᠳᠡᠬᠡᠳᠦ ᠨᠡᠶᠢᠰᠯᠡᠯ ᠤᠨ ᠪᠠᠭᠤᠷᠢ | ᠴᠠᠭ ᠠᠭᠤᠷ᠄ ᠴᠡᠯᠮᠡᠭ᠂ ᠬᠡᠰᠡᠭ ᠲᠡᠭᠡᠨ ᠰᠠᠯᠬᠢ ᠲᠠᠢ | ᠦᠦᠬᠡ ᠳᠡᠦᠬᠡᠳᠦ ᠡᠷᠳᠡᠨ ᠤ ᠶᠡᠭᠡ ᠨᠡᠶᠢᠰᠯᠡᠯ ᠳᠤ ᠠᠩᠬ᠎ᠠ ᠤᠳᠠᠭ᠎ᠠ ᠪᠠᠨ ᠬᠠᠷᠠᠭ᠎ᠠ ᠰᠤᠩᠭᠠᠬᠤ | ᠪᠤᠯᠤᠭᠰᠠᠨ ᠮᠢᠨᠦ ᠬᠤᠪᠢ ᠳᠤ ᠬᠢᠵᠠᠭᠠᠷ ᠦᠬᠡᠢ ᠪᠠᠶᠠᠷᠯᠡᠵᠦ᠂ ᠬᠡᠮᠵᠢᠶᠡᠯᠡᠰᠢ ᠦᠬᠡᠢ ᠳᠤᠭᠳᠤᠯᠤᠭᠰᠠᠨ ᠨᠢ ᠦᠨᠡᠨ᠃ | ᠳᠡᠯᠡᠬᠡᠢ ᠶᠢᠨ ᠦᠪ ᠪᠤᠯᠤᠭᠰᠠᠨ ᠶᠤᠸᠠᠨ ᠤ ᠳᠡᠬᠡᠳᠦ ᠨᠠᠶᠢᠰᠯᠡᠯ ᠤᠨ ᠪᠠᠭᠤᠷᠢ ᠨᠢ ᠤᠨ ᠵᠢᠯ ᠤᠨ ᠡᠯᠡᠬᠡᠨ ᠳᠤ | ᠦᠪᠡᠷ ᠤᠨ ᠳᠦᠷᠬᠦ ᠪᠠᠷ ᠳᠤᠳᠤᠷᠠᠭᠰᠠᠭᠠᠷ᠃ ᠡᠳᠦᠬᠡ ᠤᠯᠤᠰ ᠤᠨ ᠳᠤᠳᠤᠭᠠᠳᠦ ᠭᠠᠳᠠᠭᠠᠳᠦ ᠶᠢᠨ | ᠵᠤᠭᠠᠴᠠᠭᠰᠠᠳ ᠤᠨ ᠬᠦᠰᠡᠨ ᠬᠦᠷᠬᠦ ᠭᠠᠵᠠᠷ ᠤᠨ ᠨᠢᠬᠡ ᠨᠢ ᠶᠠᠭᠠᠬᠢᠬᠤ ᠶᠢᠨ ᠠᠷᠭ᠎ᠠ ᠦᠬᠡᠢ ᠤᠯᠤᠰ ᠤᠨ 4 A | ᠳᠡᠰ ᠤᠨ ᠵᠤᠭᠠᠴᠠᠯ ᠤᠨ ᠤᠷᠤᠨ ᠢᠶᠠᠷ ᠴᠤᠯᠠᠯᠠᠭᠳᠠᠭᠰᠠᠨ ᠬᠦᠬᠡ ᠱᠠᠩᠳᠦ ᠶᠢᠨ ᠪᠠᠭᠤᠷᠢ ᠪᠤᠯᠵᠡᠢ ᠬᠡᠬᠦ ᠳᠤ | ᠠᠬᠠᠳᠠᠮᠠᠷ ᠦᠬᠡᠢ᠃ ᠠᠳᠡ ᠳᠦᠷᠡᠯᠵᠡᠨ ᠠᠰᠠᠭᠰᠠᠨ ᠳᠡᠦᠬᠡ ᠶᠢᠨ ᠰᠤᠷ ᠪᠤᠢ᠂ ᠳᠦᠳᠡᠬᠡᠨ ᠤᠨᠳᠠᠷᠠᠭᠰᠠᠨ ᠵᠠᠭᠤᠨ ᠤ | ᠨᠤᠷᠮ᠎ᠠ ᠴᠦ ᠪᠤᠢ᠃ ᠠᠪᠤᠷᠭᠤ ᠳᠤᠮᠤ ᠬᠦᠷᠢᠶ᠎ᠠ ᠬᠤᠳᠠ ᠶᠢ ᠨᠢ ᠬᠠᠷᠠᠭᠰᠠᠨ ᠬᠡᠨ ᠴᠦ ᠬᠡᠰᠡᠨ ᠠᠯᠠᠭ᠎ᠠ ᠪᠠᠨ ᠳᠠᠰᠢᠨ | ᠪᠠᠭ᠋ᠠᠳᠤᠵᠦ᠂ ᠬᠠᠷᠢᠨ ᠳᠤᠯᠤᠭᠠᠢ ᠦᠬᠡᠢ ᠬᠦᠮᠦᠨ ᠴᠢᠯᠠᠭᠤ ᠶᠢ ᠨᠢ ᠳᠡᠮᠳᠡᠷᠢᠬᠦ ᠭᠱᠠᠨ᠎ᠠ ᠳᠡᠰᠬᠡᠯ ᠦᠬᠡᠢ ᠰᠠᠨᠠᠭ᠎ᠠ ᠨᠢᠬᠡ | ᠠᠯᠳᠠᠵᠦ᠁ ᠦᠯᠢᠬᠡᠷ ᠦᠷᠨᠢᠬᠦᠨ᠂ ᠦᠵᠡᠮᠵᠢ ᠰᠦᠷᠨᠢᠬᠦᠨ ᠱᠠᠩᠳᠦ ᠬᠤᠳᠠ ᠦᠪᠡᠷ ᠤᠨ ᠡᠷᠬᠡ ᠦᠬᠡᠢ | ᠲᠠᠨ ᠳᠤ ᠨᠢᠬᠡᠨ ᠵᠦᠢᠯ ᠢ ᠪᠤᠳᠤᠭᠤᠯᠬᠤ ᠨᠢ ᠯᠠᠪᠳᠠᠢ ᠶᠤᠮ᠃ ᠡᠶᠢᠨᠬᠦ ᠵᠠᠮᠴᠢᠯᠠᠭᠴᠢ ᠷᠢ᠊ · ᠰᠡᠴᠡᠨᠴᠤᠭᠳᠦ | ᠠᠬ᠎ᠠ ᠶᠢᠨ ᠬᠠᠮᠳᠦ ᠠᠯᠳᠠᠷᠳᠦ ᠱᠠᠩᠳᠦ ᠶᠢᠨ ᠪᠠᠭᠤᠷᠢ ᠪᠠᠷ ᠵᠤᠷᠴᠢᠨ᠂ ᠠᠶᠠᠯᠠᠯ ᠤᠨ ᠰᠠᠶᠢᠬᠠᠨ ᠠᠴᠠ ᠪᠠᠨ | ᠬᠤᠪᠢᠶᠡᠯᠴᠠᠬᠤ ᠳᠤ ᠪᠡᠯᠡᠬᠡᠨ ᠪᠤᠯᠤᠯ᠎ᠠ᠃ | 2016 ᠤᠨ ᠤ ᠡᠬᠢᠨ ᠨᠠᠮᠤᠷ᠃ ᠡᠪᠦᠬᠡᠳ ᠤᠨ ᠨᠡᠶᠢᠰᠯᠡᠯ ᠶᠡᠭᠡ ᠱᠠᠩᠳᠦ ᠳᠤ ᠤᠯᠠᠷᠢᠯ ᠤᠨ | ᠦᠡᠭᠬᠡ ᠨᠢᠬᠡᠨᠳᠡ ᠮᠡᠳᠡᠭᠳᠡᠵᠡᠢ᠃ | ᠰᠢᠯᠢ ᠶᠢᠨ ᠭᠤᠤᠯ ᠠᠶᠢᠮᠠᠭ ᠤᠨ ᠰᠢᠯᠤᠭᠤᠨ ᠬᠦᠬᠡ ᠬᠤᠰᠢᠭᠤᠨ ᠤ ᠳᠦᠪ ᠱᠠᠩᠳᠦ ᠪᠠᠯᠭᠠᠰᠦᠨ ᠠᠴᠠ | ᠵᠡᠬᠦᠨ ᠬᠤᠶᠢᠰᠢ ᠳᠦᠴᠢᠨ ᠭᠠᠵᠠᠷ ᠤᠨ ᠵᠠᠶᠢᠳᠠᠢ ᠭᠠᠯᠭᠢᠭᠤᠯᠬᠤ ᠳᠤ ᠵᠠᠮ ᠳᠠᠭᠠᠤ ᠮᠠᠯᠴᠢᠨ ᠠᠶᠢᠯ | ᠵᠤᠭᠠᠴᠠᠯ ᠤᠨ ᠴᠡᠭ ᠤᠳ ᠪᠠᠶᠢᠨ ᠳᠠᠬᠢᠨ ᠳᠠᠭᠠᠷᠠᠯᠳᠤᠨᠠ᠃ ᠵᠠᠯᠠᠨ ᠳᠡᠬᠡᠷ᠎ᠠ ᠨᠢ ᠠᠳᠤᠭᠤ ᠢᠨᠴᠠᠭᠠᠵᠦ᠂ | ᠳᠡᠷᠳᠡᠭᠡ ᠳᠤ ᠬᠤᠨᠢᠳ ᠮᠠᠶᠢᠯᠠᠯᠳᠤᠭᠰᠠᠨ᠂ ᠢᠰᠡᠬᠡᠢ ᠬᠡᠷ ᠨᠢ ᠪᠦᠮᠪᠤᠶᠢᠵᠦ᠂ ᠬᠠᠵᠠᠭᠤ ᠳᠤᠨᠢ ᠵᠢᠭᠤᠯᠴᠢᠳ ᠤᠨ ᠮᠠᠰᠢᠨ | ᠳᠡᠷᠬᠡ ᠵᠢᠭᠰᠠᠴᠢᠬᠠᠭᠰᠠᠨ ᠠᠷᠠᠯᠵᠢᠶ᠎ᠠ ᠮᠠᠶᠢᠮᠠᠢ ᠶᠡᠭᠡ ᠯᠡ ᠬᠦᠭᠵᠢᠶᠡᠨᠳᠡᠢ ᠪᠠᠶᠢᠯ᠎ᠠ᠃ ᠡᠨᠡ ᠨᠢ ᠰᠢᠷ᠎ᠠ ᠳᠠᠯ᠎ᠠ ᠶᠢᠨ | ᠦᠷᠦᠴᠡᠨ ᠳᠤ᠂ ᠱᠠᠩᠳᠠ ᠶᠢᠨ ᠭᠤᠤᠯ ᠤᠨ ᠤᠷᠤᠰᠬᠠᠯ ᠳᠠᠭᠠᠤ ᠤᠷᠤᠰᠢᠭᠰᠠᠨ ᠨᠢᠬᠡᠨ ᠡᠷᠳᠡᠨ ᠤ ᠨᠠᠶᠢᠰᠯᠡᠯ ᠢ | ᠪᠠᠷᠠᠭᠠᠳᠠᠨ᠂ ᠠᠶᠠᠯᠠᠨ ᠵᠤᠷᠴᠢᠭᠴᠢ ᠶᠢᠨ ᠠᠯᠵᠢᠶᠡᠯ ᠢ ᠳᠠᠶᠢᠯᠬᠤ᠂ ᠠᠵᠦ ᠠᠬᠤᠢ ᠶᠢᠨ ᠤᠷᠤᠯᠭ᠎ᠠ ᠪᠠᠨ | ᠨᠡᠮᠡᠭᠳᠡᠬᠦᠯᠬᠦ᠂ ᠠᠮᠢᠳᠤᠷᠡᠯ ᠰᠤᠶᠤᠯ ᠢᠶᠠᠨ ᠤᠬᠠᠭᠤᠯᠬᠤ ᠬᠡᠰᠡᠨ ᠮᠠᠯᠴᠢᠳ ᠤᠨ ᠠᠳᠠᠯ ᠦᠢᠯᠡᠰ ᠤᠨ ᠬᠢᠨᠢ ᠨᠢᠬᠡ | ᠦᠵᠡᠭᠳᠡᠯ ᠪᠠᠶᠢᠯ᠎ᠠ᠃ ᠡᠬᠦᠨ ᠢ ᠬᠠᠷᠠᠭᠠᠳ ᠪᠢ ᠱᠠᠩᠳᠤ ᠬᠤᠳᠠ ᠶᠢᠨ ᠵᠤᠭᠠᠴᠠᠯ ᠵᠢᠴᠢ ᠰᠢᠯᠤᠭᠤᠨ ᠬᠦᠬᠡ | ᠬᠤᠰᠢᠭᠤᠨ ᠤ ᠵᠤᠭᠠᠴᠠᠯ ᠤᠨ ᠦᠢᠯᠡᠰ ᠤᠨ ᠠᠷᠡᠳ ᠳᠦᠮᠡᠨ ᠤ ᠬᠢᠨᠢ ᠠᠮᠢᠳᠤᠷᠡᠯ ᠤᠨᠳᠤᠷᠤᠯ ᠳᠤ | ᠦᠵᠡᠬᠦᠯᠦᠭᠰᠡᠨ ᠨᠦᠯᠦᠬᠡ ᠦᠢᠯᠡᠳᠦᠯ ᠤᠨ ᠳᠤᠬᠠᠢ ᠨᠠᠭᠠᠳᠦ ᠵᠠᠬ᠎ᠠ ᠶᠢᠨ ᠤᠢᠢᠯᠠᠭᠠᠯᠳᠠ ᠲᠠᠢ ᠪᠤᠯᠵᠦ ᠪᠢᠯᠡ᠃ | ᠪᠢᠳᠡ ᠶᠤᠸᠠᠨ ᠤ ᠳᠡᠬᠡᠳᠦ ᠨᠠᠶᠢᠰᠯᠡᠯ ᠤᠨ ᠪᠠᠭᠤᠷᠢ ᠶᠢᠨ ᠮᠦᠽᠸᠢ ᠳᠤ ᠢᠷᠡᠪᠠ᠃ ᠳᠦᠮᠡᠳᠦ ᠶᠢᠨ | ᠤᠪᠤᠭ᠎ᠠ ᠶᠢᠨ ᠵᠡᠬᠦᠨ ᠪᠡᠯ ᠪᠤᠶᠤ ᠠᠭᠤᠯᠡ ᠬᠦᠨᠳᠡᠶᠢᠯᠡᠨ ᠵᠠᠰᠠᠭᠳᠠᠭᠰᠠᠨ ᠪᠠᠭᠤᠷᠢ ᠶᠢᠨ ᠮᠦᠽᠸᠢ ᠨᠢ ᠦᠵᠡᠮᠦᠷᠢ ᠲᠠᠢ | ᠬᠡᠬᠦ ᠠᠴᠠ ᠪᠠᠨ ᠢᠯᠡᠬᠦᠦ ᠳᠦᠰᠦᠪᠯᠡᠭᠰᠡᠨ ᠤᠷ᠎ᠠ ᠤᠬᠠᠭᠠᠨ ᠨᠢ ᠨᠡᠩᠳᠡ ᠭᠠᠶᠢᠬᠠᠭᠳᠠᠳᠠᠭ᠃ ᠪᠠᠷᠢᠯᠭ᠎ᠠ ᠶᠢᠨ | ᠶᠡᠷᠦᠩᠬᠡᠢ ᠳᠠᠯᠠᠪᠠᠢ ᠨᠢ 6991 ᠳᠡᠭᠰᠢ ᠳᠦᠷᠪᠡᠯᠵᠢᠨ ᠮᠧᠲᠷ ᠬᠦᠷᠦᠭᠰᠡᠨ ᠡᠨᠡᠬᠦ ᠤᠨᠴᠠᠯᠢᠭᠳᠤ ᠮᠦᠽᠸᠢ ᠳᠤ | ᠱᠠᠩᠳᠦ ᠬᠤᠳᠠ ᠶᠢᠨ ᠪᠠᠭᠤᠷᠢ ᠶᠢᠨ ᠤᠯᠠᠳᠠᠪᠤᠷᠢ ᠪᠤᠶᠤ ᠬᠦᠮᠦᠨ ᠴᠢᠯᠠᠭᠤ ᠮᠡᠳᠦ ᠶᠢᠨ ᠦᠨᠡᠳᠦ ᠵᠦᠢᠯᠡᠰ ᠪᠠᠶᠢᠬᠤ | ᠪᠦᠬᠡᠳ ᠬᠠᠮᠢᠶᠡᠳᠡᠢ ᠳᠡᠦᠬᠡ ᠶᠢᠨ ᠳᠠᠶᠢᠯᠪᠤᠷᠢ ᠪᠢᠴᠢᠭ ᠪᠡ ᠬᠡᠷᠡᠯ ᠵᠢᠷᠤᠭ ᠵᠡᠷᠭᠡ ᠬᠤᠪᠤᠷ ᠴᠤᠬᠠᠭ ᠮᠠᠲ᠋ᠧᠷᠢᠶᠠᠯ | ᠳᠡᠯᠬᠡᠭᠳᠡᠭᠳᠡᠭ᠃ ᠳᠠᠶᠢᠯᠪᠤᠷᠢᠯᠠᠭᠴᠢ ᠬᠡᠤᠬᠡᠨ ᠨᠠᠷᠢᠯᠢᠭ ᠶᠠᠷᠢᠨ᠎ᠠ᠂ ᠵᠤᠭᠠᠴᠠᠭᠰᠠᠳ ᠨᠢᠮᠪᠠᠢ ᠰᠤᠨᠤᠰᠤᠨ᠎ᠠ᠃ | ᠮᠦᠽᠸᠢ ᠶᠢᠨ ᠪᠠᠷᠠᠯᠠᠬᠤ ᠴᠡᠭ ᠠᠴᠠ ᠬᠤᠶᠢᠨ᠎ᠠ ᠵᠦᠭ ᠲᠤ ᠳᠤᠷᠡᠨ ᠢᠶᠠᠨ ᠴᠢᠭᠯᠡᠬᠦᠯᠪᠡᠯ᠂ ᠬᠠᠷᠠᠭ᠎ᠠ ᠠᠯᠳᠠᠮᠡᠷ | ᠰᠢᠷ᠎ᠠ ᠳᠠᠯ᠎ᠠ ᠶᠢᠨ ᠡᠯᠢᠬᠡᠨ ᠳᠤ ᠬᠠᠯᠠᠭᠤᠨ ᠨᠢᠯᠪᠤᠰᠦ ᠤᠨᠠᠭᠠᠮᠠᠷ᠂ ᠪᠠᠰᠠ ᠬᠠᠳᠠᠨ ᠰᠡᠳᠬᠢᠯ ᠳᠦᠷᠦᠬᠦᠯᠤᠮᠡᠷ ᠬᠦᠬᠡ | ᠱᠠᠩᠳᠦ ᠶᠢᠨ ᠪᠠᠭᠤᠷᠢ ᠬᠦᠳᠡᠩᠳᠡᠵᠦ ᠬᠠᠷᠠᠭᠳᠠᠨ᠎ᠠ᠂ ᠬᠦᠯᠢᠶᠡᠵᠦ ᠬᠠᠷᠠᠭᠳᠠᠨ᠎ᠠ᠃ ᠪᠢᠳᠡ ᠮᠦᠽᠸᠢ ᠶᠢᠨ ᠳᠤᠬᠠᠢ | ᠳᠤᠪᠴᠢᠬᠠᠨ ᠤᠢᠢᠯᠠᠭᠠᠭᠠᠳ ᠶᠡᠭᠡ ᠪᠠᠭᠤᠷᠢ ᠵᠦᠭ ᠶᠠᠭᠠᠷᠠᠵᠠᠭᠠᠯ᠎ᠠ᠃ | ᠱᠠᠩᠳᠦ ᠨᠡᠶᠢᠰᠯᠡᠯ ᠡ ᠬᠡᠵᠦ᠃ ᠵᠤᠰᠠᠯᠠᠩ ᠬᠡᠳᠡᠭ ᠢᠶᠠᠷ ᠢᠶᠠᠨ ᠬᠠᠰᠢᠯᠡ ᠠᠰᠳᠠᠭᠠᠨ᠂ ᠰᠡᠷᠢᠬᠦᠨ | ᠳᠠᠭᠠᠯᠠᠮᠵᠢᠳᠠᠢ ᠨᠢ ᠨᠢᠬᠡᠯᠡ ᠤᠨᠳᠦᠦ᠃ ᠮᠢᠨᠦ ᠬᠤᠪᠢ ᠳᠤ ᠬᠦᠭᠰᠡᠨ ᠬᠡᠶᠢᠷᠬᠡᠭᠡᠳ ᠦᠬᠦᠯᠡᠬᠦ ᠶᠢᠨ ᠠᠷᠭ᠎ᠠ ᠦᠬᠡᠢ | ᠳᠡᠷᠡ ᠬᠡᠮᠵᠢᠶᠡᠨ ᠳᠤ ᠳᠤᠯᠵᠦ ᠪᠠᠶᠢᠪᠡ᠃ | ᠵᠤᠭᠠᠴᠠᠯ ᠤᠨ ᠬᠦᠭᠵᠢᠶᠡᠨ ᠲᠠᠢ ᠤᠯᠠᠷᠢᠯ ᠪᠠᠶᠢᠬᠰᠠᠨ ᠠᠴᠠ ᠳᠡᠷᠡ ᠤᠤ᠂ ᠵᠤᠷᠴᠢᠠᠡᠰᠠᠳ ᠶᠡᠭᠡ ᠯᠡ ᠤᠯᠠᠨ | ᠪᠠᠶᠢᠯ᠎ᠠ᠃ ᠪᠢᠳᠡ ᠡᠬᠦᠳᠡᠨ ᠪᠢᠯᠧᠲ ᠠᠪᠬᠤ ᠬᠡᠵᠦ ᠮᠦᠷᠯᠡᠵᠦ ᠪᠠᠶᠢᠬᠤ ᠵᠠᠭᠤᠷ᠎ᠠ ᠬᠠᠮᠢᠶᠠᠳᠡᠢ ᠬᠦᠮᠦᠰ ᠠᠴᠠ | ᠤᠢᠢᠯᠠᠭᠠᠭᠰᠠᠨ ᠢᠶᠠᠷ᠂ 2016 ᠤᠨ ᠤ ᠡᠬᠢᠨ ᠠᠴᠠ ᠤᠳᠦ ᠪᠤᠯᠳᠠᠯ᠎ᠠ᠂ ᠪᠦᠬᠦ ᠬᠤᠰᠢᠭᠤᠨ ᠤ ᠵᠤᠭᠠᠴᠠᠭᠰᠠᠳ ᠢ | ᠬᠦᠯᠢᠶᠡᠨ ᠠᠪᠤᠭᠰᠠᠨ ᠳᠤᠭ᠎ᠠ 62 ᠳᠦᠮᠨᠨ ᠬᠦᠮᠦᠨ ᠤᠳᠠᠭ᠎ᠠ ᠳᠤ ᠬᠦᠷᠴᠦ᠂ 4.2 ᠳ᠋ᠦᠡᠭᠰᠢᠭᠤᠷ ᠭᠠᠷᠦᠢ | ᠳᠦᠬᠦᠷᠢᠭ ᠤᠨ ᠤᠷᠤᠯᠭ᠎ᠠ ᠡᠬᠦᠳᠦᠭᠰᠡᠨ ᠬᠡᠨ᠎ᠠ᠃ ᠡᠨᠡ ᠪᠤᠯ ᠪᠠᠭ᠎ᠠ ᠪᠤᠰᠦ ᠳᠤᠭ᠎ᠠ ᠭᠡᠵᠦ ᠰᠡᠮ ᠪᠤᠳᠤᠭᠠᠳ᠂ | ᠡᠬᠦᠳᠡᠨ ᠪᠢᠯᠧᠲ ᠬᠤᠳᠠᠯᠳᠤᠬᠤ ᠭᠠᠵᠠᠷ ᠤᠨ ᠬᠠᠪᠢ ᠳᠦᠰᠦᠷ ᠢᠶᠠᠷ ᠦᠨᠳᠦᠰᠦᠳᠡᠨ ᠤ ᠤᠨᠴᠠᠯᠢᠭᠳᠤ ᠪᠠᠷᠠᠭ᠎ᠠ | ᠳᠠᠸᠡᠷ ᠠᠴᠠ ᠠᠬᠤᠭᠤᠯᠤᠨ ᠱᠠᠩᠳᠦ ᠶᠢᠨ ᠪᠠᠭᠤᠷᠢ ᠶᠢᠨ ᠳᠤᠬᠠᠢ ᠨᠤᠮ ᠰᠤᠳᠤᠷ ᠤᠳ ᠢ ᠬᠤᠳᠠᠯᠳᠦᠵᠦ ᠪᠠᠶᠢᠭ᠎ᠠ ᠶᠢ | ᠦᠵᠡᠵᠦ᠂ ᠳᠡᠷᠡ ᠨᠤᠮ ᠤᠳ ᠠᠴᠠ ᠨᠢ ᠬᠤᠶᠡᠷ ᠢ ᠬᠤᠳᠠᠯᠳᠤᠨ ᠠᠪᠴᠦ ᠡᠪᠦᠷᠳᠦᠯᠡᠯᠠ᠃ | ︽ᠤᠳᠤ ᠬᠤᠳᠠᠨ ᠳᠤ ᠤᠷᠤᠶ᠎ᠠ︾ ᠬᠡᠵᠦ ᠷᠢ᠊ · ᠰᠡᠴᠡᠨᠴᠤᠭᠳᠦ ᠠᠬ᠎ᠠ ᠬᠡᠯᠡᠪᠡ᠃ ᠳᠡᠷᠡᠪᠡᠷ | ᠠᠪᠢᠶᠠᠰᠯᠢᠭ ᠤᠷᠡᠨ ᠪᠦᠳᠦᠬᠡᠯᠴᠢ᠂ ᠢᠷᠠᠭᠤ ᠨᠠᠶᠢᠷᠠᠭᠴᠢ ᠪᠤᠯᠬᠤ ᠪᠠᠷ ᠦᠯᠦ ᠪᠠᠷᠠᠮ ᠨᠡᠩ ᠴᠦ ᠱᠠᠩᠳᠦ | ᠬᠤᠳᠠ ᠶᠢᠨ ᠳᠤᠬᠠᠢ᠂ ᠶᠤᠸᠠᠨ ᠤᠯᠤᠰ ᠤᠨ ᠳᠤᠬᠠᠢ᠂ ᠮᠤᠩᠭᠤᠯ ᠳᠡᠦᠬᠡ ᠶᠢᠨ ᠳᠤᠬᠠᠢ ᠬᠦᠨᠴᠡ | ᠤᠢᠢᠯᠠᠭᠠᠯᠳᠠ ᠲᠠᠢ ᠬᠦᠮᠦᠨ ᠶᠤᠮ᠃ ᠦᠢᠯᠡᠴᠢᠯᠡᠬᠡᠨ ᠤ ᠭᠠᠵᠠᠷ ᠠᠴᠠ ᠨᠢ ᠪᠢᠳᠡ ᠳᠤᠭᠤᠢ ᠳᠦᠷᠢᠶᠡᠰᠦᠯᠡᠵᠦ ᠪᠢᠯᠡ᠃ | ᠡᠨᠡ ᠨᠢ ᠶᠠᠪᠠᠭᠠᠨ ᠢᠶᠠᠷ ᠶᠠᠪᠤᠪᠡᠯ ᠴᠠᠭ ᠲᠤ ᠠᠷᠪᠢ ᠦᠬᠡᠢ᠂ ᠳᠤᠰᠬᠠᠢ ᠳᠡᠷᠬᠡ ᠪᠠᠷ ᠨᠢ ᠶᠠᠪᠤᠪᠡᠯ ᠰᠡᠬᠦᠳᠡᠷᠯᠡᠵᠦ | ᠰᠤᠷᠪᠤᠯᠵᠢᠯᠠᠬᠤ ᠳᠤ ᠳᠦᠬᠦᠮ ᠦᠬᠡᠢ ᠬᠡᠮᠡᠨ ᠪᠤᠳᠤᠯᠬᠢᠯᠠᠭᠰᠠᠨ ᠤ ᠬᠢ᠃ ᠡᠶᠢᠨᠬᠦ᠂ ᠱᠠᠩᠳᠦ ᠬᠤᠳᠠᠨ ᠳᠠᠬᠢ ᠠᠶᠠᠯᠠᠯ | ᠮᠠᠨᠢ ᠵᠢᠩᠬᠢᠨᠢ ᠪᠠᠷ ᠡᠬᠢᠯᠡᠯ᠎ᠠ᠃ | ᠡᠷᠬᠢᠮ ᠤᠡᠭᠰᠢᠭᠴᠢᠳ ᠮᠢᠨᠢ ᠪᠢᠳᠡᠨ ᠢ ᠳᠠᠭᠠᠭᠠᠳ ᠶᠠᠪᠤᠭᠠᠷᠡᠢ︕ | 1275 ᠤᠨ᠃ ︽ᠱᠠᠩᠳᠦ ᠬᠤᠳᠠ ᠶᠢ ᠤᠳᠤ ᠶᠢᠨ ᠬᠤᠪᠢᠯᠠᠢ ᠬᠠᠭᠠᠨ ᠪᠠᠶᠢᠭᠤᠯᠤᠭᠰᠠᠨ ᠶᠤᠮ᠁ | ᠡᠨᠡᠬᠦ ᠤᠷᠳᠦᠨ ᠬᠠᠷᠰᠢ ᠨᠢ ᠬᠤᠳᠠ ᠶᠢᠨ ᠳᠦᠪ ᠲᠤ ᠪᠤᠢ᠃ ᠭᠠᠳᠠᠭᠤᠷ ᠨᠢ ᠬᠤᠳᠠ ᠶᠢᠨ ᠬᠡᠷᠡᠮ ᠬᠦᠷᠢᠶᠡᠯᠡᠵᠦ᠂ ᠨᠢᠬᠡ | ᠳᠠᠯ᠎ᠠ ᠠᠴᠠ ᠪᠠᠨ ᠨᠦᠬᠦᠬᠡ ᠳᠠᠯ᠎ᠠ ᠬᠦᠷᠳᠡᠯ᠎ᠠ ᠳᠠᠳᠠᠬᠤ ᠳᠠᠭᠠᠨ 16 ᠮᠢᠯ ᠭᠠᠵᠠᠷ ᠠᠭᠤᠵᠢᠮ᠃ ᠳᠤᠳᠤᠷ᠎ᠠ ᠨᠢ | ᠤᠯᠠᠨ ᠠᠷᠪᠢᠨ ᠭᠤᠤᠯ ᠭᠤᠷᠤᠬ᠎ᠠ ᠬᠤᠷᠴᠢᠬᠢᠨᠠᠨ ᠤᠷᠤᠰᠴᠦ ᠡᠪᠡᠰᠦ ᠪᠠᠯᠴᠢᠬᠡᠷ ᠰᠠᠬᠤᠯᠢᠭ᠁︾ ᠬᠡᠮᠡᠨ | ᠢᠲ᠋ᠠᠯᠢ ᠶᠢᠨ ᠠᠯᠳᠠᠷᠳᠦ ᠵᠢᠭᠤᠯᠴᠢᠨ ᠮᠠᠷᠺᠦ ᠫᠤᠯᠥ ᠶᠢᠨ ᠠᠶᠠᠯᠠᠯ ᠤᠨ ᠳᠡᠮᠳᠡᠭᠯᠡᠯ ᠢ ᠡᠷᠬᠡ ᠦᠬᠡᠢ ᠰᠠᠨᠠᠵᠦ ᠤᠯᠪᠠ᠃ | — ᠱᠠᠩᠳᠦ ᠬᠤᠳᠠ ᠨᠢ ᠳᠤᠳᠤᠷ᠎ᠠ ᠬᠤᠳᠠ᠂ ᠭᠠᠳᠠᠷ ᠬᠤᠳᠠ᠂ ᠴᠡᠴᠡᠷᠯᠢᠭ ᠬᠤᠳᠠ ᠬᠡᠵᠦ | ᠬᠤᠶᠡᠷ ᠠᠴᠠ ᠭᠤᠷᠪᠡ᠂ ᠳᠦᠷᠪᠡᠨ ᠳᠠᠪᠬᠤᠷ ᠬᠡᠷᠡᠮ ᠲᠠᠢ ᠳᠡᠭᠰᠢ ᠳᠦᠷᠪᠡᠯᠵᠢᠨ ᠮᠠᠶ᠋ᠢᠭᠳᠠᠢ᠂ ᠮᠤᠩᠭᠤᠯ ᠤᠨ | ᠤᠯᠠᠮᠵᠢᠯᠠᠯᠳᠦ ᠳᠠᠪᠬᠤᠷ ᠬᠦᠷᠢᠶ᠎ᠠ ᠶᠢᠨ ᠬᠡᠯᠪᠡᠷᠢ ᠳᠦᠷᠢᠮ ᠢᠶᠠᠷ ᠪᠡᠷᠢᠡᠡᠳᠡᠵᠠᠢ᠃ ᠭᠠᠳᠠᠷ ᠬᠤᠳᠠ ᠶᠢᠨ ᠭᠠᠳᠠᠷ | ᠳᠠᠯ᠎ᠠ ᠪᠡ ᠬᠤᠶᠢᠳᠦ ᠳᠠᠯ᠎ᠠ ᠳᠤ ᠵᠠᠯᠭᠠᠵᠦ ᠪᠠᠷᠢᠭᠰᠠᠨ ᠶᠡᠭᠡ ᠬᠡᠷᠡᠮ ᠢ ᠴᠡᠴᠡᠷᠯᠢᠭ ᠬᠤᠳᠠ ᠬᠡᠳᠡᠭ ᠬᠡᠵᠦ ᠷᠢ᠊ · | ᠰᠡᠴᠡᠨᠴᠤᠭᠳᠦ ᠠᠬ᠎ᠠ ᠬᠡᠯᠡᠨ᠎ᠠ᠃ | 1899 ᠤᠨ᠃ ︽ᠬᠤᠳᠠ ᠪᠦᠷᠢ ᠢᠨᠦ ᠬᠡᠷᠡᠮ ᠲᠠᠢ᠂ ᠪᠢ ᠮᠤᠷᠢ ᠪᠠᠷ ᠬᠠᠮᠤᠭ ᠤᠨ ᠭᠠᠳᠠᠷ ᠬᠡᠷᠡᠮ ᠢ | ᠵᠤᠭᠠᠴᠠᠬᠤᠢ ᠳᠤᠷ ᠦᠳᠡ ᠶᠢᠨ ᠬᠤᠶᠢᠨ᠎ᠠ ᠶᠢᠨ ᠳᠦᠷᠪᠡᠨ ᠴᠠᠭ ᠠᠴᠠ ᠡᠬᠢᠯᠡᠬᠡᠳ ᠳᠤᠯᠤᠭᠠᠨ ᠴᠠᠭ ᠬᠠᠭᠠᠰ | ᠬᠦᠷᠳᠡᠯ᠎ᠠ ᠶᠠᠪᠤᠭᠠᠳ ᠳᠦᠡᠭᠬᠡᠵᠢ ᠪᠦᠬᠦ ᠬᠤᠳᠠ ᠶᠢ ᠨᠢᠬᠡ ᠳᠤᠭᠤᠷᠢᠪᠡᠢ᠃ ᠬᠤᠳᠠ ᠶᠢᠨ ᠬᠡᠷᠡᠮ ᠢᠨᠦ ᠨᠢᠬᠡᠨ | ᠰᠢᠪᠡᠷ ᠬᠡᠷᠡᠮ ᠪᠤᠯᠵᠦ᠂ ᠵᠠᠷᠢᠮ ᠬᠡᠰᠡᠭ ᠲᠤᠨᠢ ᠮᠡᠰᠢ ᠶᠡᠭᠡ ᠪᠠᠷ ᠡᠪᠳᠡᠭᠳᠡᠵᠦ ᠢᠯᠠᠩᠭᠤᠶ᠎ᠠ ᠬᠤᠳᠠ ᠶᠢᠨ ᠡᠮᠦᠨ᠎ᠠ | ᠬᠡᠷᠡᠮ ᠪᠤᠯᠪᠠᠰᠦ ᠪᠠᠷᠤᠭ ᠤᠷᠤ ᠮᠦᠷ ᠦᠬᠡᠢ ᠪᠤᠯᠤᠬ ᠰᠢᠬᠠᠵᠦ ᠵᠡᠷᠢᠮ ᠬᠡᠰᠡᠭ ᠢᠨᠦ ᠤᠪᠤᠭᠤᠷ ᠳᠤᠪᠤᠭᠤᠷ ᠪᠤᠯᠵᠦ᠂ | ᠪᠠᠷᠠᠭᠤᠨ ᠬᠡᠷᠡᠮ ᠨᠢ ᠰᠡᠳᠡᠷᠡᠵᠦ᠂ ᠬᠤᠶᠢᠳᠦ ᠪᠡᠶ᠎ᠠ ᠪᠠᠷ ᠬᠡᠷᠡᠮ ᠨᠢ ᠬᠦᠨᠳᠡᠢ ᠬᠤᠭᠤᠯᠠᠢ ᠪᠠᠷ ᠰᠡᠬᠦ᠋ᠢᠨ | ᠦᠵᠡᠭᠳᠡᠵᠦ ᠪᠠᠶᠢᠪᠠᠢ︾ ᠬᠡᠮᠡᠨ ᠤᠷᠤᠰ ᠤᠨ ᠵᠢᠭᠤᠯᠴᠢᠨ ᠠ᠊ · ᠮᠠ᠊ · ᠫᠤᠽᠳᠠᠨ᠋ᠶ᠋ᠸᠧ ᠬᠡᠭᠴᠢ ᠬᠦᠮᠦᠨ ᠤ | ︽ᠶᠤᠸᠠᠨ ᠤ ᠳᠡᠬᠡᠳᠦ ᠨᠡᠶᠢᠰᠯᠡᠯ ᠤᠨ ᠪᠠᠭᠤᠷᠢ ᠪᠠᠷ ᠵᠢᠭᠤᠯᠴᠢᠯᠠᠭᠰᠠᠨ ᠠᠨᠤ︾ ᠬᠡᠮᠡᠨ ᠳᠡᠮᠳᠡᠭᠯᠡᠭᠰᠡᠨ ᠢ ᠦᠵᠡᠪᠡᠯ ᠲᠠ | ᠪᠦᠬᠦᠨ ᠮᠡᠳᠡᠴᠢᠬᠡᠨᠠ ᠪᠠᠶᠢᠬ᠎ᠠ᠃ ᠤᠳᠤ ᠳᠡᠷᠡᠬᠦ ᠠᠩᠬᠠᠨ ᠤ ᠦᠶ᠎ᠠ ᠶᠢᠨ ᠱᠠᠩᠳᠦ ᠬᠤᠳᠠ ᠶᠢᠨ ᠰᠦᠷᠯᠢᠭ | ᠵᠢᠪᠬᠤᠭᠠᠯᠢᠭ᠂ ᠦᠨᠡᠨ ᠮᠦᠨ ᠳᠦᠷᠬᠦ ᠶᠢ ᠤᠯᠵᠦ ᠬᠠᠷᠠᠬᠤ ᠦᠬᠡᠢ ᠴᠦ ᠬᠡᠰᠡᠨ ᠦᠯᠢᠬᠡᠷ ᠳᠡᠦᠬᠡ ᠶᠢᠨ ᠪᠠᠭᠤᠷᠢ ᠨᠢ | ᠦᠪᠡᠷ ᠢᠶᠠᠨ ᠨᠡᠩ ᠴᠦ ᠭᠠᠶᠢᠬᠠᠮᠰᠢᠭ ᠪᠤᠯᠤᠨ ᠦᠯᠡᠳᠡᠵᠦ ᠶᠤᠮ᠃ | ᠪᠢᠳᠡ ᠵᠠᠯᠭᠠᠭᠠᠳ ᠶᠠᠪᠤᠶ᠎ᠠ᠃ | ᠮᠢᠩ ᠳ᠋ᠧ ᠮᠧᠨ ᠬᠠᠭᠠᠯᠭ᠎ᠠ ︵ᠭᠠᠳᠠᠷ ᠬᠤᠳᠠ ᠶᠢᠨ ᠡᠮᠦᠨ᠎ᠠ ᠡᠬᠦᠳᠡ︶ ᠨᠢ ᠢᠦᠢ ᠲᠢᠶᠡᠨ ᠮᠧᠨ ᠬᠠᠭᠠᠯᠭ᠎ᠠ᠂ | ᠹᠦ᠋ ᠷᠧᠨ ᠮᠧᠨ ᠬᠠᠭᠠᠯᠭ᠎ᠠ᠂ ᠬᠤᠶᠢᠳᠦ ᠬᠠᠭᠠᠯᠭ᠎ᠠ ᠲᠠᠢ ᠪᠠᠨ ᠡᠮᠦᠨᠡᠰᠢ ᠬᠤᠶᠢᠰᠢ ᠨᠢᠬᠡ ᠱᠤᠭᠤᠮ ᠳᠡᠬᠡᠷ᠎ᠠ ᠤᠷᠤᠰᠢᠳᠠᠭ᠃ | ᠨᠡᠷᠢᠯᠢᠭ᠋ ᠬᠡᠯᠡᠬᠦ ᠶᠤᠮ ᠪᠤᠯ᠂ ᠡᠨᠡ ᠶᠡᠭᠡ ᠪᠠᠯᠭᠠᠰᠦᠨ ᠤ ᠭᠠᠳᠠᠷ ᠬᠤᠳᠠ ᠶᠢᠨ ᠬᠦᠷᠢᠶᠡᠨ ᠤ ᠬᠡᠮᠵᠢᠶ᠎ᠠ ᠨᠢ | ᠵᠡᠬᠦᠨ ᠠᠴᠠ ᠪᠠᠷᠠᠭᠤᠨᠰᠢ 1280 ᠮᠧᠲᠷ ᠤᠷᠳᠦ᠂ ᠡᠮᠦᠨ᠎ᠠ ᠠᠴᠠ ᠬᠤᠶᠢᠰᠢ ᠪᠠᠨ 1320 ᠮᠧᠲᠷ ᠤᠷᠳᠦ | ᠳᠡᠭᠰᠢ ᠳᠦᠷᠪᠡᠯᠵᠢᠨ ᠬᠡᠯᠪᠡᠷᠢᠳᠡᠢ ᠪᠠᠶᠢᠭᠤᠯᠤᠭᠰᠠᠨ ᠬᠤᠳᠠ ᠶᠤᠮ᠃ ᠭᠠᠳᠠᠷ ᠬᠤᠳᠠ ᠨᠢ ᠡᠮᠦᠨ᠎ᠠ ᠬᠤᠶᠢᠨ᠎ᠠ ᠪᠠᠨ | ᠳᠤᠰᠪᠤᠷᠢ ᠨᠢᠬᠡ ᠬᠠᠭᠠᠯᠭ᠎ᠠ ᠲᠠᠢ᠂ ᠵᠡᠬᠦᠨ ᠪᠠᠷᠠᠭᠤᠨ ᠳᠠᠯ᠎ᠠ ᠳᠠᠭᠠᠨ ᠳᠤᠰᠪᠦᠷᠢ ᠬᠤᠶᠡᠷ ᠬᠠᠭᠠᠯᠭ᠎ᠠ ᠲᠠᠢ᠃ | ᠪᠠᠷᠠᠭᠤᠨ ᠳᠠᠯ᠎ᠠ ᠪᠠᠷ ᠨᠢ ᠨᠡᠮᠡᠵᠦ ᠪᠠᠷᠢᠭᠰᠠᠨ ᠴᠡᠴᠡᠷᠯᠢᠭ ᠬᠤᠳᠠ ᠶᠢᠨ ᠡᠮᠦᠨ᠎ᠠ ᠬᠡᠷᠡᠮ ᠤᠨ ᠬᠢᠨᠢ ᠤᠷᠳᠦ ᠨᠢ 770 | ᠮᠧᠲᠷ᠂ ᠳᠤᠮᠳᠠ ᠪᠠᠨ ᠨᠢᠬᠡ ᠬᠠᠭᠠᠯᠭ᠎ᠠ ᠲᠠᠢ᠂ ᠪᠠᠷᠠᠭᠤᠨ ᠳᠠᠯ᠎ᠠ ᠶᠢᠨ ᠬᠦᠷᠢᠶᠡᠨ ᠤ ᠬᠢᠨᠢ ᠤᠷᠳᠦ ᠨᠢ 2115 ᠮᠧᠲᠷ | ᠂ ᠳᠤᠮᠳᠠ ᠪᠠᠨ ᠭᠠᠳᠠᠷ ᠬᠤᠳᠠ ᠶᠢᠨ ᠪᠠᠷᠠᠭᠤᠨ ᠬᠠᠭᠠᠯᠭ᠎ᠠ ᠲᠠᠢ ᠵᠡᠷᠬᠡᠴᠡᠨ ᠨᠢᠬᠡ ᠬᠠᠭᠠᠯᠭ᠎ᠠ ᠲᠠᠢ᠃ ᠬᠤᠶᠢᠭᠤᠷ | ᠪᠠᠶᠢᠭ᠎ᠠ ᠶᠡᠭᠡ ᠬᠦᠷᠢᠶᠡᠨ ᠤ ᠬᠢᠨᠢ ᠬᠡᠷᠡᠮ ᠤᠨ ᠤᠷᠳᠦ ᠨᠢ 2050 ᠮᠧᠲᠷ ᠳᠤᠮᠳᠠ ᠪᠠᠨ ᠬᠤᠶᠡᠷ | ᠬᠠᠭᠠᠯᠭ᠎ᠠ ᠲᠠᠢ᠃ ᠭᠠᠳᠠᠷ ᠬᠤᠳᠠ ᠪᠡ ᠴᠡᠴᠡᠷᠯᠢᠭ ᠬᠤᠳᠠ ᠶᠢᠨ ᠬᠡᠷᠡᠮ ᠢ ᠪᠦᠷ ᠴᠤᠬᠤᠢ ᠬᠠᠪᠴᠢᠭᠤᠯᠤᠨ | ᠴᠢᠯᠠᠭᠤ ᠪᠠᠷ ᠪᠠᠷᠢᠭᠰᠠᠨ ᠪᠢᠯᠡ᠃ | ᠰᠠᠭᠤᠷᠢ ᠨᠢ ᠲᠦᠷᠪᠡᠨ ᠮᠧᠳ᠋ᠷ ᠦᠷᠬᠡᠨ᠂ ᠦᠨᠳᠦᠷ ᠨᠢ ᠳᠠᠪᠤ ᠠᠴᠠ ᠳᠤᠯᠤᠭᠠᠨ ᠮᠧᠲᠷ ᠪᠠᠶᠢᠨ᠎ᠠ᠃ ᠤᠳᠤ | ᠪᠤᠯ ᠨᠤᠷᠠᠭᠰᠠᠨ ᠬᠡᠷᠡᠮ ᠳᠡᠬᠡᠷ᠎ᠠ ᠨᠢ ᠡᠪᠡᠰᠦ ᠳᠡᠷᠡᠰᠦ ᠤᠷᠭᠤᠭᠠᠳ ᠤᠨ ᠴᠠᠭ ᠤᠨ ᠰᠠᠯᠬᠢᠨ ᠳᠤ ᠡᠯᠡᠭᠳᠡᠵᠦ | ᠬᠦᠢᠴᠡᠭᠰᠡᠨ ᠢᠶᠠᠨ ᠬᠠᠷᠠᠭᠤᠯᠵᠦ ᠪᠤᠢ ᠴᠦ ᠡᠴᠡᠵᠦ ᠳᠤᠷᠳᠠᠭᠠ ᠦᠬᠡᠢ ᠬᠡᠳᠡᠭ ᠢᠶᠠᠨ ᠪᠠᠰᠠ ᠦᠵᠡᠬᠦᠯᠵᠦ ᠪᠤᠢ ᠴᠦ | ᠮᠡᠳᠦ᠃ ᠡᠩ ᠦᠬᠡᠢ ᠳᠡᠭᠰᠢ ᠳᠠᠯ᠎ᠠ ᠳᠤ ᠡᠨᠡ ᠠᠳᠠᠯᠢ ᠰᠦᠷᠯᠢᠭ ᠪᠤᠰᠤᠭᠰᠠᠨ ᠬᠤᠳᠠ ᠶᠢ ᠠᠩᠬ᠎ᠠ ᠢᠷᠡᠵᠦ | ᠪᠤᠢ ᠬᠦᠮᠦᠨ ᠪᠤᠯᠭᠠᠨ ᠠᠮᠠ ᠪᠠᠨ ᠠᠩᠭᠠᠢᠢᠳᠡᠯᠠ ᠭᠠᠶᠢᠬᠠᠬᠤ ᠦᠬᠡᠢ ᠬᠡᠪᠡᠯ ᠬᠡᠨ ᠢᠳᠡᠬᠡᠨᠠ ᠪᠤᠢ︖ ᠬᠡᠨ | ᠪᠢᠰᠢᠷᠡᠬᠦ ᠰᠡᠳᠬᠢᠯ ᠳᠦᠷᠦᠬᠦ ᠦᠬᠡᠢ ᠰᠠᠨ ᠪᠢᠯᠡ ᠬᠡᠵᠦ ᠪᠢ ᠰᠡᠳᠬᠢᠨᠠ᠃ | ᠳᠤᠭᠤᠢ ᠪᠠᠨ ᠤᠨᠤᠭᠰᠠᠭᠠᠷ ᠪᠢᠳᠡ ᠬᠤᠶᠠᠭᠤᠯᠡ ᠳᠤᠳᠤᠷ᠎ᠠ ᠬᠤᠳᠠ ᠶᠢᠨ ᠪᠠᠷᠠᠭᠤᠨ ᠡᠮᠦᠨ᠎ᠠ | ᠦᠨᠴᠦᠭ ᠲᠤ ᠭᠠᠷᠤᠯ᠎ᠠ᠃ ᠳᠤᠳᠤᠷ᠎ᠠ ᠬᠤᠳᠠ ᠨᠢ ᠳᠡᠭᠰᠢ ᠳᠦᠷᠪᠡᠯᠵᠢᠨ ᠬᠦᠷᠢᠶ᠎ᠠ ᠲᠠᠢ᠂ ᠡᠷᠬᠢᠨ ᠳᠤᠭᠤᠷᠢᠨ 6 | ᠭᠠᠵᠠᠷ᠃ ᠬᠡᠷᠡᠮ ᠢ ᠨᠢ ᠰᠢᠷ᠎ᠠ ᠰᠢᠷᠦᠢ ᠪᠠᠷ ᠬᠠᠨᠭ᠍ᠳᠠᠵᠦ ᠪᠤᠰᠬᠠᠭᠠᠳ ᠭᠠᠳᠠᠭᠤᠷ ᠨᠢ ᠴᠢᠯᠠᠭᠤ ᠳᠤᠭᠤᠰᠬ᠎ᠠ ᠪᠠᠷ | ᠵᠢᠬᠢᠷᠢᠭᠯᠡᠵᠦ ᠪᠠᠷᠢᠵᠡᠢ᠃ | 1256 ᠤᠨ ᠪᠤᠶᠤ ᠤᠯᠠᠭᠠᠨ ᠯᠤᠤ ᠵᠢᠯ ᠤᠨ ᠭᠤᠷᠪᠠᠳᠤᠭᠠᠷ ᠰᠠᠷ᠎ᠠ᠃ ᠬᠤᠪᠢᠯᠠᠢ ᠬᠠᠭᠠᠨ | ᠠᠬ᠎ᠠ ᠶᠢᠨ ᠵᠠᠷᠯᠢᠭ ᠢ ᠵᠢᠷᠤᠮᠯᠠᠵᠦ᠂ ᠯᠢᠦ ᠪᠢᠩ ᠵᠦᠩ ᠢᠶᠠᠷ ᠭᠠᠵᠠᠷ ᠰᠤᠩᠭᠤᠭᠤᠯᠤᠨ᠂ ᠠᠯᠳᠠ ᠤᠯᠤᠰ ᠤᠨ | ᠦᠶ᠎ᠠ ᠶᠢᠨ ᠬᠤᠸᠠᠨᠵᠸᠦ ᠬᠤᠳᠠ ᠠᠴᠠ ᠵᠡᠬᠦᠨᠰᠢ ᠳᠠᠪᠢ ᠤᠷᠴᠢᠮ ᠭᠠᠵᠠᠷ ᠤᠨ ᠵᠠᠢ ᠳᠤ ᠨᠤᠳᠤᠭ ᠰᠤᠩᠭᠤᠵᠦ᠂ | ᠮᠤᠩᠭᠤᠯ ᠳᠡᠦᠬᠡ ᠰᠤᠷᠪᠤᠯᠵᠢ ᠪᠢᠴᠢᠭ ᠲᠤ ᠳᠡᠮᠳᠡᠭᠯᠡᠭᠳᠡᠭᠰᠡᠨ ᠠᠯᠳᠡᠷᠳᠦ ᠰᠢᠷ᠎ᠠ ᠳᠠᠯ᠎ᠠ ᠶᠢᠨ ᠵᠡᠬᠦᠨ ᠬᠠᠪᠢ᠂ ᠠᠭᠤᠯᠡ | ᠤᠰᠦ ᠳᠡᠭᠰᠢ᠂ ᠤᠰᠤ ᠪᠡᠯᠴᠢᠬᠡᠷ ᠰᠠᠬᠤᠯᠢᠭ᠂ ᠤᠢ ᠮᠤᠳᠦ ᠪᠢᠳᠡᠬᠦᠦ᠂ ᠠᠭᠤᠷ ᠠᠮᠢᠰᠬᠤᠯ ᠡᠶᠡᠪᠡᠷᠬᠦᠦ᠂ ᠤᠷᠤᠭᠰᠢ | ᠳᠠᠶᠢᠯᠬᠤ ᠳᠤ ᠠᠷᠦ ᠳᠦᠰᠢᠭ᠂ ᠤᠬᠤᠷᠢᠵᠦ ᠰᠠᠭᠤᠬᠤ ᠳᠤ ᠪᠠᠳᠦ ᠴᠠᠶᠢᠵᠠ ᠪᠤᠯᠤᠭᠰᠠᠨ ᠪᠠᠭ᠎ᠠ ᠬᠤᠷᠠᠬᠤ ᠶᠢᠨ | ᠠᠭᠤᠯᠡ ᠶᠢᠨ ᠡᠮᠦᠨ᠎ᠠ ᠪᠡᠯ᠂ ᠤᠤᠯ ᠤᠨ ᠯᠤᠸᠠᠨᠾᠧ ᠭᠤᠤᠯ ᠤᠨ ᠠᠷᠦ ᠳᠡᠨᠵᠢᠨ ᠳᠡᠬᠡᠷ᠎ᠠ᠂ ᠬᠡᠶᠢᠪᠤᠩ ᠭᠤᠤᠯ ᠤᠨ | ᠤᠢᠢᠷ᠎ᠠ ᠬᠤᠳᠠ ᠪᠠᠶᠢᠭᠤᠯᠵᠦ ᠪᠠᠭᠤᠴᠠ ᠳᠠᠯᠪᠢᠭᠰᠠᠨ ᠨᠢ ᠤᠳᠤ ᠶᠢᠨ ᠮᠢᠨᠦ ᠬᠢᠰᠬᠢᠵᠦ ᠪᠤᠢ ᠡᠨᠡ ᠬᠦᠷᠦᠰᠦ ᠰᠢᠷᠦᠢ᠃ | ᠤᠨ ᠴᠠᠭ ᠵᠤᠭᠰᠤᠯ ᠦᠬᠡᠢ ᠤᠳᠤᠭᠰᠠᠭᠠᠷ᠂ ᠠᠮᠢ ᠲᠠᠢ ᠠᠮᠢ ᠦᠬᠡᠢ ᠪᠦᠬᠦᠳᠡ ᠶᠢᠨ ᠪᠠᠶᠢᠷᠢ ᠰᠠᠭᠤᠷᠢ ᠴᠦ | ᠬᠤᠪᠢᠷᠠᠭᠰᠠᠭᠠᠷ᠃ 1964 ᠤᠨ ᠳᠤ᠂ ᠶᠤᠸᠠᠨ ᠤ ᠳᠡᠬᠡᠳᠦ ᠨᠡᠶᠢᠰᠯᠡᠯ ᠤᠨ ᠪᠠᠭᠤᠷᠢ ᠨᠢ ᠦᠪᠦᠷ ᠮᠤᠩᠭᠤᠯ ᠤᠨ | ᠦᠪᠡᠷᠳᠡᠬᠡᠨ ᠵᠠᠰᠠᠬᠤ ᠤᠷᠤᠨ ᠤ ᠨᠢᠬᠡᠳᠦᠬᠡᠷ ᠪᠦᠯᠦᠭ ᠪᠦᠬᠦ ᠤᠯᠤᠰ ᠤᠨ ᠭᠤᠤᠯᠳᠠᠯᠭ᠎ᠠ ᠲᠠᠢ ᠳᠡᠦᠬᠡ ᠶᠢᠨ | ᠳᠤᠷᠠᠰᠬᠠᠯᠳᠦ ᠵᠦᠢᠯᠡᠰ ᠤᠨ ᠬᠠᠮᠠᠭᠠᠯᠠᠯᠳᠠ ᠶᠢᠨ ᠤᠷᠤᠨ ᠢᠶᠠᠷ ᠳᠤᠭᠳᠠᠭᠠᠭᠳᠠᠵᠡᠢ᠃ ᠳᠡᠬᠦᠨ ᠢᠶᠠᠷ ᠪᠠᠷᠠᠬᠤ | ᠦᠬᠡᠢ 2012 ᠤᠨ ᠤ 6 ᠰᠠᠷ᠎ᠠ ᠶᠢᠨ 29 ᠤ ᠡᠳᠦᠷ᠂ ᠤᠷᠤᠰ ᠤᠨ ᠰᠠᠨᠲ ᠫᠧᠲᠧᠷᠪᠦᠷᠢᠭ ᠬᠤᠳᠠᠨ᠎ᠠ | ᠬᠤᠷᠠᠯᠳᠤᠭᠰᠠᠨ 36 ᠳ᠋ᠤᠭᠠᠷ ᠬᠤᠭᠤᠴᠠᠭᠠᠨ ᠤ ᠤᠯᠠᠨ ᠤᠯᠤᠰ ᠤᠨ ᠬᠤᠯᠪᠤᠭᠠᠳᠦ ᠪᠠᠶᠢᠭᠤᠯᠤᠯᠭ᠎ᠠ ᠶᠢᠨ ᠰᠤᠷᠭᠠᠨ | ᠬᠦᠮᠦᠵᠢᠯ ᠰᠢᠨᠵᠢᠯᠡᠬᠦ ᠤᠬᠠᠭᠠᠨ ᠰᠤᠶᠤᠯ ᠤᠨ ᠵᠤᠬᠢᠶᠡᠨ ᠪᠠᠶᠢᠭᠤᠯᠤᠯᠳᠠ ᠶᠢᠨ ᠳᠡᠯᠡᠬᠡᠢ ᠶᠢᠨ ᠰᠤᠶᠤᠯ ᠤᠨ ᠦᠪ ᠤᠨ | ᠵᠦᠪᠯᠡᠯ ᠤᠨ ᠬᠤᠷᠡᠯ ᠳᠡᠬᠡᠷ᠎ᠠ ᠶᠤᠸᠠᠨ ᠤ ᠳᠡᠬᠡᠳᠦ ᠨᠡᠶᠢᠰᠯᠠᠯ ᠤᠨ ᠪᠠᠭᠤᠷᠢ ᠨᠢ ᠳᠡᠯᠡᠬᠡᠢ ᠶᠢᠨ ᠰᠤᠶᠤᠯ ᠤᠨ | ᠦᠪ ᠢᠶᠠᠷ ᠪᠦᠷᠢᠳᠬᠡᠬᠦᠯᠦᠭᠰᠡᠨ ᠶᠤᠮ᠃ | ᠳᠡᠶᠢᠮᠦ ᠡ᠃ ᠡᠨᠡ ᠬᠤᠳᠠᠨ ᠳᠤᠳᠤᠷ᠎ᠠ ᠡᠪᠦᠭᠡ ᠳᠡᠬᠡᠳᠦᠰ ᠮᠢᠨᠢ ᠶᠢᠷᠳᠢᠨᠴᠦ ᠶᠢ ᠵᠠᠰᠠᠭᠯᠠᠵᠦ | ᠪᠠᠶᠢᠭᠰᠠᠨ ᠳ᠋ᠠ ᠬᠡᠮᠡᠨ ᠳᠡᠦᠬᠡ ᠶᠢᠨ ᠬᠦᠷᠳᠦᠨ ᠳᠡᠬᠡᠷ᠎ᠠ ᠳᠡᠷᠢᠬᠦᠨ ᠡᠷᠬᠦᠵᠦ ᠵᠤᠭᠰᠤᠬᠤ ᠳᠤ ᠳᠡᠷᠳᠡᠭᠡ | ᠬᠤᠯᠡ ᠶᠢᠨ ᠠᠨᠢᠷ ᠬᠢᠬᠡᠳ ᠦᠨᠦ ᠴᠠᠭ ᠤᠨ ᠬᠤᠪᠢᠰᠦᠯᠳᠡ ᠬᠤᠶᠡᠷ ᠦᠪᠡᠷ ᠤᠨ ᠡᠷᠬᠡ ᠦᠬᠡᠢ ᠡᠮᠵᠡᠭ | ᠰᠡᠳᠬᠢᠯ ᠢ ᠳᠤᠷᠬᠢᠶᠡᠨᠠ᠃ | ᠢᠷᠠᠭᠤ ᠨᠠᠶᠢᠷᠠᠭᠴᠢ ᠠᠬ᠎ᠠ ᠮᠠᠨᠢ ︽ᠬᠦᠬᠡ ᠱᠠᠩᠳᠦ ᠶᠢᠨ ᠪᠠᠭᠤᠴᠠᠨ ᠳᠡᠬᠡᠷ᠎ᠠ︾ ᠰᠢᠯᠦᠭ ᠢᠶᠠᠨ | ᠤᠡᠭᠰᠢᠭᠰᠡᠭᠠᠷ ᠭᠠᠳᠠᠷ ᠬᠤᠳᠠ ᠶᠢᠨ ᠪᠠᠷᠠᠭᠤᠨ ᠬᠤᠶᠢᠳᠦ ᠦᠨᠴᠦᠭ ᠳᠡᠬᠡᠷ᠎ᠠ ᠬᠦᠷᠦᠯ᠎ᠠ᠃ ︽ᠱᠠᠩᠳᠦ ᠪᠤᠯ | ᠮᠤᠩᠭᠤᠯᠴᠤᠳ ᠤᠨ ᠤᠯᠠᠮᠵᠢᠯᠠᠯᠳᠦ ᠦᠵᠡᠯ ᠰᠠᠨᠠᠭ᠎ᠠ᠂ ᠰᠤᠶᠤᠯ ᠤᠷᠠᠯᠢᠭ᠂ ᠡᠷᠢᠯ ᠬᠦᠰᠡᠯ᠂ ᠬᠡᠪ ᠨᠠᠮᠪᠠ᠂ ᠵᠠᠩ | ᠳᠠᠳᠬᠠᠯ ᠢ ᠳᠤᠰᠬᠠᠠᠭᠰᠠᠨ ᠳᠠᠯ᠎ᠠ ᠶᠢᠨ ᠮᠤᠩᠭᠤᠯ ᠬᠤᠳᠠ᠃ ᠶᠤᠸᠠᠨ ᠤᠯᠤᠰ ᠤᠨ ᠦᠶᠡᠰ ᠳᠡᠬᠡᠳᠦ ᠨᠡᠶᠢᠰᠯᠡᠯ ᠱᠠᠩᠳᠦ | ᠪᠠᠯᠭᠠᠳ ᠢ ᠨᠤᠳᠤᠭ ᠤᠨ ᠮᠤᠩᠭᠤᠯᠴᠤᠳ ᠨᠢ ︿ᠵᠤᠤ ᠨᠠᠢᠮᠠᠨ ᠰᠦᠮ᠎ᠠ﹀ ᠪᠤᠶᠤ ︿ᠬᠦᠷᠢᠶᠡᠳᠦ ᠪᠠᠯᠭᠠᠰᠦᠨ﹀ | ᠬᠡᠳᠡᠭ ᠪᠠᠶᠢᠵᠠᠢ︾ ᠬᠡᠮᠡᠨ ᠪᠢ ᠳᠡᠦᠬᠡ ᠶᠢᠨ ᠬᠠᠭᠤᠳᠠᠰᠦ ᠤᠷᠪᠠᠭᠤᠯᠤᠨ᠎ᠠ᠃ | ᠪᠠᠷᠠᠭᠤᠨ ᠬᠤᠶᠢᠳᠦ ᠦᠨᠴᠦᠭ ᠤᠨ ᠡᠨᠡ ᠳᠤᠪᠤᠴᠠᠭ ᠲᠤ ᠳᠠᠷᠡᠰᠦᠨ ᠤ ᠨᠠᠮᠠᠭ᠎ᠠ ᠰᠠᠯᠬᠢᠨ ᠤ | ᠠᠶᠠᠰ ᠢᠶᠠᠷ ᠳᠡᠷᠪᠡᠯᠵᠡᠬᠦ ᠨᠢ ᠴᠠᠭᠠᠨ᠎ᠠ ᠪᠠᠨ ᠨᠢᠬᠡ ᠯᠡ ᠵᠦᠬᠡᠯᠡᠬᠡᠨ᠂ ᠬᠠᠶᠠ ᠪᠠᠰᠠ ᠭᠤᠨᠢᠶᠠᠯᠳᠠᠢ᠃ ᠠᠬ᠎ᠠ ᠮᠠᠨᠢ | ᠭᠠᠷ ᠤᠨ ᠠᠶ᠎ᠠ ᠪᠠᠷ ᠢᠶᠠᠨ ᠨᠢᠬᠡ ᠬᠡᠰᠡᠭ ᠬᠠᠪᠳᠠᠭᠠᠢ ᠴᠢᠯᠠᠭᠤ ᠶᠢ ᠤᠷᠪᠠᠭᠤᠯᠬᠤ ᠳᠤ ᠳᠡᠷᠡ ᠨᠢ ᠬᠡ ᠲᠠᠢ ᠸᠠᠭᠠᠷ | ᠪᠠᠶᠢᠭᠰᠠᠨ ᠨᠢ ᠠᠳᠡ ᠢᠷᠡᠭᠰᠡᠨ ᠪᠢᠳᠡ ᠬᠤᠶᠡᠷ ᠤᠨ ᠠᠵᠠ ᠪᠠᠶᠢᠵᠠᠢ᠂ ᠢᠳᠡᠬᠡᠯ ᠰᠡᠳᠬᠢᠯ ᠳᠦᠷᠦᠬᠦᠯᠪᠡ᠃ | ᠤᠴᠢᠷ ᠶᠤ ᠶᠢ ᠨᠢ ᠰᠠᠨᠠᠬᠤ ᠠᠴᠠ᠂ ᠤᠳᠤᠬᠠᠨ ᠳᠤ ᠤᠯᠵᠦ ᠮᠡᠳᠡᠭᠰᠨᠨ᠂ ᠰᠢᠨᠡᠬᠡᠨ ᠢᠯᠡᠷᠡᠬᠦᠯᠦᠭᠰᠡᠨ ᠰᠢᠯᠤᠭᠤᠨ ᠬᠦᠬᠡ | ᠬᠤᠰᠢᠭᠤᠨ ᠤ ᠨᠤᠳᠤᠭ ᠳᠡᠬᠡᠷ᠎ᠠ ᠳᠠᠷᠬᠠᠵᠦ ᠪᠠᠶᠢᠭ᠎ᠠ ᠡᠷᠳᠡᠨ ᠤ ᠸᠠᠭᠠᠷ ᠳᠤᠭᠤᠰᠬ᠎ᠠ ᠰᠢᠳᠠᠭᠠᠬᠤ ᠵᠤᠤᠬ᠎ᠠ᠂ ᠴᠤᠬᠤᠢ | ᠳᠤᠩᠭᠠᠬᠤ ᠵᠤᠭᠤᠷᠢ᠂ ᠴᠢᠯᠠᠭᠤ ᠭᠠᠷᠭᠠᠵᠦ ᠵᠠᠰᠠᠭᠰᠠᠨ ᠦᠯᠡᠳᠡᠪᠤᠷᠢ ᠶᠢᠨ ᠡᠩᠨᠡᠬᠡᠨ ᠳᠤ ᠶᠤᠸᠠᠨ ᠤᠯᠤᠰ ᠤᠨ | ᠦᠶ᠎ᠠ ᠶᠢᠨ ᠬᠢ ᠬᠡᠳᠡᠭ ᠨᠢ ᠪᠠᠳᠤᠯᠠᠭᠳᠠᠵᠠᠢ᠃ ᠡᠨᠡ ᠨᠢ ᠲᠡᠷᠡ ᠦᠶ᠎ᠠ ᠶᠢᠨ ᠤᠷᠡᠨ ᠳᠠᠷᠬᠠᠴᠤᠳ ᠤᠨ ᠤᠷ᠎ᠠ | ᠤᠬᠠᠭᠠᠨ ᠢ ᠨᠢᠬᠡ ᠬᠡᠮᠵᠢᠶᠡᠨ ᠳᠤ ᠢᠯᠡᠷᠡᠬᠦᠯᠦᠭᠰᠡᠨ ᠪᠤᠯ ᠬᠠᠮᠤᠭ ᠤᠨ ᠭᠤᠤᠯ ᠨᠢ ᠳᠤᠬᠠᠢ ᠶᠢᠨ ᠴᠠᠭ ᠳᠦᠷᠦ ᠶᠢᠨ᠂ | ᠤᠯᠤᠰ ᠵᠠᠰᠠᠭ ᠤᠨ ᠪᠠᠳᠠᠷᠠᠯ ᠬᠦᠭᠵᠢᠯ᠂ ᠮᠡᠷᠬᠡᠵᠢᠯ ᠰᠢᠨᠠᠴᠢᠯᠡᠯ ᠢ ᠦᠵᠡᠨ ᠮᠡᠳᠡᠷᠡᠵᠦ ᠪᠤᠯᠬᠤ ᠶᠤᠮ᠃ | ᠳᠡᠬᠡᠬᠡᠳ ᠳᠡᠷᠡ ᠸᠠᠭᠠᠷ ᠢᠶᠠᠨ ᠤᠭ ᠤᠨ ᠶᠤᠰᠤᠭᠠᠷ ᠨᠢ ᠳᠠᠯᠪᠢᠵᠦ ᠤᠷᠬᠢᠭᠠᠳ ᠳᠤᠳᠤᠷ᠎ᠠ ᠬᠤᠳᠠ ᠶᠢᠨ | ᠬᠤᠶᠢᠨ᠎ᠠ ᠪᠠᠶᠢᠬᠤ ᠦᠢᠯᠡᠴᠢᠯᠡᠬᠡᠨ ᠤ ᠭᠠᠵᠠᠷ ᠲᠤ ᠤᠷᠤᠵᠦ ᠤᠰᠦ ᠤᠤᠭᠤᠵᠦ᠂ ᠪᠠᠭ᠎ᠠ ᠰᠠᠭᠤᠪᠡ᠃ ᠶᠡᠭᠡ ᠠᠮᠳᠠᠳᠠᠢ | ᠪᠠᠶᠢᠯ᠎ᠠ ᠳᠡᠷᠡ ᠤᠰᠤ᠃ ᠤᠴᠢᠷ ᠨᠢ ᠳᠡᠷᠡ ᠪᠤᠯ ᠶᠡᠭᠡ ᠬᠠᠭᠠᠳ ᠤᠨ ᠮᠠᠨᠢ ᠠᠮᠰᠠᠵᠦ ᠪᠠᠶᠢᠭᠰᠠᠨ ᠤᠮᠳᠠ ᠰᠢᠮ᠎ᠠ ᠬᠡᠵᠦ | ᠪᠤᠳᠤᠬᠤ ᠠᠴᠠ ᠶᠠᠮᠠᠷ ᠶᠡᠭᠡ ᠠᠵᠠ ᠵᠢᠷᠭᠠᠯ ᠲᠠᠢ ᠰᠠᠨᠠᠭᠳᠠᠨ᠎ᠠ ᠬᠡᠵᠦ᠃ ᠴᠡᠬᠡᠵᠢ ᠠᠭᠤᠵᠢᠷᠠᠯ᠎ᠠ᠂ ᠬᠦᠨᠵᠡᠬᠡᠢ | ᠠᠮᠢᠰᠬᠤᠯ᠎ᠠ᠃ | ᠬᠠᠷᠢᠨ ᠡᠨᠡᠬᠦ ᠦᠢᠯᠡᠴᠢᠯᠡᠬᠡᠨ ᠤ ᠭᠠᠵᠠᠷ ᠢ ᠦᠵᠡᠬᠡᠳ ᠪᠤᠭᠴᠤᠨ ᠳᠠᠭᠠᠨ ᠠᠪᠴᠦ ᠶᠠᠪᠤᠵᠦ ᠪᠠᠶᠢᠭᠰᠠᠨ | ᠱᠠᠩᠳᠦ ᠬᠤᠳᠠ ᠶᠢᠨ ᠪᠠᠭᠤᠷᠢ ᠶᠢᠨ ᠤᠳᠤ ᠶᠢᠨ ᠪᠦᠳᠦᠬᠡᠨ ᠪᠠᠶᠢᠭᠤᠯᠤᠯᠳᠠ ᠶᠢᠨ ᠳᠤᠬᠠᠢ ᠮᠠᠲᠧᠷᠢᠶᠡᠯ ᠢ | ᠰᠠᠨᠠᠭᠠᠨ ᠳᠤ ᠤᠷᠦᠵᠦ ᠴᠤᠬᠤᠰ ᠡᠷᠬᠢᠬᠦᠯᠪᠡ᠃ ᠰᠢᠯᠦᠭᠤᠨ ᠬᠦᠬᠡ ᠬᠤᠰᠢᠭᠤᠨ ᠤ ᠵᠤᠭᠠᠴᠠᠯ ᠤᠨ ᠠᠵᠦ | ᠦᠢᠯᠡᠰ ᠤᠨ ᠬᠦᠭᠵᠢᠯᠳᠡ ᠶᠢᠨ ᠶᠡᠷᠦᠩᠬᠡᠢ ᠰᠡᠳᠬᠢᠮᠵᠢ ᠪᠤᠯ᠄ ︽ᠶᠤᠸᠠᠨ ᠤ ᠳᠡᠬᠡᠳᠦ ᠨᠠᠶᠢᠰᠯᠠᠯ︾ ᠢᠶᠠᠷ ᠨᠡᠷᠡᠳᠦ | ᠳᠡᠮᠳᠡᠭᠳᠦ ᠪᠤᠶᠤ ᠭᠤᠤᠯ ᠴᠦᠮ᠎ᠠ ᠪᠠᠨ ᠪᠤᠯᠭᠠᠵᠦ᠂ ︽ᠨᠢᠬᠡ ᠳᠦᠪ᠂ ᠬᠤᠶᠡᠷ ᠴᠡᠭ᠂ ᠳᠠᠪᠤᠨ ᠦᠵᠡᠮᠵᠢ ᠶᠢᠨ | ᠤᠷᠤᠨ︾ ᠢᠶᠠᠷ ᠵᠤᠭᠠᠴᠠᠯ ᠤᠨ ᠰᠢᠰᠲᠧᠮ ᠢ ᠪᠦᠷᠢᠯᠳᠦᠬᠦᠯᠤᠨ᠎ᠠ᠃ ᠪᠠᠰᠠ ᠱᠠᠩᠳᠦ ᠶᠢᠨ ᠭᠤᠤᠯ ᠤᠨ ᠪᠠᠶᠢᠭᠠᠯᠢᠯᠢᠭ | ᠮᠠᠯᠵᠢᠯ ᠤᠨ ᠳᠠᠯᠠᠪᠠᠢ ᠶᠢᠨ ᠵᠤᠭᠠᠴᠠᠯ᠂ ᠮᠤᠩᠭᠤᠯ ᠶᠤᠸᠠᠨ ᠤ ᠰᠤᠶᠤᠯ ᠵᠤᠭᠠᠴᠠᠯ ᠤᠨ ᠦᠵᠡᠮᠵᠢ ᠶᠢᠨ ᠤᠷᠤᠨ | ᠵᠡᠷᠬᠡ ᠶᠢ ᠠᠬᠢᠭᠤᠯᠤᠨ ᠬᠦᠭᠵᠢᠬᠦᠯᠬᠦ᠂ ᠤᠳᠤᠨ ᠳᠡᠰ ᠤᠨ ᠮᠠᠯᠴᠢᠨ ᠠᠶᠢᠯ ᠵᠤᠭᠠᠴᠠᠯ ᠤᠨ ᠴᠡᠭ ᠢ ᠴᠤᠭᠴᠠᠯᠠᠨ | ᠰᠠᠶᠢᠵᠢᠷᠠᠭᠤᠯᠤᠨ᠎ᠠ᠁ ᠬᠡᠵᠡᠢ᠃ ᠬᠠᠷᠢᠨ ᠢᠷᠡᠬᠦ ᠵᠠᠮ ᠵᠠᠭᠤᠷ᠎ᠠ ᠮᠠᠯᠴᠢᠨ ᠠᠶᠢᠯ ᠵᠤᠭᠠᠴᠠᠯ ᠤᠨ ᠴᠡᠭ ᠢᠶᠠᠷ | ᠦᠡᠭᠬᠡᠷᠡᠬᠦ ᠳᠤ ᠳᠤᠰ ᠬᠤᠰᠢᠭᠤᠨ ᠤ ᠤᠬᠠᠭᠤᠯᠬᠤ ᠬᠡᠯᠳᠡᠰ ᠲᠤ ᠠᠯᠪᠠ ᠲᠠᠢ ᠤᠳᠤᠨᠴᠡᠴᠡᠭ᠄ ︽ᠮᠠᠯᠴᠢᠨ ᠠᠶᠢᠯ | ᠵᠤᠭᠠᠴᠠᠯ ᠤᠨ ᠴᠡᠭ ᠨᠢ ᠤᠳᠤ ᠪᠤᠯᠬᠤ ᠳᠤ 124 ᠪᠤᠯᠤᠨ ᠬᠦᠭᠵᠢᠵᠡᠢ︾ ᠬᠡᠵᠦ ᠬᠡᠯᠡᠭᠰᠡᠨ ᠢ ᠨᠢ ᠡᠷᠬᠢᠴᠡᠬᠦᠯᠪᠡ᠃ | ᠪᠢᠳᠡ ᠵᠠᠯᠭᠠᠭᠠᠳ ᠶᠡᠭᠡ ᠠᠮᠤᠭᠤᠯᠠᠩ ᠬᠠᠷᠰᠢ ᠵᠦᠭ ᠳᠤᠪᠳᠤᠯᠪᠠ᠃ ᠶᠡᠭᠡ ᠠᠮᠤᠭᠤᠯᠠᠩ ᠬᠠᠷᠰᠢ ᠪᠤᠯ | ᠬᠠᠭᠠᠨ ᠤᠷᠳᠦᠨ ᠤ ᠭᠤᠤᠯ ᠪᠠᠷᠢᠯᠭ᠎ᠠ ᠶᠢᠨ ᠨᠢᠬᠡ᠂ ᠮᠦᠨ ᠴᠦ ᠱᠠᠩᠳᠦ ᠨᠡᠶᠢᠰᠯᠡᠯ ᠤᠨ ᠭᠤᠤᠯ ᠪᠡᠯᠬᠡ ᠳᠡᠮᠳᠡᠭ᠃ | ᠡᠷᠳᠡᠨ ᠤ ᠪᠢᠴᠢᠭ ᠲᠤ ︽ᠳᠡᠭᠷᠢ ᠶᠢ ᠪᠠᠭᠠᠨᠠᠳᠠᠭᠰᠠᠨ ᠤᠷᠳᠤᠳ᠂ ᠳᠡᠬᠡᠳᠦ ᠨᠡᠶᠢᠰᠯᠡᠯ ᠢ ᠴᠢᠮᠡᠭᠯᠡᠷᠦᠨ᠂ ᠳᠦᠷᠦ | ᠬᠦᠷᠦᠨ ᠤ ᠠᠮᠤᠭᠤᠯᠠᠩ ᠬᠠᠷᠰᠢ᠂ ᠳᠡᠬᠦᠨ ᠤ ᠳᠤᠮᠳᠠ ᠰᠦᠷᠯᠢᠭ︾ ᠬᠡᠮᠡᠵᠡᠢ᠃ ᠤᠯᠤᠰ ᠤᠨ ᠬᠠᠭᠠᠳ ᠤᠨ ᠤᠷᠤ | ᠵᠠᠯᠭᠠᠮᠵᠢᠯᠠᠨ ᠰᠠᠭᠤᠷᠢᠨ ᠳᠤ ᠰᠠᠭᠤᠬᠤ ᠳᠦᠷᠦ ᠶᠢᠨ ᠶᠡᠭᠡ ᠶᠤᠰᠤᠯᠡᠯ᠂ ᠡᠵᠡᠨ ᠳᠦᠰᠢᠮᠡᠳ ᠤᠨ ᠵᠤᠯᠭᠠᠯᠳᠠ᠂ | ᠨᠡᠶᠢᠷ ᠬᠤᠷᠢᠮ ᠢ ᠪᠦᠷ ᠶᠡᠭᠡ ᠠᠮᠤᠭᠤᠯᠠᠩ ᠬᠠᠷᠰᠢ ᠳᠤ ᠦᠪᠡᠳᠡᠭᠰᠢ ᠶᠡᠬᠡᠪᠡᠷ ᠬᠢᠳᠡᠭ ᠪᠠᠶᠢᠭᠰᠠᠨ᠃ ᠤᠳᠤ | ᠠᠳᠡ ᠪᠠᠭᠤᠷᠢ ᠪᠠᠨ ᠰᠠᠬᠢᠭᠰᠠᠨ ᠰᠠᠭᠤᠷᠢ ᠶᠢᠨ ᠬᠡᠳᠦᠬᠡᠨ ᠴᠢᠯᠠᠭᠤ ᠯᠠ ᠪᠠᠶᠢᠬᠤ ᠠᠴᠠ ᠪᠤᠰᠤᠳ ᠶᠡᠭᠡ ᠳᠡᠦᠬᠡ ᠶᠢ | ᠦᠬᠦᠯᠡᠴᠢᠬᠡᠮᠡᠷ ᠵᠦᠢᠯ ᠦᠯᠡᠳᠡᠭᠰᠡᠨ ᠦᠬᠡᠢ ᠨᠢ ᠬᠠᠶᠢᠷᠡᠨ ᠴᠦ ᠶᠤᠮ᠂ ᠬᠠᠶᠢᠯᠠᠮᠠᠷ ᠴᠦ ᠶᠤᠮ᠃ ᠠᠳᠡ | ᠢᠷᠡᠭᠰᠡᠨ ᠬᠦᠮᠦᠨ ᠪᠤᠯᠭᠠᠨ ᠨᠠᠳᠠ ᠰᠢᠭ᠋ ᠤᠮᠤᠭᠳᠤ ᠳᠡᠦᠬᠡ ᠪᠠᠷ ᠪᠠᠭ᠋ᠠᠷᠬᠠᠵᠦ ᠨᠢᠬᠡ᠂ ᠠᠯᠳᠠᠭᠰᠠᠨ ᠳᠡᠦᠬᠡ ᠪᠠᠷ | ᠭᠤᠨᠢᠵᠦ ᠨᠢᠬᠡ ᠦᠵᠡᠬᠦ ᠨᠢ ᠶᠤᠰᠦᠳᠠᠢ ᠬᠡᠮᠡᠨ ᠪᠤᠳᠤᠯ᠎ᠠ᠃ ᠳᠡᠦᠬᠡ ᠪᠠᠷ ᠳᠤᠯᠢ ᠪᠤᠯᠭᠠᠬᠤ ᠨᠢ ᠦᠨᠡᠨ᠃ ᠬᠡᠬᠦ ᠳᠡᠭᠡᠨ | ᠡᠳᠦᠢ ᠵᠡᠷᠬᠡ ᠲᠠᠢ ᠦᠯᠡᠳᠡᠵᠦ ᠬᠤᠴᠤᠷᠤᠭᠰᠠᠨ ᠶᠡᠭᠡ ᠪᠠᠭᠤᠷᠢ ᠪᠠᠨ ᠬᠠᠮᠠᠭᠠᠯᠠᠨ ᠦᠯᠡᠳᠡᠬᠡᠬᠦ᠂ ᠬᠠᠶᠢᠷᠠᠯᠠᠨ | ᠰᠠᠬᠢᠬᠤ ᠨᠢ ᠰᠠᠶ᠋ᠢ ᠪᠢᠳᠡ ᠪᠦᠬᠦᠳᠡ ᠶᠢᠨ ᠪᠤᠳᠤᠯᠭᠠᠰᠢᠷᠠᠬᠤ ᠵᠦᠢᠯ ᠪᠠᠶᠢᠯ᠎ᠠ᠃ 2016 ᠤᠨ ᠳᠤ ᠰᠢᠯᠤᠭᠤᠨ | ᠬᠦᠬᠡ ᠬᠤᠰᠢᠭᠤ ᠨᠢ ᠶᠤᠸᠠᠨ ᠤ ᠳᠡᠬᠡᠳᠦ ᠨᠡᠶᠢᠰᠯᠡᠯ ᠤᠨ ᠪᠠᠭᠤᠷᠢ ᠵᠢᠴᠢ ᠮᠦᠽᠸᠢ᠂ ᠦᠢᠯᠡᠴᠢᠯᠡᠬᠡᠨ ᠤ ᠭᠠᠵᠠᠷ ᠢ | ᠨᠡᠬᠡᠬᠡᠨ ᠠᠰᠢᠡᠡᠯᠠᠬᠤ ᠳᠦᠷᠦᠯ ᠵᠦᠢᠯ ᠤᠨ ᠪᠦᠳᠦᠬᠡᠨ ᠪᠠᠶᠢᠭᠤᠯᠤᠯᠳᠠ ᠪᠠᠨ ᠰᠠᠶᠢᠳᠦᠷ ᠬᠢᠵᠦ᠂ ᠳᠡᠬᠦᠨ ᠤ | ᠳᠤᠭᠤᠷᠢᠨ ᠳᠠᠬᠢ ᠰᠤᠶᠤᠯ ᠵᠤᠭᠠᠴᠠᠯ ᠤᠨ ᠠᠵᠦ ᠦᠢᠯᠡᠰ ᠤᠨ ᠬᠦᠷᠢᠶᠡᠯᠡᠩ ᠢ ᠪᠠᠶᠢᠭᠤᠯᠬᠤ ᠪᠠᠷ ᠨᠢᠬᠡᠨᠳᠡ | ᠦᠪᠡᠷᠳᠡᠬᠡᠨ ᠵᠠᠰᠠᠬᠤ ᠤᠷᠤᠨ ᠤ ᠤᠬᠠᠭᠤᠯᠬᠤ ᠬᠡᠯᠳᠡᠰ ᠢᠶᠠᠷ ᠰᠢᠬᠦᠨ ᠰᠢᠯᠭᠠᠷᠠᠭᠤᠯᠵᠡᠢ᠃ ᠵᠠᠰᠠᠭ ᠤᠨ | ᠤᠷᠳᠦᠨ ᠤ ᠪᠡᠯᠡ ᠤᠷᠤᠭᠤᠯᠤᠯᠳᠠ ᠲᠠᠢ ᠪᠠᠷ ︵ᠶᠡᠷᠦᠩᠬᠡᠢ ᠪᠡᠯᠡ ᠤᠷᠤᠭᠤᠯᠤᠯᠳᠠ 5000 ᠳᠦᠮᠡ᠂ | ᠡᠬᠦᠨ ᠳᠤ ᠮᠠᠯᠴᠢᠳ ᠤᠨ ᠦᠪᠡᠷᠳᠡᠬᠡᠨ ᠴᠤᠭᠯᠠᠭᠤᠯᠤᠭᠰᠠᠨ ᠪᠡᠯᠡ ᠮᠦᠡᠭᠬᠦ ᠨᠢ 2000 ᠳᠦᠮᠡ︶ ᠶᠤᠸᠠᠨ ᠤ | ᠳᠡᠬᠡᠳᠦ ᠨᠡᠶᠢᠰᠯᠡᠯ ᠤᠨ ᠪᠠᠭᠤᠷᠢ ᠶᠢᠨ ᠰᠤᠶᠤᠯ ᠵᠤᠭᠠᠴᠠᠯ ᠤᠨ ᠠᠵᠦ ᠦᠢᠯᠡᠰ ᠤᠨ ᠬᠦᠷᠢᠶᠡᠯᠡᠩ ᠪᠤᠶᠤ | ᠳᠡᠬᠦᠨ ᠤ ᠤᠢᠢᠷ᠎ᠠ ᠤᠷᠴᠢᠮ ᠢᠶᠠᠷ ᠦᠨᠳᠦᠰᠦᠳᠡᠨ ᠤ ᠵᠠᠩ ᠦᠢᠯᠡ ᠶᠢᠨ ᠪᠡᠶᠡᠳᠡᠨ ᠤᠢᠢᠯᠠᠭᠠᠬᠤ ᠳᠦᠷᠦᠯ | ᠵᠦᠢᠯ ᠢ ᠪᠦᠳᠦᠬᠡᠨ ᠪᠠᠶᠢᠭᠤᠯᠵᠦ᠂ ᠬᠠᠮᠢᠶᠡᠳᠡᠢ ᠭᠠᠵᠠᠷ ᠤᠷᠤᠨ ᠤ ᠵᠠᠮ᠂ ᠴᠠᠬᠢᠯᠭᠠᠨ᠂ ᠳᠡᠷᠬᠡᠨ ᠵᠤᠭᠰᠤᠭᠠᠯ᠂ | ᠶᠠᠪᠤᠭᠤᠯ ᠤᠨ ᠵᠡᠮ ᠱᠤᠭᠤᠮ ᠵᠡᠷᠬᠡ ᠶᠢ ᠨᠢᠬᠡᠳᠦᠯᠳᠡᠢ ᠳᠡᠬᠦᠯᠳᠡᠷᠵᠢᠬᠦᠯᠤᠨ᠂ ᠮᠠᠯᠴᠢᠳ ᠤᠨ ᠳᠤᠰᠬᠠᠢᠢᠯᠠᠨ | ᠰᠠᠭᠤᠷᠢᠰᠢᠵᠦ ᠡᠵᠡᠩᠨᠡᠬᠦ ᠨᠦᠬᠦᠴᠡᠯ ᠢ ᠪᠦᠷᠢᠯᠳᠦᠬᠦᠯᠵᠦ᠂ ᠪᠦᠬᠦ ᠬᠤᠰᠢᠭᠤᠨ ᠤ ᠵᠤᠭᠠᠴᠠᠯ ᠤᠨ ᠴᠡᠭ ᠤᠨ | ᠬᠦᠯᠢᠶᠡᠨ ᠠᠪᠤᠯᠳᠠ᠂ ᠦᠢᠯᠡᠴᠢᠯᠡᠬᠡᠨ ᠤ ᠬᠢᠷᠢ ᠳᠦᠪᠰᠢᠨ ᠢᠶᠠᠨ ᠪᠦᠬᠦ ᠳᠠᠯ᠎ᠠ ᠪᠠᠷ ᠳᠡᠬᠡᠭᠰᠢᠯᠡᠬᠦᠯᠬᠦ ᠪᠠᠷ | ᠴᠢᠷᠮᠠᠶᠢᠵᠦ ᠪᠤᠢ ᠠᠵᠢ᠃ | ᠡᠳᠡᠬᠡᠷ ᠠᠵᠢᠯ ᠪᠤᠯ ᠦᠨᠡᠨᠳᠡᠬᠡᠨ ᠪᠢᠳᠡᠨ ᠤ ᠦᠦᠬᠡ ᠳᠡᠦᠬᠡ ᠪᠠᠨ ᠦᠪᠯᠡᠨ ᠦᠯᠡᠳᠡᠬᠡᠬᠦ᠂ ᠡᠷᠬᠢᠨ | ᠳᠤᠩᠭᠠᠬᠤ᠂ ᠳᠡᠬᠦᠨ ᠢᠶᠠᠷ ᠤᠷᠤᠭᠰᠢ ᠳᠠᠪᠰᠢᠬᠤ ᠶᠢᠨ ᠬᠦᠳᠡᠯᠬᠡᠬᠦ ᠬᠦᠴᠦᠨ ᠢᠶᠠᠨ ᠪᠤᠯᠭᠠᠬᠤ ᠬᠡᠰᠡᠨ᠂ ᠪᠠᠶᠢᠭ᠎ᠠ | ᠶᠠᠭᠤᠮᠠᠰ ᠢᠶᠠᠨ ᠤᠯᠠᠮ ᠰᠠᠶᠢᠬᠠᠨ ᠪᠠᠶᠢᠯᠭᠠᠬᠤ ᠬᠡᠰᠡᠨ ᠬᠦᠰᠡᠯ ᠮᠦᠷᠦᠬᠡᠳᠦᠯ ᠪᠤᠯᠬᠤ ᠪᠦᠬᠡᠳ᠂ ᠮᠦᠨ ᠴᠦ | ᠳᠤᠬᠠᠢ ᠶᠢᠨ ᠤᠷᠤᠨ ᠤ ᠠᠮᠢ ᠠᠬᠤᠢ ᠶᠢᠨ ᠪᠠᠶᠢᠭᠠᠯᠢᠯᠢᠭ ᠳᠦᠷᠬᠦ ᠶᠢ ᠬᠠᠮᠠᠭᠠᠯᠠᠬᠤ᠂ ᠠᠵᠦ ᠦᠢᠯᠡᠰ ᠤᠨ ᠦᠷᠨᠢᠬᠦᠨ | ᠬᠦᠭᠵᠢᠯᠳᠡ ᠶᠢ ᠪᠡᠶᠡᠯᠡᠬᠦᠯᠬᠦ ᠶᠡᠭᠡ ᠦᠢᠯᠡ᠂ ᠮᠤᠨᠳᠠᠭ ᠠᠵᠢᠯ ᠪᠠᠶᠢᠯ᠎ᠠ᠃ | ᠪᠢᠳᠡ ᠬᠤᠶᠡᠷ ᠨᠢᠬᠡ ᠯᠡ ᠮᠡᠳᠡᠬᠦ ᠳᠤ ᠬᠤᠶᠡᠷ ᠴᠠᠭ ᠭᠠᠷᠦᠢ ᠳᠤᠭᠤᠷᠢᠴᠢᠬᠠᠭᠰᠠᠨ ᠪᠠᠶᠢᠵᠠᠢ᠃ | ᠡᠷᠳᠡᠨ ᠤ ᠮᠤᠩᠭᠤᠯ ᠠᠷᠡᠳ ᠤᠨ ᠳᠠᠭᠤᠤ ᠳᠤ᠄ | ︽ᠡᠷᠳᠡᠨ ᠤ ᠬᠠᠭᠠᠳ ᠤᠨ ᠵᠤᠰᠠᠯᠠᠩ / ᠱᠠᠩᠳᠦ ᠶᠢᠨ ᠰᠢᠷ᠎ᠠ ᠳᠠᠯ᠎ᠠ ᠮᠢᠨᠢ / ᠡᠷᠬᠡᠯᠡᠨ ᠵᠢᠷᠭᠠᠬᠤ ᠳᠤ | ᠰᠡᠷᠢᠬᠦᠨ ᠰᠠᠶᠢᠬᠠᠨ / ᠱᠠᠩᠳᠦ ᠬᠡᠶᠢᠪᠤᠩ ᠪᠠᠯᠭᠠᠰᠦᠨ ᠮᠢᠨᠢ︾ ᠬᠡᠵᠦ ᠪᠠᠶᠢᠳᠠᠭ᠃ | ᠬᠡᠳᠦ᠋ᠢᠪᠡᠷ ᠡᠨᠡ ᠡᠷᠳᠡᠨ ᠤ ᠳᠠᠭᠤᠤ ᠶᠢ ᠮᠡᠳᠡᠬᠦ ᠦᠬᠡᠢ ᠴᠦ ᠬᠡᠰᠡᠨ ᠭᠠᠨᠵᠤᠭ᠎ᠠ ᠨᠡᠶᠢᠯᠡᠨ ᠵᠠᠮᠴᠢᠯᠠᠭᠴᠢ | ᠪᠤᠯᠤᠭᠰᠠᠨ ᠷᠢ᠊ · ᠰᠡᠴᠡᠨᠴᠤᠭᠳᠦ ᠠᠬ᠎ᠠ ᠶᠢᠨ ᠦᠬᠡ ᠪᠠᠷ ᠪᠡᠶᠡᠯᠡᠭᠰᠠᠨ ︽ᠬᠤᠪᠢᠯᠠᠢ ᠬᠠᠭᠠᠨ︾ ᠬᠡᠮᠡᠬᠦ | ᠳᠠᠭᠤᠤ ᠶᠢ ᠠᠶᠠᠯᠤᠭᠰᠠᠭᠠᠷ ᠱᠠᠩᠳᠦ ᠬᠤᠳᠠ ᠠᠴᠠ ᠪᠠᠨ ᠠᠶᠠᠨ ᠤ ᠵᠢᠯᠤᠭᠤ ᠡᠷᠬᠢᠬᠦᠯᠦᠭᠰᠡᠨ ᠶᠤᠮᠰᠠᠨ᠃ | ᠬᠠᠷᠢᠨ᠂ ᠳᠠᠷᠠᠭ᠎ᠠ ᠵᠢᠯ ᠪᠤᠶᠤ ᠠᠯᠳᠠᠩᠬᠤᠸ᠎ᠠ ᠴᠡᠴᠡᠭ ᠳᠡᠯᠬᠡᠷᠡᠬᠦ ᠴᠠᠭ ᠢᠶᠠᠷ ᠠᠬᠢᠭᠠᠳ ᠢᠷᠡᠨ᠎ᠠ ᠬᠡᠮᠡᠨ | ᠰᠢᠢᠳᠦᠯ᠎ᠠ᠃ | | | | |